| | ᠪᠠᠷᠢᠶ᠎ᠠ ᠬᠢᠬᠦ ᠭᠡᠳᠡᠭ ᠪᠣᠯ ᠤᠷᠭᠤᠮᠠᠯ ᠤᠨ ᠬᠠᠯᠢᠰᠤ | ᠪᠤᠶᠤ ᠠᠮᠢᠲᠠᠨ ᠤ ᠪᠠᠭᠠᠰᠤ᠂ ᠴᠢᠯᠠᠭᠤ ᠶᠢᠨ ᠵᠦᠢᠯ᠂ ᠬᠦᠵᠢ | ᠵᠡᠷᠭᠡ ᠶᠢ ᠦᠢᠯᠡᠳᠴᠤ᠂ ᠡᠮ ᠲᠠᠢ ᠬᠤᠯᠢᠵᠤ ᠬᠠᠯᠠᠭᠤᠨ ᠵᠢᠩ | ᠲᠠᠯᠪᠢᠬᠤ ᠵᠠᠰᠠᠯᠭ᠎ᠠ ᠶᠢ ᠵᠢᠭᠠᠵᠤ ᠪᠤᠢ᠃ | ᠮᠤᠩᠭᠤᠯ ᠡᠮᠨᠡᠯᠭᠡ ᠶᠢᠨ ᠪᠠᠷᠢᠶ᠎ᠠ ᠶᠢᠨ ᠵᠠᠰᠠᠯᠭ᠎ᠠ ᠳᠤ | ᠴᠠᠭᠠᠨ ᠪᠠᠷᠢᠶ᠎ᠠ᠂ ᠪᠤᠷᠤ ᠪᠠᠷᠢᠶ᠎ᠠ ᠪᠤᠢ᠃ ᠴᠠᠭᠠᠨ | ᠪᠠᠷᠢᠶ᠎ᠠ ᠨᠢ ᠪᠤᠭᠤᠲᠠᠢ ᠶᠢᠨ ᠬᠠᠯᠢᠰᠤ᠂ ᠲᠡᠮᠡᠭᠡᠨ | ᠬᠢᠷᠭᠤᠤᠯ ᠤᠨ ᠦᠨᠡᠰᠦ᠂ ᠴᠢᠯᠠᠭᠤᠨ ᠨᠡᠬᠦᠷᠡᠰᠦ᠂ ᠬᠦᠵᠢ | ᠲᠡᠷᠢᠬᠦᠳᠡᠨ ᠢ ᠡᠮ ᠲᠠᠢ ᠵᠤᠬᠢᠴᠠᠭᠤᠯᠤᠨ ᠨᠠᠶᠢᠷᠠᠭᠤᠯᠵᠤ | ᠲᠤᠭᠤᠭᠠᠨ ᠳᠤ ᠬᠢᠵᠤ ᠰᠠᠶᠢᠳᠤᠷ ᠬᠠᠯᠠᠭᠠᠭᠠᠳ᠂ ᠪᠦᠰ | ᠤᠭᠤᠲᠠᠨ ᠳᠤ ᠰᠠᠪᠠᠯᠠᠵᠤ᠂ ᠬᠠᠯᠠᠭᠤᠨ ᠢᠶᠠᠷ ᠨᠢ | ᠡᠪᠡᠳᠴᠢᠲᠡᠨ ᠤ ᠡᠪᠡᠳᠴᠤ ᠪᠠᠶᠢᠭ᠎ᠠ ᠭᠠᠵᠠᠷ ᠲᠤ ᠨᠢ ᠲᠠᠯᠪᠢᠬᠤ | ᠪᠤᠶᠤ ᠲᠡᠭᠡᠷ᠎ᠡ ᠨᠢ ᠰᠠᠭᠤᠯᠭᠠᠵᠤ ᠲᠤᠭᠲᠠᠭᠰᠠᠨ ᠴᠠᠭ | ᠬᠦᠷᠲᠡᠯ᠎ᠡ ᠵᠠᠰᠠᠳᠠᠭ᠂ ᠡᠨᠡᠬᠦ ᠵᠠᠰᠠᠯᠭ᠎ᠠ ᠶᠢᠨ ᠲᠠᠭᠠᠤ | ᠬᠤᠷᠢᠨ ᠨᠢᠭᠡᠨ ᠡᠳᠦᠷ ᠤᠨ ᠵᠠᠰᠠᠯ ᠤᠨ ᠡᠮ ᠤᠤᠭᠤᠯᠭᠠᠵᠤ | ᠵᠠᠰᠠᠬᠤ ᠶᠢ ᠬᠡᠯᠡᠨ᠎ᠡ᠃ | ᠪᠤᠷᠤ ᠪᠠᠷᠢᠶ᠎ᠠ ᠭᠡᠳᠡᠭ ᠪᠣᠯ ᠡᠪᠡᠳᠴᠢᠲᠡᠨ ᠢ ᠮᠠᠯ ᠤᠨ | ᠬᠠᠯᠠᠭᠤᠨ ᠰᠠᠪᠡᠰᠦᠨ ᠲᠡᠭᠡᠷ᠎ᠡ ᠰᠠᠭᠤᠯᠭᠠᠵᠤ ᠵᠠᠰᠠᠬᠤ ᠶᠢ | ᠬᠡᠯᠡᠵᠤ ᠪᠤᠢ᠃ ᠮᠠᠯ ᠢ ᠠᠯᠠᠮᠠᠭᠴᠠ ᠲᠠᠷᠤᠢ ᠬᠦᠵᠡᠭᠡ ᠶᠢ ᠨᠢ | ᠰᠡᠪᠡᠰᠦ ᠲᠠᠢ ᠨᠢ ᠭᠠᠷᠭᠠᠵᠤ ᠠᠪᠤᠭᠠᠳ ᠲᠤᠳᠤᠷ᠎ᠠ ᠨᠢ ᠡᠮ ᠤᠨ | ᠵᠦᠢᠯ ᠢ ᠵᠤᠬᠢᠴᠠᠭᠤᠯᠤᠨ ᠬᠢᠵᠤ ᠬᠤᠯᠢᠭᠠᠳ ᠲᠡᠭᠡᠷ᠎ᠡ ᠨᠢ | ᠡᠪᠡᠳᠴᠢᠲᠡᠨ ᠢ ᠵᠠᠶᠢᠳᠠᠯᠠᠭᠤᠯᠤᠨ ᠰᠠᠭᠤᠯᠭᠠᠵᠤ ᠰᠡᠪᠡᠰᠦᠨ ᠤ | ᠬᠠᠯᠠᠭᠤᠨ ᠢᠶᠠᠷ ᠡᠪᠡᠳᠴᠢᠨ ᠵᠠᠰᠠᠬᠤ ᠶᠢ ᠵᠢᠭᠠᠵᠤ ᠪᠤᠢ᠃ | ᠡᠬᠦᠨ ᠢ ᠮᠤᠩᠭᠤᠯ ᠡᠮᠨᠡᠯᠭᠡ ᠳᠤ ᠬᠦᠬᠦᠬᠦᠯᠭᠡ ᠶᠢᠨ | ᠵᠠᠰᠠᠯᠭ᠎ᠠ ᠭᠡᠳᠡᠭ᠃ ᠡᠪᠡᠳᠴᠢᠲᠡᠨ ᠢ ᠡᠨᠡ ᠮᠡᠳᠦ ᠰᠡᠪᠡᠰᠦᠨ ᠳᠤ | ᠰᠠᠭᠤᠯᠭᠠᠵᠤ ᠵᠠᠰᠠᠬᠤ ᠶᠢᠨ ᠬᠠᠮᠳᠤ ᠮᠥᠨ ᠴᠦ ᠬᠤᠷᠢᠨ ᠨᠢᠭᠡᠨ | ᠡᠳᠦᠷ ᠤᠨ ᠵᠠᠰᠠᠯ ᠤᠨ ᠡᠮ ᠤᠤᠭᠤᠬᠤ ᠪᠠ ᠴᠡᠭᠡᠷ ᠬᠢᠬᠦ ᠶᠤᠰᠤᠲᠠᠢ | ᠪᠠᠶᠢᠳᠠᠭ᠃ | ᠡᠮᠡᠭᠳᠠᠶᠢᠴᠤᠳ ᠤᠨ ᠡᠩ ᠤᠨ ᠦᠶ᠎ᠡ ᠶᠢᠨ ᠡᠷᠡᠬᠦᠯ | ᠬᠠᠮᠠᠭᠠᠯᠠᠯ ᠮᠠᠭᠤ᠂ ᠲᠤᠳᠤᠷ᠎ᠠ ᠦᠮᠦᠳᠤ ᠴᠡᠪᠡᠷ ᠪᠤᠰᠤ᠂ | ᠬᠤᠷᠢᠴᠠᠯ ᠬᠡᠳᠦᠷᠡᠭᠰᠡᠨ᠂ ᠰᠠᠷ᠎ᠠ ᠳᠤ ᠰᠠᠭᠤᠵᠤ ᠴᠡᠭᠡᠷ | ᠠᠯᠳᠠᠭᠰᠠᠨ᠂ ᠬᠦᠨᠳᠦ ᠭᠦᠴᠢᠷ ᠠᠵᠢᠯ ᠲᠤᠬᠢᠶᠠᠯᠳᠤᠭᠰᠠᠨ᠂ | ᠲᠠᠭᠠᠷᠠᠵᠤ ᠬᠦᠷᠦᠭᠰᠡᠨ ᠠᠴᠠ ᠵᠢᠩ ᠴᠢᠬᠢᠭ ᠲᠤ ᠠᠪᠲᠠᠭᠳᠠᠭᠰᠠᠨ | ᠵᠡᠷᠭᠡ ᠰᠢᠯᠲᠠᠭᠠᠨ ᠠᠴᠠ ᠪᠤᠯᠵᠤ ᠦᠨᠳᠡᠭᠡᠪᠴᠢ ᠶᠢᠨ | ᠲᠤᠳᠤᠭᠠᠳᠤ ᠨᠦᠬᠦᠴᠡᠯ ᠲᠠᠢ ᠬᠢᠮᠤᠷᠠᠭᠰᠠᠨ ᠢᠶᠠᠷ ᠰᠠᠷ᠎ᠠ ᠶᠢᠨ | ᠭᠬᠢᠷ ᠲᠡᠭᠰᠢ ᠪᠤᠰᠤ᠂ ᠤᠯᠠᠭᠠᠨ ᠴᠠᠭᠠᠨ ᠢᠶᠠᠷ ᠪᠠᠭᠤᠯᠭᠠᠵᠤ | ᠢᠳᠡᠭᠡ ᠨᠦᠵᠢ ᠭᠠᠷᠬᠤ ᠪᠤᠶᠤ ᠦᠮᠡᠭᠡᠢ ᠦᠨᠦᠷ ᠲᠠᠢ ᠰᠢᠷ᠎ᠠ | ᠦᠩᠭᠡ ᠲᠠᠢ ᠪᠤᠯᠵᠤ ᠴᠠᠭ ᠪᠤᠰᠤ ᠪᠠᠷ ᠴᠤᠪᠤᠷᠠᠬᠤ᠂ ᠤᠭᠤᠴᠠ | ᠨᠢᠷᠤᠭᠤ ᠪᠠᠷ ᠡᠪᠡᠳᠬᠦ ᠬᠦᠰᠢᠬᠦ᠂ ᠬᠤᠶᠠᠷ ᠴᠠᠪᠢ ᠶᠢᠨ | ᠬᠤᠩᠬᠤᠷ ᠢᠶᠠᠷ ᠲᠠᠲᠠᠯᠳᠤᠬᠤ᠂ ᠲᠠᠰᠢᠶ᠎ᠠ ᠪᠠᠷ ᠴᠢᠷᠦᠭᠳᠡᠬᠦ | ᠴᠢᠨᠦᠷᠡᠬᠦ᠂ ᠬᠤᠶᠠᠷ ᠭᠤᠶ᠎ᠠ ᠶᠢᠨ ᠲᠤᠳᠤᠷ᠎ᠠ ᠪᠤᠯᠴᠢᠩ | ᠲᠠᠲᠠᠯᠳᠤᠬᠤ᠂ ᠲᠠᠮᠢᠷ ᠲᠡᠩᠭᠡᠬᠡ ᠰᠤᠯᠠᠷᠠᠬᠤ ᠵᠡᠷᠭᠡ | ᠢᠯᠡᠷᠡᠯ ᠲᠠᠢ ᠡᠪᠡᠳᠴᠢᠲᠡᠨ ᠳᠤ ᠲᠤᠬᠢᠷᠠᠨ᠎ᠠ᠃ | ᠪᠤᠷᠤ ᠪᠠᠷᠢᠶ᠎ᠠ ᠶᠢᠨ ᠵᠠᠰᠠᠯᠭ᠎ᠠ ᠬᠢᠬᠦ ᠳᠤ ᠪᠠᠨ | ᠪᠢᠯᠢᠭ ᠤᠨ ᠤᠯᠠᠷᠢᠯ ᠤᠨ ᠬᠠᠪᠤᠷ ᠤᠨ ᠰᠡᠬᠦᠯ ᠰᠠᠷ᠎ᠠ ᠪᠤᠶᠤ | ᠵᠤᠨ ᠤ ᠡᠬᠢᠨ ᠰᠠᠷ᠎ᠠ ᠳᠤ ᠰᠠᠶ᠋ᠢ ᠰᠢᠨ᠎ᠠ ᠨᠤᠭᠤᠭᠠᠨ ᠳᠤ ᠴᠠᠳᠴᠤ | ᠪᠠᠶᠢᠬᠤ ᠡᠷ᠎ᠡ ᠲᠦᠯᠦᠭᠡᠨ ᠬᠤᠨᠢ ᠶᠢ ᠨᠢᠳᠤᠯᠵᠤ ᠮᠠᠰᠢ | ᠲᠦᠷᠭᠡᠨ ᠢᠶᠠᠷ ᠦᠪᠴᠢᠵᠤ ᠬᠦᠵᠡᠭᠡ ᠶᠢ ᠨᠢ ᠭᠠᠷᠭᠠᠵᠤ᠂ | ᠭᠦᠵᠡᠭᠡ ᠲᠠᠢ ᠰᠡᠪᠡᠰᠦ ᠶᠢ ᠨᠢ ᠠᠪᠴᠤ ᠤᠯᠠᠭᠠᠨ | ᠬᠤᠭᠤᠯᠠᠢ ᠶᠢ ᠨᠢ ᠵᠠᠩᠭᠢᠳᠴᠤ ᠠᠮᠠᠰᠠᠷ ᠢ ᠨᠢ | ᠪᠢᠳᠡᠬᠦᠯᠡᠨᠡ᠃ ᠡᠮᠴᠢ ᠡᠨᠡ ᠦᠶ᠎ᠡ ᠳᠤ ᠰᠢᠮᠢᠰᠢᠨ ᠵᠢᠷᠭᠤᠭ᠎ᠠ᠂ | ᠤᠯᠤᠭᠠᠢ ᠶᠢᠨ ᠭᠡᠢ ᠶᠢᠨ ᠠᠷᠪᠠᠨ ᠭᠤᠷᠪᠠ ᠶᠢ ᠨᠢᠭᠡ ᠵᠢᠩ ᠠᠷᠢᠬᠢ | ᠨᠢᠭᠡ ᠵᠢᠩ ᠼᠤᠤ ᠲᠠᠢ ᠪᠤᠴᠠᠯᠭᠠᠵᠤ ᠪᠡᠯᠡᠬᠡᠨ | ᠪᠤᠯᠭᠠᠭᠰᠠᠨ ᠢᠶᠠᠨ ᠬᠦᠵᠡᠭᠡ ᠶᠢᠨ ᠠᠮᠠᠰᠠᠷ ᠢᠶᠠᠷ ᠨᠢ | ᠰᠠᠪᠡᠰᠦᠨ ᠳᠤ ᠬᠤᠯᠢᠵᠤ᠂ ᠠᠮᠠᠰᠠᠷ ᠢ ᠨᠢ ᠤᠯᠤᠰᠤ ᠪᠠᠷ | ᠴᠢᠩᠭ᠎ᠠ ᠪᠤᠭᠤᠵᠤ ᠠᠮᠠ ᠶᠢ ᠨᠢ ᠲᠤᠷᠤᠭᠰᠢ ᠬᠠᠨᠳᠤᠭᠤᠯᠵᠤ | ᠢᠰᠡᠭᠡᠢ ᠲᠡᠪᠢᠰᠭᠡᠷ ᠲᠡᠭᠡᠷ᠎ᠡ ᠲᠠᠯᠪᠢᠨ ᠬᠦᠵᠡᠭᠡ ᠶᠢᠨ ᠬᠤᠶᠠᠷ | ᠮᠤᠬᠤᠷ ᠪᠤᠯᠤᠩ ᠤᠨ ᠬᠤᠭᠤᠷᠤᠨᠳᠤᠬᠢ ᠬᠤᠯᠪᠤᠭᠠᠰᠤ | ᠬᠤᠵᠢᠷᠬᠠᠢ ᠶᠢ ᠨᠢ ᠬᠤᠶᠠᠷ ᠭᠠᠷ ᠢᠶᠠᠷ ᠢᠶᠠᠨ ᠬᠤᠶᠠᠷ | ᠲᠡᠶᠢᠰᠢ ᠨᠢ ᠲᠤᠭᠳᠤᠷᠴᠦ ᠪᠢᠳᠡᠬᠦᠦ ᠪᠠᠷ ᠨᠢ ᠰᠠᠯᠭᠠᠭᠠᠳ | ᠡᠪᠡᠳᠴᠢᠲᠡᠨ ᠢᠶᠠᠨ ᠬᠦᠵᠡᠭᠡᠨ ᠲᠡᠭᠡᠷ᠎ᠡ ᠨᠢ ᠬᠤᠶᠠᠷ | ᠡᠪᠤᠳᠦᠭ ᠢ ᠨᠢ ᠨᠤᠭᠤᠯᠵᠤ ᠰᠠᠭᠤᠯᠭᠠᠭᠠᠳ ᠬᠠᠯᠠᠭᠤᠪᠳᠤᠷ | ᠠᠷᠠᠰᠤ ᠶᠢ ᠨᠢ ᠱᠠᠯᠳᠠᠩ ᠪᠡᠶ᠎ᠡ ᠳᠤᠨᠢ ᠨᠦᠮᠦᠷᠦᠬᠦᠯᠵᠤ᠂ | ᠨᠢᠮᠭᠡᠨ ᠬᠦᠨᠵᠢᠯᠡ ᠪᠠᠷ ᠪᠢᠳᠡᠬᠦᠦ ᠬᠤᠴᠢᠵᠤ ᠡᠪᠡᠳᠴᠢᠲᠡᠨ ᠤ | ᠭᠠᠷ ᠲᠤ ᠨᠢ ᠰᠢᠪᠦᠭᠡ ᠪᠠᠷᠢᠭᠤᠯᠤᠨ ᠰᠠᠭᠤᠯᠭᠠᠭᠠᠳ ᠬᠤᠶᠠᠷ | ᠱᠠᠯᠳᠠᠩ ᠪᠦᠭᠡᠷ᠎ᠡ ᠶᠢ ᠨᠢ ᠬᠤᠶᠠᠷ ᠴᠢᠬᠢᠨ ᠳᠤ ᠨᠢ ᠨᠠᠭᠠᠵᠤ | ᠲᠤᠷᠳᠤᠩ ᠢᠶᠠᠷ ᠤᠷᠢᠶᠠᠵᠤ ᠲᠤᠯᠤᠭᠠᠢ ᠲᠡᠭᠡᠷ᠎ᠡ ᠨᠢ ᠲᠠᠪᠬᠤᠷ | ᠬᠡᠳᠡᠰᠦ ᠶᠢ ᠨᠢ ᠡᠮᠦᠰᠦᠬᠦᠯᠵᠤ᠂ ᠪᠦᠰᠡᠨ ᠤ ᠦᠵᠦᠬᠦᠷ ᠢᠶᠠᠷ | ᠠᠷᠤ ᠲᠤᠤᠭᠤᠷ ᠨᠢ ᠤᠶᠠᠵᠤ ᠲᠤᠭᠳᠠᠭᠠᠭᠠᠳ ᠲᠡᠭᠡᠷ᠎ᠡ ᠨᠢ | ᠬᠦᠪᠤᠩᠲᠠᠢ ᠮᠠᠯᠠᠭᠠᠢ ᠲᠠᠷᠤᠭᠤᠯᠵᠤ ᠨᠠᠮ ᠵᠢᠮ ᠰᠠᠭᠤᠯᠭᠠᠨ᠎ᠠ᠃ | ᠡᠨᠡ ᠦᠶ᠎ᠡ ᠳᠤ ᠬᠤᠯᠠᠭᠠᠢ ᠰᠠᠯᠬᠢ ᠠᠪᠬᠤ ᠠᠴᠠ ᠬᠢᠴᠢᠶᠡᠵᠤ᠂ | ᠡᠬᠦᠳᠡ ᠴᠤᠩᠬᠤ ᠪᠠᠨ ᠬᠠᠭᠠᠨ᠎ᠠ᠃ ᠬᠠᠭᠠᠰ ᠴᠠᠭ ᠤᠨ ᠲᠠᠷᠠᠭ᠎ᠠ᠂ | ᠬᠦᠵᠡᠭᠡ ᠲᠠᠢ ᠰᠡᠪᠡᠰᠦ ᠨᠢ ᠰᠢᠮᠢᠰᠢᠨ ᠵᠢᠷᠭᠤᠭ᠎ᠠ ᠶᠢᠨ ᠭᠠᠯ | ᠬᠤᠵᠢᠷ ᠂ ᠬᠡᠰᠢᠬᠦᠨᠡ ᠶᠢᠨ ᠦᠨᠳᠦᠰᠦ᠂ ᠤᠯᠤᠭᠠᠢ ᠶᠢᠨ | ᠭᠡᠢ ᠶᠢᠨ ᠠᠷᠪᠠᠨ ᠭᠤᠷᠪᠠ ᠶᠢᠨ ᠤᠯᠠᠭᠠᠨ ᠲᠠᠪᠤᠰᠤ᠂ ᠰᠸᠡᠪᠤᠷᠤ᠂ | ᠪᠢᠪᠠᠯᠢᠩ᠂ ᠫᠤᠸᠠᠷᠢ᠂ ᠰᠢᠩᠽᠡ᠂ ᠰᠦᠭᠮᠡᠯ᠂ ᠭᠠᠭᠤᠯᠠ | ᠵᠡᠷᠭᠡ ᠶᠢᠨ ᠬᠠᠯᠠᠭᠤᠨ ᠡᠮ᠂ ᠬᠦᠮᠦᠨ ᠤ ᠪᠡᠶ᠎ᠡ ᠶᠢᠨ ᠢᠯᠴᠢ᠂ | ᠬᠤᠴᠢᠯᠭ᠎ᠠ᠂ ᠴᠠᠭ ᠠᠭᠤᠷ ᠤᠨ ᠲᠤᠯᠠᠭᠠᠨ ᠢᠶᠠᠷ ᠰᠡᠪᠡᠰᠦ ᠨᠢ | ᠪᠢᠳᠡᠬᠦᠦ ᠢᠰᠴᠦ ᠬᠦᠵᠡᠭᠡᠨ ᠲᠤᠳᠤᠷ᠎ᠠ ᠨᠢ ᠬᠡᠢ ᠲᠦᠬᠦᠷᠴᠤ | ᠬᠦᠵᠡᠭᠡᠨ ᠤ ᠬᠤᠶᠠᠷ ᠪᠤᠯᠤᠩ ᠨᠢ ᠡᠮᠡᠭᠡᠯ ᠤᠨ ᠪᠦᠭᠦᠷᠭᠡ ᠮᠡᠳᠦ | ᠲᠡᠭᠡᠭᠰᠢ ᠪᠤᠰᠴᠤ ᠢᠷᠡᠬᠦ ᠳᠤ ᠡᠪᠡᠳᠴᠢᠲᠡᠨ ᠪᠠᠷᠢᠭᠰᠠᠨ | ᠰᠢᠪᠦᠭᠡ ᠪᠠᠷ ᠢᠶᠠᠨ ᠬᠦᠵᠡᠭᠡ ᠪᠠᠨ ᠬᠠᠳᠬᠤᠵᠤ ᠬᠡᠢ ᠶᠢ ᠨᠢ | ᠤᠯᠠᠨ ᠲᠠᠬᠢᠨ ᠭᠠᠷᠭᠠᠨ᠎ᠠ᠃ | ᠲᠠᠷᠠᠭ᠎ᠠ ᠨᠢ ᠬᠤᠨᠢᠨ ᠤ ᠭᠤᠤᠯ ᠮᠢᠬ᠎ᠠ ᠶᠢ ᠨᠠᠷᠢᠨ | ᠬᠡᠷᠴᠢᠵᠤ ᠪᠤᠴᠠᠯᠭᠠᠭᠠᠳ ᠲᠤᠷᠠᠭ ᠮᠢᠬᠨ ᠤ ᠱᠦᠯᠦᠨ ᠳᠤ | ᠰᠤᠩᠬᠢᠨ᠎ᠠ ᠬᠢᠵᠤ᠂ ᠬᠠᠯᠠᠭᠤᠪᠳᠤᠷ ᠱᠦᠯᠦ ᠪᠠᠷ | ᠵᠶ᠋ᠠᠨᠠᠭᠠᠷᠤ ᠭᠤᠴᠢᠨ ᠲᠠᠪᠤ ᠶᠢ ᠲᠠᠷᠤᠭᠤᠯᠵᠤ | ᠤᠤᠭᠤᠯᠭᠠᠨ᠎ᠠ᠃ ᠡᠨᠡ ᠮᠡᠳᠦ ᠪᠠᠷ ᠴᠠᠭ ᠬᠠᠭᠠᠰ ᠦᠩᠭᠡᠷᠡᠬᠦ | ᠦᠶ᠎ᠡ ᠳᠤ ᠬᠦᠵᠡᠭᠡᠨ ᠤ ᠬᠠᠯᠠᠭᠤᠨ ᠢᠯᠴᠢ ᠨᠢ ᠪᠠᠭᠤᠷᠠᠬᠤ ᠳᠤ | ᠡᠪᠡᠳᠴᠢᠲᠡᠨ ᠢᠶᠠᠨ ᠬᠦᠵᠡᠭᠡᠨ ᠠᠴᠠ ᠪᠠᠭᠤᠯᠭᠠᠵᠤ᠂ ᠨᠠᠭᠠᠭᠰᠠᠨ | ᠪᠦᠬᠡᠷ᠎ᠡ᠂ ᠲᠤᠯᠤᠭᠠᠢ ᠲᠡᠭᠡᠷ᠎ᠡ ᠨᠢ ᠲᠠᠯᠪᠢᠭᠰᠠᠨ ᠲᠠᠪᠬᠤᠷ | ᠬᠡᠳᠡᠰᠦ᠂ ᠨᠦᠮᠦᠷᠦᠬᠦᠯᠦᠭᠰᠡᠨ ᠠᠷᠠᠰᠤ ᠪᠠᠨ ᠠᠪᠴᠤ᠂ ᠬᠠᠭᠤᠷᠠᠢ | ᠬᠤᠪᠴᠠᠰᠤ ᠡᠮᠦᠰᠭᠡᠵᠤ᠂ ᠬᠠᠭᠤᠷᠠᠢ ᠲᠠᠪᠢᠰᠭᠡᠷ ᠲᠡᠭᠡᠷ᠎ᠡ | ᠦᠨᠳᠦᠷ ᠲᠡᠷᠡ ᠲᠡᠷᠡᠯᠡᠬᠦᠯᠵᠤ ᠬᠤᠴᠢᠭᠠᠳ᠂ ᠬᠦᠯᠦᠰᠦ ᠨᠢ | ᠵᠤᠭᠰᠤᠬᠤ ᠦᠶ᠎ᠡ ᠳᠤ ᠰᠢᠷ᠎ᠠ ᠲᠤᠰᠤ ᠲᠦᠷᠬᠢᠵᠤ ᠰᠢᠷ᠎ᠠ ᠦᠰᠦᠨ | ᠰᠦᠪᠡ ᠶᠢ ᠨᠢ ᠪᠦᠭᠯᠡᠨ᠎ᠡ᠃ | ᠪᠤᠷᠤ ᠪᠡᠷᠢᠶᠠ ᠶᠢᠨ ᠵᠠᠰᠠᠯᠭ᠎ᠠ ᠬᠢᠭᠰᠡᠳ ᠢ | ᠡᠮᠴᠢᠯᠡᠬᠦ ᠳᠤ ᠪᠠᠨ ᠲᠦᠷᠦᠬᠦᠦ ᠲᠤᠯᠤᠭᠠᠨ ᠬᠤᠨᠤᠭ ᠲᠤ | ᠦᠷᠯᠦᠭᠡ ᠪᠦᠷᠢ ᠦᠯᠦᠨ ᠢᠶᠠᠷ ᠽᠠᠭᠠᠷ ᠮᠠᠷ ᠲᠠᠩ ᠢ ᠤᠰᠤᠨ ᠳᠤ | ᠪᠤᠴᠠᠯᠭᠠᠵᠤ ᠬᠦᠢᠳᠡᠨ ᠪᠦᠯᠢᠶᠡᠨ ᠢᠶᠠᠷ ᠨᠢ ᠤᠤᠭᠤᠯᠭᠠᠵᠤ | ᠤᠷᠤᠨ ᠢᠶᠠᠨ ᠠᠯᠳᠠᠭᠰᠠᠨ ᠮᠠᠭᠤ ᠴᠢᠰᠦ ᠲᠤᠯᠤᠭᠠᠢ ᠳᠤ ᠭᠠᠷᠴᠤ | ᠨᠢᠳᠦ ᠨᠢ ᠤᠯᠠᠶᠢᠵᠤ ᠪᠤᠶᠢᠯᠠ ᠨᠢ ᠬᠦᠭᠡᠬᠦ ᠠᠴᠠ | ᠰᠡᠷᠭᠡᠶᠢᠯᠡᠬᠦ ᠬᠡᠷᠡᠭᠲᠡᠢ᠃ ᠦᠳᠡ ᠶᠢᠨ ᠡᠮᠦᠨ᠎ᠡ ᠰᠢᠮᠢᠰᠢᠨ | ᠵᠢᠷᠭᠤᠭ᠎ᠠ ᠶᠢ ᠤᠰᠤ ᠪᠠᠷ᠂ ᠦᠳᠡ ᠶᠢᠨ ᠬᠤᠶᠢᠨ᠎ᠠ | ᠰᠦᠭᠮᠡᠯᠵᠢᠯᠬᠤᠷ ᠢ ᠱᠦᠯᠦ ᠪᠠᠷ᠂ ᠦᠳᠡᠰᠢ ᠷᠠᠰᠢᠨᠠᠮᠵᠢᠯ ᠢ | ᠰᠢᠷ᠎ᠠ ᠠᠷᠢᠬᠢ ᠪᠠᠷ ᠲᠤᠰ ᠲᠤᠰ ᠲᠠᠷᠤᠭᠤᠯᠵᠤ ᠤᠤᠭᠤᠯᠭᠠᠨ᠎ᠠ᠃ | ᠲᠤᠮᠳᠠᠳᠤ ᠲᠤᠯᠤᠭᠠᠨ ᠬᠤᠨᠤᠭ ᠪᠠ ᠰᠡᠬᠦᠯᠴᠢ ᠵᠢᠨᠲ᠋ᠤᠯᠤᠭᠠᠨ | ᠬᠤᠨᠤᠭ ᠲᠤ ᠡᠮᠴᠢᠯᠡᠭᠡ ᠳᠤ ᠡᠪᠡᠳᠴᠢᠲᠡᠨ ᠤ ᠢᠯᠡᠷᠡᠯ ᠢ ᠨᠢ | ᠦᠵᠡᠨ᠎ᠡ᠃ ᠪᠤᠷᠤ ᠪᠠᠷᠢᠶ᠎ᠠ ᠪᠠᠷᠢᠭᠰᠠᠨ ᠡᠪᠡᠳᠴᠢᠲᠡᠨ ᠢ | ᠰᠤᠪᠢᠯᠠᠬᠤ ᠳᠤ ᠪᠠᠨ ᠪᠦᠳᠦᠨ ᠬᠤᠷᠢᠨ ᠨᠢᠭᠡᠨ ᠡᠳᠦᠷ ᠲᠤ ᠭᠤᠤᠯ | ᠤᠰᠤ ᠭᠠᠳᠤᠯᠬᠤ᠂ ᠬᠦᠯᠦᠰᠦ ᠲᠡᠯᠡᠰᠬᠦ᠂ ᠲᠠᠭᠠᠷᠠᠬᠤ᠂ ᠡᠳᠦᠷ ᠶᠡᠭᠡ | ᠤᠨᠳᠠᠬᠤ᠂ ᠬᠤᠷᠢᠴᠠᠯ ᠡᠳ᠋ᠯᠡᠬᠦ᠂ ᠬᠠᠳᠠᠭᠤ ᠬᠦᠴᠦᠯᠡᠬᠦ᠂ ᠤᠰᠤ | ᠲᠠᠮᠨᠠᠬᠤ᠂ ᠠᠷᠤᠭ ᠡᠬᠦᠷᠬᠦ᠂ ᠤᠨᠤᠭ᠎ᠠ ᠤᠨᠤᠬᠤ᠂ | ᠠᠷᠢᠬᠢᠤᠤᠭᠤᠬᠤ᠂ ᠨᠠᠭᠠᠳᠤᠮ ᠴᠡᠩᠭᠡᠨ ᠳᠤ ᠤᠷᠤᠬᠤ᠂ | ᠬᠡᠷᠡᠭᠦᠯ ᠴᠤᠤᠬᠢᠶᠠᠨ ᠬᠢᠬᠦ᠂ ᠠᠭᠤᠷ ᠤᠮᠤᠭ ᠭᠠᠷᠭᠠᠬᠤ ᠶᠢ | ᠴᠡᠭᠡᠷᠯᠡᠵᠤ᠂ ᠪᠡᠶ᠎ᠡ ᠰᠡᠳᠬᠢᠴᠡ ᠶᠢᠨ ᠲᠠᠯ᠎ᠠ ᠪᠠᠷ ᠠᠮᠤᠷ | ᠮᠡᠨᠳᠤ ᠪᠠᠶᠢᠯᠭᠠᠬᠤ ᠬᠡᠷᠡᠭᠲᠡᠢ᠃ | ᠴᠠᠭᠠᠨ ᠪᠠᠷᠢᠶ᠎ᠠ ᠭᠡᠳᠡᠭ ᠨᠢ ᠰᠢᠨᠵᠢᠯᠡᠬᠦ ᠤᠬᠠᠭᠠᠨ ᠤ | ᠨᠡᠷ᠎ᠡ ᠲᠤᠮᠢᠶ᠎ᠠ ᠪᠠᠷ ᠪᠣᠯ ᠹᠢᠽᠢᠺ ᠤᠨ ᠵᠠᠰᠠᠯ ᠢ | ᠭᠡᠯᠡᠨ᠎ᠡ ᠃ ᠲᠡᠷᠡ ᠨᠢ ᠮᠤᠷᠢ᠂ ᠮᠤᠲ᠋ᠤᠷ᠂ ᠮᠠᠰᠢᠨ ᠲᠡᠷᠭᠡ᠂ | ᠬᠠᠳᠠ ᠡᠷᠬᠢ ᠠᠴᠠ ᠤᠨᠠᠵᠤ ᠤᠶᠢᠴᠢᠭᠠᠳ ᠵᠢᠷᠦᠭᠡ ᠂ ᠠᠭᠤᠰᠬᠢ ᠂ | ᠡᠯᠢᠭᠡ᠂ ᠲᠡᠯᠢᠬᠦᠦ ᠨᠢ ᠪᠡᠷᠳᠡᠵᠤ ᠴᠢᠰᠦ ᠨᠢ ᠴᠠᠯᠬᠢᠨ | ᠨᠦᠵᠢᠷᠡᠨ ᠲᠤᠭᠳᠠᠵᠤ᠂ ᠤᠬᠠᠭᠠᠨ ᠪᠠᠯᠠᠷᠠᠨ ᠬᠡᠪᠲᠡᠷᠢ ᠳᠤ | ᠤᠷᠤᠭᠰᠠᠨ ᠰᠢᠷᠠᠬᠳᠤᠭᠰᠠᠳ ᠲᠤ ᠲᠤᠬᠢᠷᠠᠨ᠎ᠠ᠃ ᠬᠦᠨᠳᠦ ᠨᠢ | ᠠᠮᠠᠨ ᠳᠤ ᠨᠢ ᠴᠢᠰᠦ ᠠᠮᠳᠠᠭᠳᠠᠬᠤ᠂ ᠴᠢᠰᠦ ᠪᠠᠷ ᠬᠠᠨᠢᠶᠠᠬᠤ᠂ | ᠪᠦᠭᠡᠯᠵᠢᠬᠦ᠂ ᠶᠠᠰᠤᠨ ᠠᠴᠠ ᠴᠢᠰᠦ ᠭᠠᠷᠬᠤ᠂ ᠭᠠᠷ ᠬᠦᠷᠴᠤ | ᠪᠤᠯᠬᠤ ᠦᠭᠡᠢ ᠬᠦᠨᠳᠤᠭᠦᠷ ᠲᠠᠢ ᠪᠠᠶᠢᠳᠠᠭ᠃ | ᠴᠠᠭᠠᠨ ᠪᠠᠷᠢᠶ᠎ᠠ ᠶᠢᠨ ᠪᠦᠷᠢᠯᠳᠦᠬᠦᠨ᠄ | 1᠂ ᠲᠡᠮᠡᠭᠡᠨ ᠤ ᠬᠦᠬᠡ ᠬᠤᠷᠭᠤᠯ ᠤᠨ ᠰᠢᠳᠠᠭᠠᠭᠰᠠᠨ ᠦᠨᠡᠰᠦ 4 | ᠵᠢᠩ᠃ | 2᠂ ᠪᠤᠭᠤᠳᠠᠢ ᠶᠢᠨ ᠬᠠᠯᠢᠰᠤ 2 ᠵᠢᠩ᠃ | 3᠂ ᠵᠢᠩᠬᠢᠨᠢ ᠪᠤᠯᠪᠠᠰᠤᠷᠠᠭᠰᠠᠨ ᠴᠢᠯᠠᠭᠤᠨ ᠨᠡᠬᠦᠷᠡᠰᠦᠨ | ᠲᠠᠯᠠᠬ᠎ᠠ 1 ᠵᠢᠩ ︵ᠬᠢᠯᠳᠠᠭᠠᠨᠠᠭᠰᠠᠨ ᠪᠦᠬᠡᠳ ᠬᠦᠩᠬᠡᠨ | ᠪᠠᠶᠢᠬᠤ︶᠃ 4᠂ ᠲᠠᠬᠢᠶᠠᠨ ᠦᠨᠳᠡᠭᠡᠨ ᠤ 9 ᠪᠦᠬᠦᠯᠢ ᠰᠢᠷ᠎ᠠ᠂ | ᠴᠠᠭᠠᠨ᠃ | 5᠂ ᠰᠢᠷ᠎ᠠ ᠬᠦᠵᠢ 1 ᠪᠠᠭᠴᠠ ᠶᠢ ᠲᠠᠯᠠᠭᠯᠠᠵᠤ ᠬᠢᠬᠦ᠃ | 6᠂ ᠼᠤᠤ 1 ᠵᠢᠩ ︵ᠬᠤᠭᠤᠯᠠᠨ ᠼᠤᠤ︶᠃ | 7᠂ ᠬᠠᠷ᠎ᠠ ᠠᠷᠢᠬᠢ ︵65 ᠭᠷᠠᠳᠦ᠋ᠰ᠂ ᠬᠠᠷᠢᠨ ᠰᠫᠢᠷᠲ ᠪᠢᠰᠢ︶᠃ | 8᠂ ᠪᠤᠷᠤ ᠴᠠᠭᠠᠰᠤ 8 ᠠᠮᠠ᠃ | ᠴᠠᠭᠠᠨ ᠪᠠᠷᠢᠶ᠎ᠠ ᠶᠢ ᠨᠠᠶᠢᠷᠠᠭᠤᠯᠬᠤ ᠳᠤ ᠪᠠᠨ | ᠴᠠᠭᠠᠰᠤ ᠠᠴᠠ ᠪᠤᠰᠤᠳ ᠲᠤᠯᠤᠭᠠᠨ ᠪᠦᠷᠢᠯᠳᠦᠬᠦᠨ ᠢᠶᠠᠨ | ᠲᠤᠯᠤᠭᠠᠨ ᠲᠠᠮᠠᠭᠠᠳᠤ ᠰᠢᠷᠡᠮᠦᠨ ᠲᠤᠭᠤᠭᠠᠨ ᠳᠤ ᠬᠢᠵᠤ ᠬᠦᠯ | ᠦᠭᠡᠢ ᠤᠰᠤ ︵ᠬᠤᠪᠤᠭᠠ ᠪᠠᠷ ᠲᠠᠳᠠᠵᠤ ᠭᠠᠷᠭᠠᠭᠠᠳ ᠭᠠᠵᠠᠷ | ᠲᠠᠯᠪᠢᠬᠤ ᠦᠭᠡᠢ ᠠᠪᠴᠢᠷᠠᠭᠰᠠᠨ ᠤᠰᠤ︶ ᠬᠢᠵᠤ ᠰᠢᠩᠭᠡᠷᠡᠬᠦᠯᠦᠨ | ᠵᠦᠭᠡᠯᠡᠨ ᠭᠠᠯ ᠢᠶᠠᠷ ᠪᠤᠴᠠᠯᠭᠠᠵᠤ ᠠᠮᠤᠰᠤ ᠠᠳᠠᠯᠢ | ᠦᠳᠭᠡᠷᠡᠬᠦᠯᠵᠤ ᠲᠡᠪᠢᠬᠦᠷ ᠪᠤᠶᠤ ᠠᠳᠠᠷ ᠲᠤ ᠬᠢᠵᠤ | ᠬᠦᠷᠦᠭᠡᠰᠬᠢᠭᠡᠳ 50 ᠭᠷᠠᠳᠦ᠋ᠰ ᠪᠤᠯᠬᠤ ᠦᠶ᠎ᠡ ᠳᠤ ᠨᠢ ᠬᠦᠭᠡ | ᠪᠦᠰᠡᠨ ︵ᠪᠠᠶᠢᠪᠠᠩ ᠲᠠᠢ ᠪᠤᠳᠤᠭᠯᠠᠭᠰᠠᠨ︶ ᠳᠤ ᠴᠢᠳᠬᠤᠵᠤ | ᠪᠦᠰᠡ ᠪᠠᠨ ᠤᠭᠤᠳᠠᠯᠠᠨ ᠪᠤᠭᠤᠵᠤ ᠬᠠᠪᠲᠠᠭᠠᠢ ᠮᠤᠳᠤᠨ ᠲᠡᠭᠡᠷ᠎ᠡ | ᠤᠭᠤᠳᠠ ᠶᠢᠨ ᠢᠷᠤᠭᠠᠷ ᠢᠶᠠᠷ ᠨᠢ ᠨᠦᠳᠦᠵᠤ ᠪᠠᠷᠢᠶ᠎ᠠ ᠪᠠᠨ | ᠴᠢᠭᠵᠢᠷᠡᠬᠦᠯᠦᠨᠡ᠃ ᠡᠪᠡᠳᠴᠢᠲᠡᠨ ᠢᠶᠠᠨ ᠤᠷᠤ ᠲᠡᠭᠡᠷ᠎ᠡ ᠨᠢ | ᠲᠡᠭᠡᠭᠰᠢ ᠬᠠᠨᠳᠤᠭᠤᠯᠤᠨ ᠬᠡᠪᠳᠡᠬᠦᠯᠵᠤ᠂ ᠪᠦᠭᠡᠷᠡᠨ ᠤ | ᠲᠤᠭᠤᠤᠷ ᠨᠢ ᠮᠧᠲᠷ ᠬᠠᠭᠠᠰ ᠬᠦᠭᠡ ᠪᠦᠰ ᠪᠠᠨ ᠭᠤᠤᠯ ᠢᠶᠠᠷ ᠨᠢ | ᠨᠤᠭᠤᠯᠵᠤ ᠲᠡᠪᠢᠰᠦᠭᠡᠳ᠂ ᠦᠰᠦ ᠦᠯᠢᠶᠡᠬᠦ ᠳᠤ ᠲᠠᠰᠤᠷᠴᠤ | ᠪᠠᠶᠢᠬᠤ ᠬᠤᠷᠴᠠ ᠬᠢᠳᠤᠭ᠎ᠠ ᠪᠤᠶᠤ ᠲᠤᠩᠭᠤᠷᠠᠭ ᠢᠶᠠᠷ | ᠡᠪᠡᠳᠴᠢᠲᠡᠨ ᠤ ᠠᠶᠤᠤᠯᠢᠬᠠᠢ ᠶᠢᠨ ᠮᠦᠭᠡᠷᠰᠦ ᠠᠴᠠ ᠲᠤᠷᠤᠭᠰᠢ | ᠬᠤᠶᠠᠷ ᠠᠯᠠᠭ᠎ᠠ ᠲᠡᠯᠭᠡᠵᠤ ᠪᠠᠭᠳᠠᠬᠤ ᠬᠡᠮᠵᠢᠶᠡᠨ ᠳᠤ | ᠠᠷᠠᠰᠤᠨ ᠤ ᠬᠦᠷᠦᠰᠦ ᠳᠤ ᠬᠤᠷᠴᠠ ᠮᠡᠰᠡ ᠶᠢᠨ ᠢᠷ ᠢᠶᠠᠷ ᠨᠢ | ᠬᠦᠷᠭᠡᠵᠤ ᠲᠡᠮᠦᠷ ᠤᠨ ᠬᠠᠤᠷᠠᠢ ᠰᠢᠭ᠋ ᠭᠤᠷᠪᠠᠯᠵᠢᠨ ᠢᠶᠠᠷ | ᠭᠡᠷ ᠤᠨ ᠬᠠᠭᠠᠯᠭᠠᠨ ᠤ ᠮᠤᠳᠤᠨ ᠤᠨᠢᠰᠦ ᠪᠠᠷ ᠮᠡᠰᠡ ᠶᠢᠨ | ᠬᠡᠵᠢᠬᠡ ᠶᠢ ᠨᠢ ᠲᠤᠭᠰᠢᠵᠤ ᠲᠤᠮᠨᠤᠨ᠎ᠠ᠃ ᠲᠤᠷᠬᠢᠭᠠᠬᠤ ᠲᠤᠮ ᠢ | ᠬᠢᠬᠦ ᠳᠤ ᠪᠠᠨ ᠡᠪᠡᠳᠴᠢᠲᠡᠨ ᠢᠶᠠᠨ ᠲᠡᠭᠡᠭᠰᠢ ᠬᠠᠨᠳᠤᠭᠤᠯᠤᠨ | ᠲᠦᠪ ᠬᠡᠪᠳᠡᠬᠦᠯᠵᠤ ᠬᠠᠪᠲᠠᠭᠠᠢ ᠮᠤᠳᠤ ᠶᠢ ᠬᠤᠶᠠᠷ ᠬᠦᠯ ᠤᠨ | ᠤᠯᠠ ᠳᠤ ᠨᠢ ᠨᠠᠭᠠᠯᠳᠤᠭᠤᠯᠵᠤ᠂ ᠲᠤᠷᠳᠤᠩ ᠪᠦᠰᠡ ᠪᠠᠷ | ᠬᠤᠳᠠᠷᠭᠠᠯᠠᠨ᠂ ᠬᠤᠶᠠᠷ ᠭᠠᠷ ᠲᠤ ᠨᠢ ᠤᠷᠢᠶᠠᠨ | ᠲᠡᠨᠢᠢᠲᠡᠯ᠎ᠡ ᠨᠢ ᠢᠰᠬᠦᠯᠦᠬᠦᠯᠵᠤ ᠪᠠᠶᠢᠭᠠᠳ ᠬᠠᠪᠲᠠᠭᠠᠢ | ᠮᠤᠳᠤᠨ ᠲᠡᠭᠡᠷ᠎ᠡ ᠨᠢ ᠴᠠᠢ ᠨᠦᠳᠦᠳᠡᠭ ᠰᠦᠭᠡ ᠪᠠᠷ ᠲᠡᠮ ᠲᠠᠢ | ᠭᠤᠷᠪᠠ ᠴᠤᠬᠢᠵᠤ ᠲᠤᠷᠬᠢᠭᠠᠨ ᠲᠠᠬᠢᠨ ᠬᠠᠪᠲᠠᠭᠠᠢ ᠮᠤᠳᠤ ᠪᠠᠨ | ᠪᠠᠷᠠᠭᠤᠨ ᠵᠡᠬᠦᠨ ᠬᠠᠪᠢᠷᠭᠠᠨ ᠳᠤ ᠨᠢ ᠨᠠᠭᠠᠯᠳᠤᠭᠤᠯᠵᠤ | ᠮᠤᠳᠤᠨ ᠲᠡᠭᠡᠷ᠎ᠡ ᠠᠴᠠ ᠮᠥᠨ ᠰᠦᠬᠡ ᠪᠠᠷ ᠨᠢᠭᠡ ᠴᠤᠬᠢᠵᠤ | ᠲᠤᠷᠬᠢᠭᠠᠭᠠᠳ ᠲᠡᠬᠦᠰᠭᠡᠨᠡ᠃ ᠡᠨᠡ ᠨᠢ ᠤᠨᠠᠵᠤ | ᠪᠡᠷᠲᠡᠭᠰᠡᠨ ᠢ ᠲᠤᠷᠬᠢᠭᠠᠵᠤ ᠬᠤᠷᠠᠭᠰᠠᠨ ᠴᠢᠰᠤ ᠤᠰᠤ ᠶᠢ ᠨᠢ | ᠰᠠᠷᠨᠢᠭᠤᠯᠵᠤ ᠪᠠᠶᠢᠭ᠎ᠠ ᠶᠤᠮ᠃ | ᠴᠠᠭᠠᠨ ᠪᠠᠷᠢᠶ᠎ᠠ ᠪᠠᠷᠢᠬᠤ ᠳᠤ ᠪᠠᠨ ᠬᠡᠳᠡᠰᠦᠨ ᠲᠡᠭᠡᠷᠡᠬᠢ | ᠠᠷᠢᠬᠢ ᠼᠤᠤ ᠪᠠᠷ ᠲᠡᠪᠳᠦᠭᠡᠭᠰᠡᠨ ᠵᠤᠵᠠᠭᠠᠨ ᠨᠤᠶᠢᠲᠠᠨ | ᠴᠠᠭᠠᠰᠤᠨ ᠲᠡᠭᠡᠷ᠎ᠡ ᠨᠢ ᠤᠭᠤᠳᠠᠯᠠᠭᠰᠠᠨ ᠬᠠᠯᠠᠭᠤᠬᠠᠨ | ᠪᠠᠷᠢᠶ᠎ᠠ ᠪᠠᠨ ᠲᠠᠯᠪᠢᠵᠤ ᠬᠦᠭᠡ ᠪᠦᠰᠡ ᠪᠠᠷ ᠤᠷᠢᠶᠠᠵᠤ | ᠵᠤᠬᠢᠰᠲᠠᠢ ᠪᠠᠷ ᠬᠤᠴᠢᠵᠤ ᠬᠤᠶᠠᠷ ᠴᠠᠭ ᠪᠠᠷᠢᠵᠤ᠂ ᠨᠢᠭᠡ | ᠴᠠᠭ ᠤᠨ ᠲᠠᠷᠠᠭ᠎ᠠ ᠲᠦᠯᠦᠭᠡᠨ ᠬᠤᠨᠢᠨ ᠤ ᠭᠤᠤᠯ ᠮᠢᠬᠠᠨ | ᠱᠦᠯᠦ ᠳᠤ ᠰᠤᠩᠬᠢᠨ᠎ᠠ ᠨᠡᠷᠡᠵᠤ᠂ ᠠᠭᠠᠷᠤ 35 ᠶᠢ ᠲᠠᠷᠤᠭᠤᠯᠵᠤ | ᠤᠤᠭᠤᠯᠭᠠᠨ ᠬᠦᠯᠦᠰᠦᠯᠡᠬᠦᠯᠦᠨᠡ ᠃ ᠢᠩᠬᠢᠪᠡᠯ ᠡᠮ ᠱᠦᠯᠦ | ᠤᠤᠭᠤᠭᠰᠠᠨ ᠡᠪᠡᠳᠴᠢᠲᠡᠨ ᠤ ᠪᠡᠶ᠎ᠡ ᠠᠴᠠ ᠬᠦᠯᠦᠰᠦ ᠴᠢᠬᠠᠷᠠᠨ | ᠲᠤᠰᠤᠯᠠᠵᠤ ᠤᠨᠳᠠᠵᠤ ᠠᠮᠠᠷᠠᠳᠠᠭ᠃ | ᠪᠠᠷᠢᠭᠰᠠᠨ ᠪᠠᠷᠢᠶ᠎ᠠ ᠪᠠᠨ ᠠᠪᠬᠤ ᠳᠤ ᠪᠠᠨ ᠪᠦᠳᠦᠨ ᠬᠤᠶᠠᠷ | ᠴᠠᠭ ᠪᠤᠯᠪᠠᠯ ᠡᠬᠦᠲᠡ ᠴᠤᠩᠬᠤ ᠪᠠᠨ ᠬᠠᠭᠠᠨ ᠰᠠᠯᠬᠢ ᠬᠠᠭᠠᠵᠤ | ᠪᠤᠭᠤᠯᠲᠠ ᠪᠠᠨ ᠲᠠᠶᠢᠯᠵᠤ ᠪᠠᠷᠢᠭᠰᠠᠨ ᠭᠡᠰᠡᠭ ᠤᠨ ᠤᠯᠠᠪᠤᠷ | ᠬᠦᠷᠦᠰᠦᠨ ᠲᠡᠭᠡᠷ᠎ᠡ ᠨᠢ ᠰᠢᠷ᠎ᠠ ᠲᠤᠰᠤ ᠲᠦᠷᠬᠢᠵᠤ ᠬᠠᠭᠤᠷᠠᠢ | ᠬᠤᠪᠴᠠᠰᠤ ᠪᠠᠷ ᠬᠤᠴᠢᠵᠤ ᠰᠤᠪᠢᠯᠠᠨ᠎ᠠ᠃ | ᠡᠮᠴᠢᠯᠡᠬᠦ ᠳᠤ ᠪᠠᠨ ᠽᠠᠨᠳᠠᠨ 3 ᠶᠢᠨ ᠲᠠᠩ᠂ ᠴᠢᠮᠡᠳ ᠮᠠᠷ | ᠲᠠᠩ᠂ ᠱᠦᠩ ᠠᠭᠠᠷᠤ 8᠂ ᠠᠭᠠᠷᠤ 35᠂ ᠡᠯᠢᠭᠡᠨ ᠤ ᠬᠦᠷᠬᠦᠮ13᠂ | ᠴᠢᠯᠢᠰᠠᠨ᠂ ᠰᠠᠮᠫᠢᠯᠨᠤᠷᠪᠤ᠂ ᠵᠠᠴᠦ᠋ᠩ 13᠂ ᠷᠠᠰᠢᠨᠠᠮᠵᠢᠯ᠂ | ᠬᠡᠷᠪᠡ ᠴᠢᠰᠦ ᠬᠦᠭᠡᠷᠦᠯᠲᠡ ᠲᠠᠢ ᠪᠣᠯ ᠽᠠᠭᠠᠷ ᠮᠠᠷ ᠲᠠᠩ᠂ | ᠴᠢᠰᠤᠨ ᠬᠢᠮᠤᠷᠠᠭ᠎ᠠ ᠶᠢᠨ ᠲᠠᠯᠬ᠎ᠠ ᠵᠡᠷᠭᠡ ᠶᠢ ᠵᠤᠬᠢᠰᠲᠠᠢ | ᠤᠤᠭᠤᠯᠭᠠᠨ᠎ᠠ᠃ | ᠴᠠᠭᠠᠨ ᠪᠠᠷᠢᠶ᠎ᠠ ᠪᠠᠷᠢᠭᠤᠯᠤᠭᠰᠠᠨ ᠡᠪᠡᠳᠴᠢᠲᠡᠨ ᠢ | ᠰᠤᠪᠢᠯᠠᠬᠤ ᠳᠤ ᠪᠠᠨ ᠬᠦᠨᠳᠦ ᠨᠦᠰᠡᠷ ᠲᠠᠭᠤ ᠴᠢᠮᠡᠭᠡ ᠪᠤᠶᠤ | ᠬᠤᠯᠠᠭᠠᠢ ᠰᠠᠯᠬᠢᠨ ᠳᠤ ᠴᠤᠬᠢᠭᠤᠯᠬᠤ ᠦᠭᠡᠢ᠂ ᠲᠡᠷᠭᠡ ᠤᠨᠤᠭ᠎ᠠ | ᠤᠨᠤᠬᠤ ᠦᠭᠡᠢ᠂ ᠤᠰᠤ ᠭᠤᠤᠯ ᠭᠠᠳᠤᠯᠬᠤ ᠦᠭᠡᠢ᠂ ᠲᠠᠭᠤᠤ | ᠪᠦᠵᠢᠭ ᠤᠨ ᠲᠠᠯᠠᠪᠤᠷ ᠲᠤ ᠤᠷᠤᠯᠴᠠᠬᠤ ᠦᠭᠡᠢ᠂ ᠬᠤᠷᠢᠴᠠᠯ ᠤᠨ | ᠠᠮᠢᠳᠤᠷᠠᠯ ᠢ ᠴᠡᠭᠡᠷᠯᠡᠨ ᠨᠠᠮ ᠵᠢᠮ 21 ᠡᠳᠦᠷ ᠬᠤᠨᠤᠭ ᠰᠠᠭᠤᠵᠤ | ᠬᠡᠪᠳᠡᠨ᠎ᠡ᠃ ᠰᠡᠷᠢᠬᠦᠨ ᠵᠦᠭᠡᠯᠡᠨ ᠬᠤᠭᠤᠯᠠ ᠤᠮᠳᠠ ᠤᠤᠭᠤᠵᠤ | ᠢᠳᠡᠨ᠎ᠡ᠃ ᠦᠰᠦ ᠬᠢᠮᠤᠰᠤ ᠪᠠᠨ ᠠᠪᠬᠤ ᠦᠭᠡᠢ᠂ ᠲᠠᠪᠤᠰᠤ ᠲᠠᠢ | ᠤᠰᠤ ᠪᠠᠷ ᠬᠦᠯ ᠢᠶᠠᠨ ᠤᠬᠢᠶᠠᠵᠤ᠂ ᠲᠤᠬᠢᠲᠠᠢ ᠬᠤᠪᠴᠠᠰᠤ ᠬᠤᠨᠠᠷ | ᠡᠮᠦᠰᠬᠦ ᠬᠡᠷᠡᠭᠲᠡᠢ᠃︽ᠤᠷᠠᠳ ᠲᠡᠤᠬᠡ ᠰᠤᠶᠤᠯ︾ ᠤᠨ ︵ ᠲᠡᠭᠡᠳᠦ | ᠲᠡᠪᠲᠡᠷ︶ ᠠᠴᠠ ᠪᠠᠭᠤᠯᠭᠠᠪᠠ | | |