ᠰᠢᠲᠠᠮᠠᠬᠠᠢ ᠬᠡᠢ ᠶᠢ ᠵᠥᠪ ᠬᠡᠷᠡᠭᠯᠡᠭᠡᠷᠡᠢ
  
2024/7/10
 

 

      ᠭᠤᠮ ᠬᠤᠭᠤᠯᠠᠢ ᠶᠢ ᠬᠡᠲᠦᠷᠬᠡᠢ ᠤᠷᠲᠤ ᠬᠤᠭᠤᠴᠠᠭ᠎ᠠ ᠪᠠᠷ

ᠬᠡᠷᠡᠭᠯᠡᠵᠦ ᠪᠣᠯᠬᠤ ᠦᠭᠡᠢ

     ᠰᠢᠲᠠᠮᠠᠬᠠᠢ ᠬᠡᠢ ᠶᠢ ᠬᠡᠷᠡᠭᠯᠡᠬᠦ ᠦᠶᠡᠰ᠂ ᠭᠤᠮ

ᠬᠤᠭᠤᠯᠠᠢ ᠶᠢ 18 ᠰᠠᠷ᠎ᠠ ᠬᠡᠷᠡᠭᠯᠡᠪᠡᠯ ᠪᠠᠶᠢᠴᠠᠭᠠᠬᠤ

ᠬᠡᠷᠡᠭᠲᠡᠢ᠂ ᠴᠠᠭ ᠲᠤᠬᠠᠢ ᠳᠤ ᠨᠢ ᠭᠤᠮ ᠬᠤᠭᠤᠯᠠᠢ ᠪᠠ

ᠳᠠᠷᠤᠯᠲᠠ ᠶᠢ ᠪᠠᠭᠤᠷᠠᠭᠤᠯᠬᠤ ᠨᠡᠭᠡᠯᠡᠬᠡᠢ ᠶᠢ ᠰᠤᠯᠢᠵᠤ᠂

ᠬᠡᠢ ᠯᠡᠪᠡᠷᠡᠬᠦ ᠠᠴᠠ ᠰᠡᠷᠭᠡᠶᠢᠯᠡᠨ᠎ᠡ᠃ ᠭᠤᠮ ᠬᠤᠭᠤᠯᠠᠢ ᠶᠢᠨ

ᠤᠷᠲᠤ ᠶᠢ 2 ᠮᠧᠳ᠋ᠷ ᠠᠴᠠ ᠬᠡᠲᠦᠷᠡᠭᠦᠯᠵᠦ ᠪᠣᠯᠬᠤ ᠦᠭᠡᠢ᠃ 

      ᠵᠣᠬᠢᠰ ᠲᠠᠢ ᠬᠠᠳᠠᠭᠠᠯᠠᠨ᠎ᠠ 

     ᠰᠢᠲᠠᠮᠠᠬᠠᠢ ᠬᠡᠢ ᠶᠢ ᠡᠷᠬᠡᠪᠡᠰᠢ ᠰᠠᠯᠬᠢ ᠨᠡᠪᠲᠡᠷᠡᠬᠦ

ᠲᠣᠭᠤᠭᠠᠨ ᠭᠡᠷ ᠲᠤ ᠬᠡᠷᠡᠭᠯᠡᠨ᠎ᠡ᠂ ᠬᠡᠢ ᠯᠡᠪᠡᠷᠡᠪᠡᠯ ᠴᠠᠭ

ᠲᠤᠬᠠᠢ ᠳᠤ ᠨᠢ ᠰᠠᠯᠬᠢ ᠨᠡᠪᠲᠡᠷᠡᠭᠦᠯᠵᠦ᠂ ᠬᠦᠮᠦᠨ

ᠬᠤᠣᠷᠳᠠᠭᠳᠠᠬᠤ ᠪᠠ ᠭᠠᠯ ᠤᠨ ᠠᠶᠤᠯ ᠭᠠᠷᠬᠤ ᠠᠴᠠ

ᠵᠠᠶᠢᠯᠠᠰᠬᠢᠬᠤ ᠬᠡᠷᠡᠭᠲᠡᠢ᠃ ᠡᠭᠦᠨ ᠠᠴᠠ ᠭᠠᠳᠠᠨ᠎ᠠ᠂

ᠰᠢᠲᠠᠮᠠᠬᠠᠢ ᠬᠡᠢ ᠶᠢ ᠡᠷᠭᠡᠪᠡᠰᠢ ᠤᠨᠲᠠᠬᠤ ᠥᠷᠥᠭᠡ᠂ ᠠᠮᠠᠷᠠᠬᠤ

ᠥᠷᠥᠭᠡ ᠠᠴᠠ ᠲᠤᠰᠭᠠᠷᠯᠠᠵᠤ᠂ ᠰᠠᠯᠬᠢ ᠨᠡᠪᠲᠡᠷᠡᠬᠦ

ᠨᠥᠬᠦᠴᠡᠯ ᠢ ᠡᠷᠬᠡᠪᠡᠰᠢ ᠪᠦᠷᠢᠯᠳᠦᠭᠦᠯᠬᠦ ᠬᠡᠷᠡᠭᠲᠡᠢ᠃ 

     ᠰᠢᠲᠠᠮᠠᠬᠠᠢ ᠬᠡᠢ ᠯᠡᠪᠡᠷᠡᠪᠡᠯ ᠳᠠᠷᠦ᠋ᠢᠬᠠᠨ ᠪᠠᠶᠢᠴᠠᠭᠠᠨ᠎ᠠ

      ᠰᠢᠲᠠᠮᠠᠬᠠᠢ ᠬᠡᠢ ᠯᠡᠪᠡᠷᠡᠪᠡᠯ ᠠᠮᠠᠷᠬᠠᠨ

ᠥᠨᠥᠷᠲᠦᠭᠳᠡᠨ᠎ᠡ᠂ ᠦᠮᠡᠬᠡᠢ ᠥᠨᠥᠷ ᠥᠨᠥᠷᠲᠦᠪᠡᠯ᠂ ᠡᠷᠭᠡᠪᠡᠰᠢ

ᠴᠣᠩᠬᠤ ᠪᠠᠨ ᠨᠡᠭᠡᠭᠡᠵᠤ᠂ ᠰᠢᠲᠠᠮᠠᠬᠠᠢ ᠬᠡᠢ ᠶᠢᠨ ᠵᠤᠤᠬ᠎ᠠ᠂

ᠰᠢᠲᠠᠮᠠᠬᠠᠢ ᠬᠡᠢ ᠶᠢᠨ ᠨᠡᠭᠡᠯᠡᠬᠡᠢ ᠪᠠᠨ ᠬᠠᠭᠠᠭᠰᠠᠨ

ᠡᠰᠡᠬᠦ ᠶᠢ ᠪᠠᠶᠢᠴᠠᠭᠠᠬᠤ ᠬᠡᠷᠡᠭᠲᠡᠢ᠃ ᠬᠠᠭᠠᠭᠰᠠᠨ ᠤ

ᠳᠠᠷᠠᠭ᠎ᠠ ᠪᠠᠰᠠ ᠦᠮᠡᠬᠡᠢ ᠥᠨᠥᠷ ᠲᠠᠢ ᠪᠣᠯ ᠰᠢᠲᠠᠮᠠᠬᠠᠢ

ᠬᠡᠢ ᠶᠢᠨ ᠺᠤᠮᠫᠠᠨᠢ ᠶᠢᠨ ᠠᠵᠢᠯᠲᠠᠨ ᠲᠠᠢ ᠳᠠᠷᠦ᠋ᠢᠬᠠᠨ

ᠬᠠᠷᠢᠯᠴᠠᠵᠤ ᠪᠠᠶᠢᠴᠠᠭᠠᠯᠭᠠᠬᠤ ᠬᠡᠷᠡᠭᠲᠡᠢ᠃ ᠲᠤᠰᠬᠠᠢ

ᠮᠡᠷᠭᠡᠵᠢᠯ ᠤᠨ ᠬᠦᠮᠦᠰ ᠬᠦᠷᠴᠦ ᠢᠷᠡᠬᠦ ᠠᠴᠠ ᠡᠮᠦᠨ᠎ᠡ᠂

ᠶᠠᠭᠠᠬᠢᠭᠰᠠᠨ ᠴᠤ ᠥᠷᠥᠭᠡᠨ ᠳᠤ ᠪᠠᠨ ᠰᠠᠭᠤᠵᠤ ᠪᠣᠯᠬᠤ ᠦᠭᠡᠢ᠂

ᠳ᠋ᠧᠩ ᠠᠰᠠᠭᠠᠵᠤ ᠪᠣᠯᠬᠤ ᠦᠭᠡᠢ᠂ ᠨᠡᠩ ᠴᠤ ᠢᠯᠡ ᠭᠠᠯ ᠬᠡᠷᠡᠭᠯᠡᠵᠦ

ᠪᠣᠯᠬᠤ ᠦᠭᠡᠢ᠃

       ᠰᠢᠲᠠᠮᠠᠬᠠᠢ ᠪᠤᠳᠠᠰ ᠢ ᠵᠤᠤᠬᠠᠨ ᠠᠴᠠ ᠬᠤᠯᠠ ᠲᠠᠯᠪᠢᠬᠤ 

      ᠰᠢᠲᠠᠮᠠᠬᠠᠢ ᠬᠡᠢ ᠶᠢᠨ ᠵᠤᠤᠬ᠎ᠠ ᠶᠢᠨ ᠡᠷᠬᠢᠨ

ᠲᠣᠭᠤᠷᠢᠨ ᠳᠤ ᠲᠣᠰᠣᠨ ᠯᠣᠩᠬᠤ᠂ ᠠᠷᠢᠬᠢᠨ ᠯᠣᠩᠬᠤ᠂

ᠪᠠᠭᠰᠤᠷᠭ᠎ᠠ ᠶᠢᠨ ᠯᠣᠩᠬᠤ ᠵᠡᠷᠭᠡ ᠲᠣᠭᠤᠭᠠᠨ ᠭᠡᠷ ᠲᠤ

ᠦᠷᠭᠦᠯᠵᠢ ᠬᠡᠷᠡᠭᠯᠡᠳᠡᠭ ᠡᠯ᠎ᠡ ᠵᠦᠢᠯ ᠤᠨ ᠪᠤᠳᠠᠰ ᠢ ᠲᠠᠯᠪᠢᠵᠤ

ᠪᠣᠯᠬᠤ ᠦᠭᠡᠢ᠃ ᠪᠠᠰᠠ ᠴᠠᠭᠠᠰᠤᠨ ᠬᠠᠶᠢᠷᠴᠠᠭ᠂ ᠬᠤᠯᠤᠰᠤᠨ ᠰᠠᠭᠰᠤ

ᠵᠡᠷᠭᠡ ᠪᠤᠳᠠᠰ ᠢ ᠲᠠᠯᠪᠢᠵᠤ ᠪᠣᠯᠬᠤ ᠦᠭᠡᠢ᠂ ᠭᠠᠯ ᠭᠠᠷᠬᠤ ᠠᠴᠠ

ᠵᠠᠶᠢᠯᠠᠰᠬᠢᠬᠤ ᠬᠡᠷᠡᠭᠲᠡᠢ᠃       

   

 

 

  ᠰᠤᠶᠤᠯ《NMTV》​ ᠸᠢᠴᠠᠲ ᠲᠠᠪᠴᠠᠩ