ᠤᠷᠠᠨ ᠵᠢᠷᠤᠭ ᠢᠶᠠᠷ ᠰᠡᠳᠬᠢᠯ ᠢᠶᠠᠨ ᠬᠦᠪᠴᠢᠯᠡᠭᠰᠡᠨ ᠵᠢᠷᠭᠠᠯᠲᠤ ᠠᠮᠢᠳᠤᠷᠠᠯ
ᠨᠡᠶᠢᠲᠡᠯᠡᠭᠰᠡᠨ ᠴᠠᠭ᠄
2024/9/3

       ᠨᠢᠭᠡ ᠰᠠᠶᠢᠬᠠᠨ ᠬᠠᠯᠠᠭᠤᠨ ᠲᠤᠯᠠᠭᠠᠨ ᠭᠡᠷ ᠪᠦᠯᠢ ᠶᠢᠨ ᠠᠮᠢᠳᠤᠷᠠᠯ ᠦᠢᠯᠡᠰ ᠤᠨ ᠵᠢᠷᠤᠭ ᠲᠦᠷᠬᠦ ᠪᠢᠳᠡᠨ ᠤ ᠬᠠᠷᠠᠭᠠᠨ ᠳᠤ ᠢᠡᠭᠬᠢᠵᠦ ᠡᠭᠡᠯᠢᠲᠡᠶᠢᠬᠡᠨ

ᠲᠤᠳᠤᠷᠠᠯ᠎ᠠ︕ ᠠᠪᠤ ᠡᠵᠢ ᠬᠦᠤ ᠭᠤᠷᠪᠠᠭᠤᠯᠠ ᠪᠠᠨ ᠠᠷᠪᠠᠨ ᠲᠦᠷᠪᠡᠳᠦᠭᠡᠷ ᠬᠤᠭᠤᠴᠠᠭᠠᠨ ᠤ ᠪᠦᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ

ᠦᠯᠵᠡᠢ ᠪᠡᠯᠭᠡᠲᠤ ᠬᠡᠤᠬᠡᠯᠲᠡᠢ ᠪᠤᠯᠬᠤ ᠬᠦᠦ ᠬᠡᠤᠬᠡᠯᠲᠡᠢ ᠠᠨᠳᠠ ᠪᠤᠯᠤᠨ ᠦᠬᠢᠨ ᠬᠡᠤᠬᠡᠯᠲᠡᠢ ᠰᠠᠶᠢᠨᠤ ᠬᠤᠶᠡᠷ ᠢ ᠵᠢᠷᠤᠵᠦ ᠶᠠᠭᠠᠷᠠᠵᠠᠭᠠᠨ᠎ᠠ︕ ᠡᠨᠡ ᠬᠠᠯᠠᠭᠤᠨ

ᠲᠤᠯᠠᠭᠠᠨ ᠭᠡᠷ ᠪᠦᠯᠢ ᠪᠤᠯ ︽ᠠᠯᠲᠠᠨᠭᠡᠷᠡᠯ︾ ᠰᠤᠶᠤᠯ ᠤᠷᠠᠯᠢᠭ ᠤᠨ ᠠᠵᠢᠯᠯᠠᠬᠤ ᠦᠷᠦᠭᠡᠨ ᠤ ᠡᠵᠡᠨᠲᠡᠨ᠂ ᠠᠷᠠᠰᠤᠨ ᠰᠡᠶᠢᠯᠦᠮᠡᠯᠴᠢᠨ ᠰᠢᠨ ᠶᠢᠨ ᠯᠢᠶᠠᠩ ᠤᠨ ᠬᠢᠨ

ᠪᠤᠯᠤᠨ᠎ᠠ᠃ ᠰᠡᠳᠬᠢᠯ ᠲᠡᠭᠡᠨ ᠤᠯᠤᠰ ᠤᠷᠤᠨ ᠢᠶᠠᠨ ᠪᠠᠭᠲᠠᠭᠠᠵᠦ᠂ ᠵᠢᠷᠦᠭᠡᠨ ᠲᠡᠭᠡᠨ ᠨᠤᠲᠤᠭ ᠤᠰᠤ ᠪᠠᠷ ᠢᠶᠠᠨ ᠤᠮᠤᠠᠠᠰᠢᠵᠦ ᠪᠠᠭ᠋ᠠᠷᠬᠠᠠᠠᠰᠠᠨ ᠰᠡᠳᠬᠢᠯᠭᠡ ᠪᠠᠨ ᠡᠶᠢᠨᠬᠦ

ᠠᠷᠠᠰᠤᠨ ᠲᠡᠭᠡᠷ᠎ᠡ ᠤᠷᠠᠯᠠᠨ ᠵᠢᠷᠤᠵᠦ᠂ ᠤᠷᠠᠨ ᠭᠠᠷ ᠤᠨ ᠡᠷᠳᠡᠮ ᠢᠶᠠᠷ ᠢᠶᠠᠨ ᠲᠡᠮᠵᠢᠭᠤᠯᠤᠨ ᠤᠷᠠᠯᠢᠭ ᠤᠨ ᠪᠦᠲᠦᠭᠡᠯ ᠪᠤᠯᠭᠠᠨ ᠦᠵᠡᠭᠴᠢ ᠲᠦᠮᠡᠨ ᠳᠤ

ᠲᠤᠯᠢᠯᠠᠭᠤᠯᠵᠦ ᠪᠠᠶᠢᠭ᠎ᠠ ᠨᠢ ᠡᠨᠡ ᠪᠢᠯᠡ︕ ᠰᠢᠨ ᠶᠢᠨ ᠯᠢᠶᠠᠩ  2016 ᠤᠨ ᠳᠤ ᠬᠤᠰᠢᠭᠤᠨ ᠤ ᠦᠨᠳᠤᠰᠤᠲᠡᠨ ᠤ ᠰᠤᠶᠤᠯ ᠤᠨ ᠠᠵᠦ ᠦᠢᠯᠡᠰ ᠤᠨ ᠦᠢᠯᠡᠰ

ᠪᠤᠰᠬᠠᠬᠤ ᠬᠦᠷᠢᠶᠡᠯᠡᠩ ᠳᠤ ᠲᠤᠰ ᠠᠵᠢᠯ ᠤᠨ ᠦᠷᠦᠭᠡ ᠪᠠᠨ ᠪᠠᠶᠢᠭᠤᠯᠤᠭᠰᠠᠨ ᠠᠴᠠ ᠤᠳᠤ ᠳᠤ ᠬᠦᠷᠲᠡᠯ᠎ᠡ ᠠᠷᠪᠠᠭᠠᠳ ᠵᠢᠯ ᠤᠨ ᠨᠢᠭᠤᠷ ᠢ ᠦᠵᠡᠵᠦ ᠪᠤᠢ᠃

      ᠭᠤᠤᠯᠳᠠᠭᠤ ᠠᠷᠠᠰᠤᠨ ᠰᠡᠶᠢᠯᠤᠮᠡᠯ᠂ ᠤᠷᠠᠨ ᠪᠢᠴᠢᠯᠭᠡ᠂ ᠲᠤᠮᠤ ᠬᠡᠯᠪᠡᠷᠢ ᠶᠢᠨ ᠬᠦᠳᠤᠬᠦᠷ ᠰᠡᠶᠢᠯᠤᠮᠡᠯ᠂ ᠦᠨᠳᠤᠰᠤᠲᠡᠨ ᠤ ᠤᠨᠴᠠᠯᠢᠭᠲᠤ ᠭᠠᠷ ᠤᠷᠠᠯᠠᠯ ᠤᠨ

ᠪᠤᠳᠠᠰ ᠵᠡᠷᠭᠡ ᠶᠢ ᠬᠡᠷᠡᠭᠯᠡᠭᠴᠢᠳ ᠤᠨ ᠱᠠᠭᠠᠷᠳᠠᠯᠭ᠎ᠠ ᠳᠤ ᠬᠠᠨᠳᠤᠭᠤᠯᠤᠨ ᠵᠠᠬᠢᠶᠠᠯᠠᠭ᠎ᠠ ᠪᠠᠷ ᠪᠤᠷᠤᠯᠠᠭᠤᠯᠵᠦ ᠪᠤᠢ᠃ 2020 ᠤᠨ ᠳᠤ ᠲᠡᠭᠡᠲᠤ ᠱᠠᠲᠤᠨ ᠠᠴᠠ

ᠤᠯᠭᠤᠭᠰᠠᠨ ︽ᠠᠪᠢᠶᠠᠰᠤᠯᠢᠭ ᠡᠵᠢ︾ ᠶᠢᠨ ᠡᠷᠬᠢᠮ ᠠᠯᠳᠡᠷ ᠢ ᠵᠡᠭᠦᠵᠦ᠂ ᠦᠪᠦᠷ ᠮᠤᠩᠭᠤᠯ ᠤᠨ ᠠᠷᠠᠰᠤᠨ ᠰᠡᠶᠢᠯᠤᠮᠠᠯ ᠤᠨ ︽ᠲᠠᠭᠠᠭᠤᠯᠤᠭᠴᠢ︾ ᠪᠠᠷ ᠴᠤᠯᠠᠯᠬᠠᠳᠠᠨ᠂

2022 ᠤᠨ ᠳᠤ ᠤᠯᠤᠰ ᠤᠨ ᠲᠠᠰ ᠤᠨ ᠤᠷ᠎ᠠ ᠮᠡᠷᠭᠡᠵᠢᠯ ᠤᠨ ᠲᠤᠮᠤ ᠪᠠᠭᠰᠢ ᠪᠠᠷ ᠦᠨᠡᠯᠡᠭᠳᠡᠵᠡᠢ᠃

ᠢᠷᠡᠯᠲᠡ᠄ ᠠᠷᠠᠳ ᠤᠨ ᠰᠦᠯᠵᠢᠶ᠎ᠠ