ᠮᠣᠳᠣᠨ ᠦᠷ᠎ᠡ ᠬᠠᠳᠠᠭᠠᠯᠠᠬᠤ ᠠᠷᠭ᠎ᠠ
  
2024/7/27
 

         ᠮᠣᠳᠣᠨ ᠦᠷ᠎ᠡ ᠶᠢ ᠬᠠᠭᠤᠷᠠᠢ ᠪᠠᠷ ᠬᠠᠳᠠᠭᠠᠯᠠᠬᠤ ᠪᠠ

ᠴᠢᠬᠢᠭ ᠲᠠᠢ ᠬᠠᠳᠠᠭᠠᠯᠠᠬᠤ ᠬᠤᠶᠠᠷ ᠵᠣᠶᠢᠯ ᠤᠨ ᠠᠷᠭ᠎ᠠ

ᠪᠠᠶᠢᠳᠠᠭ᠃ 

     ᠬᠠᠭᠤᠷᠠᠢ ᠪᠠᠷ ᠬᠠᠳᠠᠭᠠᠯᠠᠬᠤ ᠠᠷᠭ᠎ᠠ᠄ ᠣᠰᠣᠨ ᠤ

ᠠᠭᠤᠯᠤᠭᠳᠠᠴᠠ ᠲᠣᠣᠷ᠎ᠠ ᠮᠣᠳᠣᠨ ᠦᠷ᠎ᠡ ᠪᠦᠬᠦᠨ ᠢ

ᠬᠠᠭᠤᠷᠠᠢ ᠪᠠᠷ ᠬᠠᠳᠠᠭᠠᠯᠠᠵᠤ ᠪᠣᠯᠣᠨ᠎ᠠ᠃ ᠡᠭᠦᠨ ᠳᠤ ᠤᠳᠠ᠂

ᠤᠯᠢᠶᠠᠰᠤ᠂ ᠬᠠᠶᠢᠯᠠᠰᠤ᠂ ᠬᠤᠰᠤ᠂ ᠥᠷᠭᠡᠰᠤᠲᠤ᠂ ᠬᠤᠸᠠᠶᠢᠰᠠ᠂

ᠪᠣᠷᠣ ᠲᠥᠷᠥᠭᠦᠲᠦ ᠬᠤᠸᠠᠶᠢᠰᠠ᠂ ᠦᠭᠡᠷ ᠰᠣᠨᠳᠣᠣ᠂ ᠲᠣᠭᠤᠷ᠂

ᠬᠦᠢᠯᠡᠰᠦ ᠪᠠ ᠤᠯᠠᠩᠬᠢ ᠰᠢᠯᠮᠤᠤᠰᠤᠲᠤ ᠮᠣᠳᠣᠨ ᠤ ᠦᠷ᠎ᠡ ᠶᠢ ᠴᠥᠮ

ᠬᠠᠭᠤᠷᠠᠢ ᠪᠠᠷ ᠬᠠᠳᠠᠭᠠᠯᠠᠵᠤ ᠪᠣᠯᠣᠨ᠎ᠠ᠃

      ᠬᠠᠳᠠᠭᠠᠯᠠᠬᠤ ᠳᠠᠭᠠᠨ ᠰᠠᠶᠢᠨ ᠬᠠᠳᠠᠭᠰᠠᠨ ᠮᠣᠳᠣᠨ

ᠦᠷ᠎ᠡ ᠪᠠᠨ ᠮᠡᠳᠡᠢ᠂ ᠠᠪᠳᠠᠷ᠎ᠠ᠂ ᠮᠣᠳᠣᠨ ᠰᠠᠭᠤᠯᠭ᠎ᠠ᠂ ᠰᠠᠭᠰᠤ᠂

ᠭᠠᠨᠭ᠌ ᠵᠡᠷᠭᠡ ᠰᠠᠪᠠᠨ ᠳᠤ ᠬᠢᠵᠦ ᠬᠠᠭᠤᠷᠠᠢ ᠪᠥᠭᠡᠳ ᠰᠡᠷᠢᠭᠦᠨ᠂

ᠰᠠᠯᠬᠢ ᠵᠢᠪᠡᠷ ᠨᠡᠪᠳᠡᠷᠡᠬᠦ ᠵᠣᠭᠤᠷᠠᠢ᠂ ᠬᠦᠮᠦᠷᠭᠡ ᠪᠤᠶᠤ

ᠲᠤᠰᠬᠠᠢ ᠦᠷ᠎ᠡ ᠬᠠᠳᠠᠭᠠᠯᠠᠬᠤ ᠭᠡᠷ ᠲᠤ ᠪᠦᠷ ᠬᠠᠳᠠᠭᠠᠯᠠᠵᠤ

ᠪᠣᠯᠣᠨ᠎ᠠ᠃ ᠣᠷᠲᠤ ᠬᠤᠭᠤᠴᠠᠭ᠎ᠠ ᠪᠠᠷ ᠬᠠᠳᠠᠭᠠᠯᠠᠬᠤ ᠪᠤᠶᠤ

ᠠᠮᠠᠷᠬᠠᠨ ᠰᠣᠶᠣᠭᠠᠯᠠᠳᠠᠭ ᠮᠣᠳᠣᠨ ᠦᠷ᠎ᠡ ᠶᠢ

ᠬᠠᠳᠠᠭᠠᠯᠠᠬᠤ ᠳᠠᠭᠠᠨ ᠰᠢᠯ ᠰᠠᠪᠠ᠂ ᠱᠠᠵᠠᠩ ᠰᠠᠪᠠ ᠂ ᠲᠡᠮᠦᠷ

ᠰᠠᠪᠠ ᠪᠣᠶᠣ ᠰᠦᠯᠢᠶᠦᠦ ᠤᠭᠤᠳᠠ ᠳᠤ ᠬᠢᠵᠦ ᠠᠮᠠᠰᠠᠷ ᠢ ᠨᠢ

ᠯᠠ ᠪᠠᠷ ᠯᠠᠳᠠᠵᠦ᠂ ᠡᠰᠡᠭᠦᠯ᠎ᠡ ᠨᠠᠭᠠᠵᠤ ᠪᠢᠳᠠᠭᠦᠮᠵᠢᠯᠡᠨ᠎ᠡ᠃

ᠦᠷ᠎ᠡ ᠶᠢ ᠰᠠᠪᠠᠯᠠᠬᠤ ᠎ ᠠᠴᠠ ᠡᠮᠦᠨ᠎ᠡ ᠰᠠᠪᠠ ᠪᠠᠨ 30%᠎ ᠶᠢᠨ

ᠪᠦᠷᠮᠡᠯᠢᠨ ᠤ ᠠᠭᠤᠰᠤᠮᠠᠯ ᠢᠶᠠᠷ ᠠᠷᠢᠭᠤᠳᠬᠠᠨ᠎ᠠ᠃ ᠡᠭᠦᠨ ᠠᠴᠠ

ᠬᠠᠳᠠᠨ᠎ᠠ ᠴᠢᠬᠢᠭ ᠠᠴᠠ ᠰᠠᠷᠭᠡᠶᠢᠯᠡᠬᠦ ᠶᠢᠨ ᠲᠤᠰᠠᠲᠠ ᠰᠠᠪᠠ

ᠲᠣᠳᠣᠷ᠎ᠠ ᠪᠠᠨ ᠡᠾᠯᠦᠷᠲᠦ ᠺᠠᠯᠽ᠂ ᠲᠦᠭᠦᠭᠡᠢ ᠴᠣᠬᠤᠢ᠂ ᠮᠣᠳᠣᠨ

ᠨᠡᠭᠦᠷᠡᠰᠦ ᠵᠡᠷᠭᠡ ᠶᠢ ᠬᠢᠨ᠎ᠡ᠃ ᠮᠣᠳᠣᠨ ᠨᠡᠭᠦᠷᠡᠰᠦ ᠪᠠ

ᠲᠦᠭᠦᠭᠡᠢ ᠴᠤᠬᠤᠢ ᠶᠢ ᠦᠷ᠎ᠡ ᠬᠠᠳᠠᠭᠠᠯᠠᠬᠤ ᠰᠠᠪᠠᠨ ᠳᠤ

ᠬᠢᠬᠦ ᠳᠡᠭᠡᠨ ᠨᠢᠭᠡ ᠳᠠᠪᠬᠤᠷ ᠨᠢᠭᠡ ᠲᠠᠪᠬᠤᠷ ᠢᠶᠠᠷ ᠬᠢᠨ᠎ᠡ᠃

ᠬᠡᠷᠪᠡ ᠢᠯᠵᠠᠷᠠᠵᠤ ᠸᠠᠯᠠᠬᠤ ᠪᠠᠶᠢᠳᠠᠯ ᠭᠠᠷᠪᠠᠯ ᠲᠠᠷᠦᠢ

ᠲᠦᠷᠭᠡᠨ ᠰᠠᠪᠠᠨ ᠠᠴᠠ ᠭᠠᠷᠭᠠᠨ ᠠᠪᠴᠦ ᠨᠠᠷᠠᠨ ᠳᠤ

ᠡᠭᠡᠭᠡᠭᠰᠡᠨ ᠤ ᠲᠠᠷᠠᠭ᠎ᠠ ᠰᠠᠪᠠ ᠪᠠᠨ ᠲᠠᠬᠢᠨ ᠠᠷᠢᠭᠤᠳᠬᠠᠵᠤ

ᠦᠷ᠎ᠡ ᠪᠠᠨ ᠰᠠᠪᠠᠯᠠᠨ᠎ᠠ᠃ 

     ᠴᠢᠬᠢᠭ ᠲᠠᠢ ᠬᠠᠳᠠᠭᠠᠯᠠᠬᠤ ᠠᠷᠭ᠎ᠠ᠄ ᠮᠣᠳᠣᠨ ᠤ ᠦᠷ᠎ᠡ ᠶᠢ

ᠴᠢᠬᠢᠭ ᠲᠠᠢ ᠬᠠᠳᠠᠭᠠᠯᠠᠬᠤ ᠭᠡᠳᠡᠭ ᠨᠢ ᠦᠷ᠎ᠡ ᠶᠢᠨ

ᠲᠣᠳᠣᠷᠠᠬᠢ ᠣᠰᠣᠨ ᠤ ᠠᠭᠤᠯᠣᠭᠳᠠᠴᠠ ᠶᠢ ᠲᠣᠷᠣᠭᠰᠢᠯᠠᠭᠤᠯᠬᠤ

ᠦᠭᠡᠢ ᠪᠠᠷ ᠰᠡᠷᠢᠭᠦᠨ ᠭᠠᠵᠠᠷ ᠬᠠᠳᠠᠭᠠᠯᠠᠬᠤ ᠶᠢ ᠬᠡᠯᠡᠵᠦ

ᠪᠤᠢ᠃ ᠡᠭᠦᠨ ᠳᠤ᠂ ᠨᠦᠭᠡᠨ ᠳᠤ ᠬᠠᠳᠠᠭᠠᠯᠠᠬᠤ ᠪᠠ ᠣᠪᠣᠭᠠᠯᠠᠵᠤ

ᠬᠠᠳᠠᠭᠠᠯᠠᠬᠤ ᠬᠤᠶᠠᠷ ᠵᠣᠶᠢᠯ ᠤᠨ ᠠᠷᠭ᠎ᠠ ᠪᠠᠶᠢᠳᠠᠭ᠃ 

     1. ᠨᠥᠭᠡᠨ ᠳᠤ ᠬᠠᠳᠠᠭᠠᠯᠠᠬᠤ ᠠᠷᠭ᠎ᠠ᠃ ᠤᠰᠤ

ᠲᠠᠳᠠᠷᠠᠭᠤᠯᠬᠤ ᠳᠠᠭᠠᠨ ᠰᠠᠶᠢᠨ᠂ ᠦᠨᠳᠦᠷᠯᠢᠭ ᠪᠥᠭᠡᠳ

ᠬᠠᠭᠤᠷᠠᠢ ᠭᠠᠵᠠᠷ ᠲᠤ 1 — 1.5 ᠮᠧᠲᠷ ᠥᠷᠭᠡᠨ᠂ ᠤᠷᠲᠤ ᠶᠢᠨ

ᠬᠡᠮᠵᠢᠶ᠎ᠡ ᠶᠢ ᠬᠠᠳᠠᠭᠠᠯᠠᠬᠤ ᠦᠷ᠎ᠡ ᠶᠢᠨ ᠶᠡᠭᠡ ᠪᠠᠭ᠎ᠠ ᠶᠢᠨ

ᠬᠢᠷᠢ ᠪᠠᠷ ᠲᠤᠭᠳᠠᠭᠠᠵᠤ᠂ ᠭᠦᠨ ᠤ ᠬᠡᠮᠵᠢᠶ᠎ᠡ ᠶᠢ ᠨᠢ

ᠬᠥᠷᠥᠰᠦᠨ ᠲᠤᠤᠷᠠᠬᠢ ᠤᠰᠤᠨ ᠲᠥᠪᠰᠢᠨ ᠠᠴᠠ ᠲᠡᠭᠡᠷ᠎ᠡ᠂

ᠬᠦᠯᠳᠡᠭᠦᠦ ᠭᠦᠷᠦᠰᠦᠨ ᠳᠠᠪᠬᠤᠷᠭ᠎ᠠ ᠠᠴᠠ ᠲᠤᠭᠤᠤᠷ

ᠪᠠᠶᠢᠯᠭᠠᠨ᠎ᠠ᠃ ᠨᠥᠭᠡᠨ ᠤ ᠢᠷᠣᠭᠠᠷ ᠲᠤ ᠬᠠᠶᠢᠷ ᠴᠢᠯᠠᠭᠤ᠂

ᠡᠯᠡᠰᠦ ᠵᠡᠷᠭᠡ ᠶᠢ ᠲᠠᠪᠢᠰᠴᠦ᠂ ᠨᠢᠭᠡ ᠬᠤᠪᠢ ᠦᠷ᠎ᠡ ᠭᠤᠷᠪᠠᠨ

ᠬᠤᠪᠢ ᠡᠯᠡᠰᠦ ᠬᠤᠯᠢᠵᠤ ᠨᠦᠭᠡᠨ ᠳᠡᠭᠡᠨ ᠬᠢᠨ᠎ᠡ᠃ ᠡᠰᠡᠭᠦᠯ᠎ᠠ

ᠨᠢᠭᠡ ᠲᠠᠪᠬᠤᠷ ᠡᠯᠡᠰᠦ ᠲᠡᠪᠢᠰᠪᠠᠯ ᠨᠢᠭᠡ ᠲᠠᠪᠬᠤᠷ ᠦᠷ᠎ᠡ

ᠬᠢᠨ᠎ᠡ᠃ ᠭᠡᠬᠦ ᠳᠡᠭᠡᠨ ᠨᠦᠭᠡᠨ ᠤ ᠢᠷᠮᠡᠭ ᠠᠴᠠ 10 — 30

ᠰᠡᠨᠲ᠋ᠢᠮᠧᠲᠷ ᠪᠣᠯᠳᠠᠯ᠎ᠠ ᠦᠷ᠎ᠡ ᠪᠠᠨ ᠬᠢᠵᠦ᠂ ᠳᠡᠭᠡᠷ᠎ᠡ ᠨᠢ

ᠡᠯᠡᠰᠦ ᠰᠢᠷᠦᠢ ᠪᠠᠷ ᠪᠣᠯᠬᠤ ᠪᠤᠶᠤ ᠰᠢᠰᠢ ᠶᠢᠨ ᠡᠰᠢ ᠪᠠᠷ

ᠪᠥᠳᠦᠭᠡᠨ᠎ᠡ᠃ ᠨᠦᠭᠡ ᠶᠢᠨ ᠲᠤᠮᠳᠠ ᠰᠢᠰᠢ ᠶᠢᠨ ᠡᠰᠢ ᠶᠢᠨ

ᠰᠢᠷᠤᠭ ᠨᠢᠭᠡ ᠶᠢ ᠬᠠᠳᠬᠤᠵᠤ ᠬᠡᠢ ᠠᠭᠠᠷ ᠨᠠᠪᠳᠠᠷᠠᠭᠦᠯᠦᠨ᠎ᠡ᠃ 

     2. ᠣᠪᠣᠭᠠᠯᠠᠵᠤ ᠬᠠᠳᠠᠭᠠᠯᠠᠬᠤ ᠠᠷᠭ᠎ᠠ᠃ ᠭᠡᠷ ᠲᠣᠳᠣᠷ᠎ᠠ ᠪᠣᠶᠣ

ᠭᠠᠳᠠᠨ᠎ᠠ ᠪᠦᠷ ᠡᠨᠡ ᠠᠷᠭ᠎ᠠ ᠶᠢ ᠭᠡᠷᠡᠭᠯᠡᠵᠦ ᠪᠣᠯᠣᠨ᠎ᠠ᠃

ᠭᠡᠷ ᠲᠤ ᠣᠪᠣᠭᠠᠯᠠᠵᠤ ᠬᠠᠳᠠᠭᠠᠯᠠᠬᠤ ᠳᠤ ᠭᠡᠢ ᠠᠭᠠᠷ ᠰᠠᠶᠢᠨ

ᠨᠡᠪᠳᠡᠷᠡᠬᠦ ᠨᠠᠷᠠᠨ ᠤ ᠭᠡᠷᠡᠯ ᠰᠢᠭᠤᠳ ᠲᠤᠰᠬᠤ ᠦᠭᠡᠢ ᠭᠡᠷ

ᠪᠣᠶᠣ ᠭᠠᠵᠠᠷ ᠲᠤᠤᠷᠠᠬᠢ ᠥᠷᠥᠭᠡ ᠶᠢ ᠰᠤᠩᠭᠤᠨ᠎ᠠ᠃ ᠤᠷᠢᠳᠠᠪᠠᠷ

ᠭᠠᠵᠠᠷ ᠳᠡᠭᠡᠷ᠎ᠡ ᠪᠠᠨ ᠡᠯᠡᠰᠦ ᠲᠠᠪᠢᠰᠴᠦ᠂ ᠲᠠᠷᠠᠭ᠎ᠠ ᠨᠢ

ᠨᠢᠭᠡ ᠲᠠᠪᠬᠤᠷ ᠦᠷ᠎ᠡ ᠬᠢᠪᠡᠯ ᠨᠢᠭᠡ ᠳᠠᠪᠬᠤᠷ ᠡᠯᠡᠰᠦ ᠬᠢᠵᠦ᠂

ᠦᠷ᠎ᠡ ᠡᠯᠡᠰᠦ ᠶᠢ ᠲᠠᠪᠬᠤᠷᠯᠠᠨ ᠲᠠᠯᠪᠢᠵᠦ᠂ 1.5 — 2 ᠲᠤᠬᠤᠢ

ᠦᠨᠳᠦᠷ ᠣᠪᠣᠭᠠᠯᠠᠨ᠎ᠠ᠃ ᠤᠷᠲᠤ ᠶᠢᠨ ᠬᠡᠪᠴᠢᠶ᠎ᠡ ᠪᠠᠷ 3 ᠲᠣᠬᠤᠢ

ᠠᠯᠠᠤᠰᠯᠠᠬᠤ ᠪᠦᠷᠢ ᠨᠢᠭᠡ ᠡᠪᠡᠰᠦᠨ ᠰᠢᠷᠤᠭ ᠲᠠᠯᠪᠢᠨ᠎ᠠ᠃

      ᠭᠠᠳᠠᠨ᠎ᠠ ᠣᠪᠣᠭᠠᠯᠠᠵᠤ ᠬᠠᠳᠠᠭᠠᠯᠠᠬᠤ ᠳᠤ ᠲᠡᠭᠰᠢ᠂

ᠬᠠᠭᠤᠷᠠᠢ ᠭᠠᠵᠠᠷ ᠢ ᠰᠤᠩᠭᠤᠵᠤ᠂ ᠦᠷ᠎ᠡ ᠡᠯᠡᠰᠦ ᠶᠢ ᠬᠤᠯᠢᠵᠤ

ᠣᠪᠣᠭᠠᠯᠠᠬᠤ ᠪᠣᠶᠣ ᠦᠷ᠎ᠡ ᠡᠯᠡᠰᠦ ᠶᠢ ᠲᠠᠪᠬᠤᠷᠯᠠᠨ ᠲᠠᠯᠪᠢᠬᠤ

ᠠᠷᠭ᠎ᠠ ᠪᠠᠷ ᠣᠪᠣᠭᠠᠯᠠᠨ᠎ᠠ᠃ ᠳᠠᠷᠠᠭ᠎ᠠ ᠨᠢ ᠦᠷ᠎ᠡ ᠶᠢᠨ

ᠣᠪᠣᠭ᠎ᠠ ᠪᠠᠨ ᠪᠥᠳᠦᠭᠡᠵᠦ ᠪᠣᠷᠣᠭᠠᠨ ᠪᠠ ᠬᠤᠯᠣᠭᠠᠨ᠎ᠠ ᠶᠢᠨ

ᠬᠥᠨᠥᠭᠡᠯ ᠠᠴᠠ ᠰᠡᠷᠭᠡᠶᠢᠯᠡᠨ᠎ᠡ᠃ ᠴᠡᠷᠡᠰᠦᠨ ᠤ ᠲᠥᠷᠥᠯ᠂

ᠲᠠᠤᠯᠠᠢ ᠶᠢᠨ ᠪᠥᠭᠡᠷ᠎ᠡ᠂ ᠬᠤᠰᠢᠭ᠎ᠠ ᠪᠣᠯᠣᠨ ᠰᠢᠳ ᠵᠡᠷᠭᠡ ᠶᠢᠨ

ᠦᠷ᠎ᠡ ᠶᠢ ᠢᠡᠭᠬᠢᠵᠦ ᠬᠠᠳᠠᠭᠠᠯᠠᠵᠤ ᠪᠣᠯᠣᠨ᠎ᠠ᠃ 

                           

 

  《​ᠮᠠᠯ ᠲᠠᠷᠢᠶᠠᠯᠠᠩ ᠤᠨ ᠬᠡᠷᠡᠭᠯᠡᠭᠡᠨ ᠤ ᠰᠢᠨ᠎ᠡ ᠮᠡᠷᠭᠡᠵᠢᠯ》​ ᠭᠡᠬᠦ ᠨᠣᠮ ᠠᠴᠠ ᠪᠠᠭᠤᠯᠭᠠᠪᠠ