ᠷᠧᠨ ᠡᠯ ᠬᠤᠸᠠᠨ ᠨᠤᠳᠤᠭ ᠤᠰᠤ  ᠪᠠᠨ ᠨᠤᠮᠢᠨ ᠨᠤᠭᠤᠭᠠᠨ ᠢᠶᠠᠷ ᠬᠦᠪᠴᠢᠯᠠᠨ᠎ᠠ
ᠨᠡᠶᠢᠲᠡᠯᠡᠭᠰᠡᠨ ᠴᠠᠭ᠄
2024/7/13
 

         ᠵᠤᠨ ᠤ ᠡᠬᠢ ᠪᠠᠷ ᠤᠷᠠᠳ ᠤᠨ ᠬᠤᠶᠢᠲᠤ ᠬᠤᠰᠢᠭᠤᠨ ᠤ  ᠲᠠᠴᠢᠷᠰᠢᠬᠰᠠᠨ ᠨᠤᠲᠤᠭ ᠪᠡᠯᠴᠢᠭᠡᠷ ᠤᠨ ᠠᠮᠢ ᠠᠬᠤᠢ ᠶᠢ ᠵᠠᠰᠠᠨ ᠰᠡᠷᠭᠦᠭᠡᠬᠦ

ᠢᠨᠵᠧᠨᠧᠷᠢᠩ ᠤᠨ ᠲᠤᠬᠠᠢ ᠶᠢᠨ ᠲᠠᠯᠠᠪᠠᠶ ᠳᠤ᠂ ᠰᠢᠨ᠎ᠡ ᠪᠠᠷ ᠳᠠᠷᠢᠭᠰᠠᠨ ᠨᠠᠶᠢᠯᠵᠠᠭᠤᠷ ᠬᠠᠷᠭᠠᠨ᠎ᠠ ᠵᠢᠭᠳᠡᠷᠡᠨ᠂ ᠨᠡᠬᠢᠶ᠎ᠠ ᠰᠤᠶᠤᠭ᠎ᠠ ᠨᠢ ᠵᠥᠭᠡᠯᠡᠨ ᠰᠠᠯᠬᠢᠨ ᠳᠤ

ᠢᠪᠡᠬᠡᠭᠳᠠᠨ᠎ᠠ᠃ ᠷᠧᠨ ᠡᠯ ᠬᠤᠸᠠᠨ ᠥᠩᠭᠡᠷᠡᠭᠰᠡᠨ ᠤ ᠬᠢ ᠲᠠᠢ ᠠᠳᠠᠯᠢ ᠪᠠᠷ ᠠᠮᠢ ᠠᠬᠤᠢ ᠶᠢᠨ ᠰᠡᠷᠭᠦᠭᠡᠯᠲᠡ ᠶᠢᠨ ᠲᠤᠬᠠᠢ ᠶᠢᠨ ᠲᠠᠯᠠᠪᠠᠢ ᠳᠤ ᠬᠦᠷᠴᠦ  ᠦᠪᠡᠷ ᠤᠨ

ᠲᠠᠷᠢᠬᠰᠠᠨ ᠨᠠᠶᠢᠯᠵᠠᠭᠤᠷ ᠬᠠᠷᠭᠠᠨ᠎ᠠ ᠶᠢᠨ ᠤᠷᠭᠤᠯᠲᠠ ᠶᠢᠨ ᠪᠠᠶᠢᠳᠠᠯ ᠢ ᠪᠠᠶᠢᠴᠠᠭᠠᠨ  ᠦᠵᠡᠨ᠎ᠠ᠃

         ᠷᠧᠨ ᠡᠯ ᠬᠤᠸᠠᠨ ᠤᠯᠠᠭᠠᠨᠬᠤᠰᠢᠭᠤ ᠭᠠᠴᠠᠭ᠎ᠠ ᠶᠢᠨ ᠲᠤᠨᠤᠮᠠᠯ ᠲᠠᠪᠢᠬᠦᠷᠯᠢᠭ ᠭᠠᠵᠠᠷ ᠲᠤ 2400 ᠭᠠᠷᠤᠢ ᠮᠦ ᠠᠮᠢ ᠠᠬᠤᠢ ᠶᠢᠨ ᠠᠵᠤ ᠠᠬᠤᠢ ᠶᠢᠨ

ᠤᠢ ᠶᠢ ᠪᠠᠶᠢᠭᠤᠯᠵᠤ᠂ 《 ᠡᠯᠠᠰᠤ ᠤᠷᠤᠬᠰᠢᠯᠠᠵᠤ ᠬᠦᠮᠤᠨ ᠤᠬᠤᠷᠢᠬᠤ》ᠪᠠᠶᠢᠭᠰᠠᠨ ᠠᠴᠠ《 ᠤᠢ ᠮᠤᠳᠤ ᠵᠢᠭᠳᠡᠷᠠᠵᠤ ᠡᠯᠠᠰᠤ ᠮᠠᠩᠬ᠎ᠠ ᠤᠬᠤᠷᠢᠬᠤ》 ᠠᠮᠢ

ᠠᠬᠤᠢ ᠶᠢᠨ ᠬᠤᠪᠢᠷᠠᠯᠲᠠ ᠶᠢ ᠪᠡᠶᠡᠯᠡᠭᠦᠯᠪᠡ᠃ ᠡᠳᠦᠭᠡ᠂ ᠷᠧᠨ ᠡᠯ  ᠬᠤᠸᠠᠨ  ᠡᠯᠡᠰᠦ ᠶᠢ ᠵᠠᠰᠠᠬᠤ ᠵᠠᠮ  ᠢᠶᠠᠨ ᠦᠷᠬᠦᠯᠵᠢᠯᠠᠬᠦᠯᠤᠨ ᠤᠷᠠᠳ ᠤᠨ ᠬᠤᠶᠢᠲᠤ

ᠬᠤᠰᠢᠭᠤᠨ ᠤ  ᠮᠤᠨᠠ ᠠᠭᠤᠯᠠ ᠶᠢᠨ ᠠᠷᠤ ᠬᠤᠷᠮᠣᠢ ᠶᠢᠨ 2.4 ᠲᠦᠮᠡᠨ ᠮᠦ ᠭᠤᠪᠢ ᠶᠢᠨ ᠲᠠᠯ᠎ᠠ ᠨᠤᠲᠤᠭ ᠲᠤ 3200 ᠮᠦ ᠨᠠᠶᠢᠯᠵᠠᠭᠤᠷ ᠬᠠᠷᠭᠠᠨ᠎ᠠ ᠲᠠᠷᠢᠵᠤ᠂

ᠤᠳᠤ ᠨᠢᠭᠡᠨᠲᠡ ᠪᠦᠬᠦᠨ ᠢ ᠲᠠᠷᠢᠵᠦ ᠳᠠᠭᠤᠰᠬᠠᠪᠠ᠂ ᠤᠷᠭᠤᠴᠠ ᠨᠢ ᠴᠦ ᠮᠠᠰᠢ ᠰᠠᠶᠢᠨ ᠪᠠᠶᠢᠨ᠎ᠠ ᠃ ᠮᠤᠨᠠ ᠠᠭᠤᠯᠠ ᠶᠢᠨ ᠠᠷᠤ ᠬᠤᠷᠮᠣᠢ ᠶᠢᠨ ᠠᠮᠢ ᠠᠬᠤᠢ ᠶᠢ

ᠰᠡᠷᠭᠦᠭᠡᠨ ᠵᠠᠰᠠᠬᠤ ᠢᠨᠵᠧᠨᠧᠷᠢᠩ  ᠳᠤ᠂ ᠠᠷᠪᠠ ᠭᠠᠷᠤᠢ ᠵᠢᠯ ᠤᠨ ᠤᠢ ᠮᠣᠳᠣ ᠲᠠᠷᠢᠵᠤ ᠣᠶᠢᠵᠢᠭᠤᠯᠬᠤ ᠪᠠ ᠡᠯᠡᠰᠦ ᠶᠢ ᠰᠡᠷᠭᠡᠶᠢᠯᠡᠨ ᠵᠠᠰᠠᠬᠤ ᠰᠠᠶᠢᠨ ᠲᠤᠷᠰᠢᠯᠭ᠎ᠠ

ᠰᠠᠶᠢᠨ ᠠᠷᠭ᠎ᠠ ᠪᠠᠨ ᠪᠤᠳᠠᠳᠠᠢ ᠬᠡᠷᠡᠭᠯᠡᠵᠦ᠂ ᠨᠤᠲᠤᠭ ᠤᠰᠤᠨ ᠤ ᠪᠠᠨ ᠪᠣᠬᠢᠷᠲᠤᠯ ᠦᠭᠡᠢ ᠠᠮᠢ ᠠᠬᠤᠢ ᠶᠢ ᠰᠡᠷᠭᠦᠭᠡᠨ ᠵᠠᠰᠠᠬᠤ ᠳᠤ ᠥᠪᠡᠷ ᠤᠨ ᠥᠴᠥᠬᠡᠨ ᠬᠦᠴᠦᠨ

ᠴᠢᠳᠠᠯ ᠢᠶᠠᠨ  ᠡᠷᠬᠦᠭᠰᠠᠨ ᠳᠤ  ᠷᠧᠨ ᠡᠯ ᠬᠤᠧᠠᠨ ᠴᠢᠩ ᠰᠡᠳᠬᠢᠯ ᠠᠴᠠ ᠪᠠᠨ ᠪᠠᠶᠠᠰᠤᠨ᠎ᠠ᠃

        ᠤᠯᠠᠭᠠᠨᠬᠤᠰᠢᠭᠤ ᠶᠢᠨ 2400 ᠮᠦ ᠶᠢᠨ ᠲᠤᠨᠤᠮᠠᠯ ᠲᠡᠪᠢᠬᠦᠷᠯᠢᠭ ᠭᠠᠵᠠᠷ ᠠᠴᠠ ᠭᠤᠪᠢ ᠶᠢᠨ ᠲᠠᠯ᠎ᠠ ᠨᠤᠲᠤᠭ ᠤᠨ 2.4 ᠲᠦᠮᠡᠨ ᠮᠦ  ᠳᠤ ᠬᠦᠷᠲᠡᠯ᠎ᠡ᠂ 

ᠲᠠᠬᠦᠨ ᠤ ᠡᠯᠡᠰᠦ ᠶᠢ ᠵᠠᠰᠠᠬᠤ ᠵᠠᠮ  ᠮᠦᠷ ᠨᠢ ᠮᠥᠨ ᠬᠦ ᠦᠷᠭᠦᠯᠵᠢᠯᠡᠭᠰᠡᠭᠡᠷ ᠪᠠᠶᠢᠨ᠎ᠠ᠃

 

ᠢᠷᠡᠯᠲᠡ᠄ ᠤᠷᠠᠳ ᠤᠨ ᠬᠤᠶᠢᠲᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ