45 ᠵᠢᠯ ᠤᠨ ᠳᠠᠷᠠᠭ᠎ᠠ ᠨᠣᠳᠤᠭ ᠪᠤᠴᠠᠯ᠎ᠠ
ᠨᠡᠶᠢᠲᠡᠯᠡᠭᠰᠡᠨ ᠴᠠᠭ᠄
2024/6/3

      ᠠᠭᠠᠷ ᠲᠡᠭᠷᠢ ᠳᠤ ᠠᠯᠠᠭᠠᠨ ᠴᠢᠨᠡᠭᠡᠨ ᠡᠭᠦᠯᠡ ᠴᠣ᠋ ᠦᠭᠡᠢ ᠵᠤᠨ ᠤ ᠡᠭᠢᠨ ᠤ ᠨᠢᠭᠡᠨ ᠦᠷᠯᠦᠭᠡ ᠡᠷᠳᠡ ᠪᠠᠶᠢᠵᠣ ᠪᠢᠯᠡ︕ ᠪᠢ ᠭᠡᠷ ᠤᠨ ᠭᠦᠮᠣᠨ ᠲᠠᠢ ᠪᠠᠨ

ᠬᠤᠶᠠᠭᠤᠯᠡ ᠦᠷᠯᠦᠭᠡ ᠶᠢᠨ ᠬᠤᠭᠤᠯᠠ ᠢᠲᠡᠮᠡᠭᠴᠠ ᠣᠷᠠᠳ ᠤᠨ ᠲᠣᠮᠳᠠᠳᠣ ᠬᠤᠰᠢᠭᠤᠨ ᠤ ᠲᠦᠪ ᠬᠠᠯᠢᠭᠤᠳᠣ ᠪᠠᠯᠭᠠᠰᠣᠨ ᠠᠴᠠ ᠮᠠᠰᠢᠨ ᠲᠡᠷᠭᠡ ᠪᠠᠨ

ᠵᠢᠯᠣᠭᠤᠳᠣᠨ᠂ ᠣᠷᠠᠳ ᠤᠨ ᠬᠤᠶᠢᠳᠣ ᠬᠤᠰᠢᠭᠤᠨ ᠤ ᠪᠠᠶᠠᠨᠴᠢᠨᠲᠠᠮᠣᠨᠢ ᠰᠣᠮᠣᠨ ᠤ ᠪᠠᠶᠠᠨᠭᠦ᠋ᠷᠢᠶ᠎ᠠ ᠭᠠᠴᠠᠭ᠎ᠠ ᠶᠢ ᠴᠢᠭᠯᠡᠪᠠ᠃ ᠵᠠᠮ ᠲᠣᠷᠰᠢ ᠦᠶ᠎ᠠ ᠦᠶ᠎ᠡ

ᠨᠣᠭᠤᠭᠠᠨ ᠲᠠᠯ᠎ᠠ᠂ ᠦᠶ᠎ᠡ ᠦᠶ᠎ᠡ ᠬᠤᠪᠠᠭ᠋ᠠᠢ ᠲᠠᠯ᠎ᠠ᠂ ᠦᠶ᠎ᠡ ᠦᠶ᠎ᠡ ᠬᠤᠵᠢᠭᠡᠷ ᠡᠯᠡᠰᠣ ᠶᠢ ᠲᠣᠭᠤᠯᠣᠭᠰᠠᠭᠠᠷ ᠪᠠᠶᠢᠭᠠᠳ ᠠᠷᠪᠠᠨ ᠴᠠᠭ ᠪᠤᠯᠬᠤ ᠳᠤ ᠪᠠᠭ᠎ᠠ ᠶᠢᠨ

ᠨᠣᠳᠤᠭ ᠪᠠᠶᠠᠨᠭᠦ᠋ᠷᠢᠶ᠎ᠠ ᠭᠠᠴᠠᠭᠠᠨ ᠳᠤ ᠭᠦᠷᠣᠭᠡᠳ ᠢᠷᠡᠯ᠎ᠡ᠃ ᠮᠦᠷ ᠮᠦᠷ ᠵᠢᠭᠲᠡᠷᠡᠭᠰᠠᠨ ᠰᠦᠷᠯᠢᠭ ᠰᠠᠶᠢᠬᠠᠨ ᠰᠢᠨᠡᠭᠡᠨ ᠴᠠᠭᠠᠨ ᠪᠠᠶᠢᠰᠢᠩ ᠤᠨ ᠡᠭᠦᠲᠡ ᠪᠠᠷ ᠮᠠᠰᠢ

ᠣᠯᠠᠨ ᠮᠠᠰᠢᠨ ᠲᠡᠷᠭᠡ ᠵᠣᠭᠰᠣᠵᠣ ᠪᠠᠶᠢᠯ᠎ᠠ᠃ ᠡᠨᠡ ᠪᠤᠯ ᠪᠠᠶᠠᠨᠭᠦ᠋ᠷᠢᠶ᠎ᠡ ᠭᠠᠴᠠᠭᠠᠨ ᠤ ᠲᠦᠪ᠂ ᠭᠠᠴᠠᠭᠠᠨ ᠤ ᠣᠳᠣᠷᠢᠳᠬᠤ ᠪᠠᠭ ᠤᠨ ᠠᠯᠪᠠᠯᠠᠬᠤ ᠭᠠᠵᠠᠷ ᠪᠤᠯᠣᠨ᠎ᠠ᠃

ᠭᠤᠶᠣ ᠰᠠᠶᠢᠬᠠᠨ ᠠᠭᠤᠲᠠᠮ ᠰᠠᠷᠠᠭᠤᠯ ᠬᠤᠷᠠᠯ ᠴᠣᠭᠯᠠᠭᠠᠨ ᠤ ᠲᠠᠩᠭᠢᠮ ᠳᠤᠨᠢ ᠮᠣᠩᠭᠤᠯ ᠢᠶᠠᠷ ᠢᠶᠠᠨ ᠭᠤᠶᠣᠯᠠᠵᠣ ᠪᠤᠭᠤᠷᠣᠯᠴᠣᠳ ᠢᠶᠠᠷ ᠭᠤᠣᠯᠯᠠᠭᠰᠠᠨ ᠵᠠᠭᠤᠭᠠᠳ

ᠭᠦᠮᠣᠨ ᠴᠣᠭᠯᠠᠷᠠᠨ ᠭᠦᠮᠣᠰ ᠤᠨ ᠠᠩᠬᠠᠷᠣᠯ ᠢ ᠲᠡᠲᠡᠵᠣ ᠪᠠᠶᠢᠯ᠎ᠠ᠃ ᠡᠨᠡ ᠪᠤᠯ ᠪᠠᠶᠠᠨᠭᠦ᠋ᠷᠢᠶ᠎ᠡ ᠭᠠᠴᠠᠭᠠᠨ ᠤ ︽ᠬᠠᠲᠠᠨ ᠵᠣᠷᠢᠭᠳᠣ ᠡᠷᠣᠭᠡ ᠶᠢᠨ ᠴᠡᠷᠢᠭ ᠤᠨ

ᠵᠢᠷᠭᠤᠳᠣᠭᠠᠷ ᠰᠣᠮᠣᠨ︾ ᠤ ᠡᠷᠣᠭᠡ ᠶᠢᠨ ᠴᠡᠷᠢᠭ ᠤᠳ ᠲᠤ ᠢᠷᠠᠭᠤ ᠠᠯᠲᠠᠷ ᠤᠨ ᠲᠡᠮᠲᠡᠭ ᠵᠡᠭᠦᠯᠭᠡᠵᠣ ᠦᠨᠠᠮᠯᠠᠯ ᠣᠯᠭᠤᠬᠤ ᠪᠠ ︽ᠥᠪᠥᠷ ᠮᠣᠩᠭᠤᠯ ᠤᠨ ᠲᠡᠮᠣᠷ

ᠭᠡᠣᠭᠡᠨᠴᠣᠳ︾ ᠭᠡᠰᠠᠨ ᠨᠣᠮ ᠢ ᠲᠠᠷᠬᠠᠭᠠᠬᠤ ᠶᠣᠰᠣᠯᠠᠯ ᠶᠠᠪᠤᠭᠲᠠᠵᠣ ᠪᠠᠶᠢᠭ᠎ᠠ ᠶᠣᠮ᠃

111.1.jpg

     

        ᠪᠢ ᠡᠨᠡᠬᠦ ︽ᠬᠠᠲᠠᠨ ᠵᠣᠷᠢᠭᠳᠣ ᠡᠷᠣᠭᠡ ᠶᠢᠨ ᠴᠡᠷᠢᠭ ᠤᠨ ᠵᠢᠷᠭᠤᠳᠣᠭᠠᠷ ᠰᠣᠮᠣᠨ︾ ᠤ ᠡᠷᠣᠭᠡ ᠶᠢᠨ ᠴᠡᠷᠢᠭ ᠤᠨ ᠢᠷᠠᠭᠤ ᠠᠯᠲᠠᠷ ᠤᠨ ᠲᠡᠮᠲᠡᠭ ᠢ

ᠵᠡᠬᠦᠵᠣ ᠦᠨᠠᠮᠯᠠᠯ ᠢ ᠭᠠᠷᠲᠠᠭᠠᠳ ᠲᠣᠩ ᠶᠡᠭᠡ ᠣᠮᠣᠭᠰᠢᠨ ᠵᠣᠷᠢᠭᠵᠢᠵᠣ ᠪᠢᠯᠡ᠃ ᠪᠢ 1978 ᠣᠨ ᠤ 7 ᠳ᠋ᠣᠭᠠᠷ ᠰᠠᠷ᠎ᠠ ᠳᠤ ᠲᠣᠰ ᠭᠠᠴᠠᠭᠠᠨ ᠤ ᠡᠷᠣᠭᠡ ᠶᠢᠨ

ᠴᠡᠷᠢᠭ ᠪᠤᠯᠣᠭᠰᠠᠨ ᠪᠦᠭᠡᠳ ᠲᠣᠰ ᠵᠢᠯ ᠤᠨ 12 ᠳ᠋ᠣᠭᠠᠷ ᠰᠠᠷ᠎ᠠ ᠳᠤ ᠠᠷᠠᠳ ᠤᠨ ᠴᠢᠯᠣᠭᠡᠯᠡᠬᠦ ᠴᠡᠷᠢᠭ ᠲᠤ ᠤᠷᠣᠭᠰᠠᠨ ᠶᠣᠮ᠃ ᠢᠩᠬᠢᠵᠣ ᠨᠣᠳᠤᠭ ᠠᠴᠠ ᠪᠠᠨ

ᠰᠠᠯᠵᠣ ᠶᠠᠪᠤᠭᠠᠳ ᠲᠦᠴᠢᠨ ᠲᠡᠪᠤᠨ ᠵᠢᠯ ᠤᠨ ᠲᠠᠷᠠᠭ᠎ᠠ ᠪᠠᠭ᠎ᠠ ᠶᠢᠨ ᠨᠣᠳᠤᠭ ᠪᠠᠶᠠᠨᠭᠦ᠋ᠷᠢᠶ᠎ᠠ ᠭᠠᠴᠠᠭᠠᠨ ᠳᠤ ᠠᠩᠬ᠎ᠠ ᠤᠲᠠᠭ᠎ᠠ ᠢᠷᠡᠵᠣ ᠪᠠᠶᠢᠭ᠎ᠠ ᠨᠢ ᠡᠨᠡ ᠪᠢᠯᠡ︕

ᠡᠪᠯᠢᠭ ᠲᠣᠭᠢᠯᠢᠭ ᠭᠡᠷ ᠪᠠᠶᠢᠰᠢᠩ ᠲᠠᠢ ᠪᠤᠯᠵᠣ᠂ ᠢᠲᠠᠵᠣ ᠡᠮᠣᠰᠬᠦ ᠠᠴᠠ ᠠᠪᠤᠭᠠᠳ ᠡᠳ᠋ᠯᠠᠵᠣ ᠭᠡᠷᠡᠭᠯᠡᠭᠦ ᠶᠠᠭᠤᠮ᠎ᠠ ᠭᠦᠷᠲᠡᠯ᠎ᠠ ᠡᠯᠪᠡᠭ ᠲᠡᠯᠪᠡᠭ ᠪᠤᠯᠵᠣ᠂ ᠴᠠᠷᠲᠠᠮᠠᠯ

ᠵᠠᠮ ᠨᠡᠪᠲᠡᠷᠡᠨ᠂ ᠲᠡᠷᠭᠡ ᠮᠠᠰᠢᠨ ᠠᠶᠢᠯ ᠪᠤᠯᠭᠠᠨ ᠳᠤ ᠲᠦᠭᠡᠮᠠᠯᠵᠢᠵᠣ᠂ ᠴᠠᠭ ᠦᠶ᠎ᠠ ᠶᠢᠨ ᠬᠤᠪᠢᠷᠠᠯᠲᠠ ᠭᠦᠭᠵᠢᠯᠲᠠ ᠶᠢ ᠲᠠᠭᠠᠯᠳᠣᠨ ᠰᠢᠨ᠎ᠠ ᠭᠦᠭᠵᠢᠯᠲᠠ

ᠬᠤᠪᠢᠷᠠᠯᠲᠠ ᠲᠠᠢ ᠪᠤᠯᠣᠭᠰᠠᠨ ᠨᠣᠳᠤᠭ ᠢᠶᠠᠨ ᠬᠠᠷᠠᠭᠠᠳ ᠣᠮᠣᠭᠰᠢᠨ ᠪᠠᠶᠠᠷᠯᠠᠯ᠎ᠠ᠃ ᠭᠡᠪᠡᠴᠣ ᠬᠠᠮᠠᠷ ᠬᠠᠳᠬᠤᠬᠤ ᠡᠪᠡᠰᠣ ᠦᠭᠡᠢ ᠪᠤᠯᠣᠭᠰᠠᠨ ᠬᠠᠯᠴᠠᠭᠠᠢ ᠪᠡᠯᠴᠢᠭᠡᠷ

ᠲᠡᠭᠡᠷ᠎ᠡ ᠪᠠᠶᠢᠭ᠎ᠠ ᠡᠴᠡᠵᠣ ᠲᠣᠷᠠᠭᠰᠠᠨ ᠮᠠᠯ ᠰᠦᠷᠦᠭ ᠪᠤᠯᠣᠨ ᠨᠢᠷᠣᠭᠤ ᠨᠢ ᠪᠥᠭᠴᠥᠶᠢᠵᠦ ᠭᠦᠯ ᠨᠢ ᠮᠠᠶᠢᠵᠢᠢᠭᠰᠠᠨ ᠨᠣᠳᠤᠭ ᠤᠨ ᠢᠶᠠᠨ ᠨᠠᠰᠣᠲᠠᠨ ᠪᠤᠭᠤᠷᠣᠯᠴᠣᠳ

ᠵᠢᠴᠢ ᠨᠠᠶᠢᠵᠠ ᠨᠦᠬᠦᠳ ᠢ ᠦᠵᠡᠭᠡᠳ ᠡᠯᠢᠭᠡ ᠵᠢᠷᠣᠭᠡ ᠮᠢᠨᠢ ᠡᠮᠲᠡᠷᠡᠵᠣ ᠪᠠᠶᠢᠯ᠎ᠠ᠃ ᠬᠡᠳᠣᠨ ᠵᠢᠯ ᠲᠠᠷᠠᠭᠠᠯᠠᠨ ᠭᠦᠨᠳᠣ ᠰᠦᠷᠡᠭᠡᠢ ᠭᠠᠩ ᠤᠨ ᠭᠠᠮᠰᠢᠭ ᠪᠤᠯᠵᠣ

ᠨᠣᠳᠤᠭ ᠤᠨ ᠮᠠᠯᠴᠢᠨ ᠠᠷᠠᠳ ᠨᠢ ᠪᠠᠭ᠎ᠠ ᠪᠤᠰᠣ ᠭᠠᠴᠢᠭᠲᠠᠵᠣ ᠵᠦᠲᠡᠷᠡᠭᠰᠠᠨ ᠢ ᠤᠯᠵᠤ ᠰᠣᠨᠣᠰᠣᠭᠠᠳ ᠦᠪᠡᠷ ᠤᠨ ᠡᠷᠭᠡ ᠦᠭᠡᠢ ᠰᠡᠳᠭᠢᠯ ᠣᠶᠠᠷᠠᠵᠣ᠂ ᠬᠠᠷᠮᠠᠨ

 ᠳᠠᠬᠢ ᠨᠢᠭᠡ ᠮᠢᠩᠭᠠᠨ ᠲᠦᠭᠦᠷᠢᠭ ᠢᠶᠠᠨ ᠭᠠᠷᠭᠠᠨ᠂ ᠭᠠᠩ ᠤᠨ ᠭᠠᠮᠰᠢᠭ ᠲᠤ ᠲᠠᠭᠠᠷᠢᠭᠲᠠᠨ ᠭᠠᠴᠢᠭᠲᠠᠵᠣ ᠪᠠᠶᠢᠭ᠎ᠠ ᠨᠣᠳᠤᠭ ᠤᠨ ᠢᠶᠠᠨ ᠮᠠᠯᠴᠢᠨ ᠠᠷᠠᠳ ᠲᠤ ᠪᠠᠭ᠎ᠠ

ᠴᠣ᠋ ᠭᠡᠰᠠᠨ ᠲᠣᠰᠠ ᠲᠡᠮᠵᠢᠯᠭᠡ ᠦᠵᠡᠭᠦᠯᠦᠶ᠎ᠠ ᠭᠡᠵᠣ ᠭᠠᠴᠭᠠᠨ ᠤ ᠣᠳᠣᠷᠢᠳᠣᠯᠭ᠎ᠠ ᠳᠤᠨᠢ ᠭᠠᠷᠲᠠᠭᠤᠯᠬᠤ ᠳᠤ ᠲᠠᠷᠠ ᠮᠠᠨᠢ ᠮᠠᠰᠢ ᠶᠡᠭᠡ ᠰᠡᠳᠭᠢᠯ ᠲᠣᠭᠳᠣᠯᠣᠨ᠄ ︽

ᠦᠨᠡᠨ ᠰᠡᠳᠭᠢᠯ ᠠᠴᠠ ᠪᠠᠨ ᠪᠠᠶᠠᠷᠯᠠᠨ ᠲᠠᠯᠠᠷᠬᠠᠵᠣ ᠪᠠᠶᠢᠨ᠎ᠠ︾ ᠭᠡᠳ ᠨᠢᠳᠣᠨ ᠳᠡᠭᠡᠨ ᠨᠢᠯᠪᠤᠰᠣ ᠮᠡᠯᠲᠡᠭᠨᠡᠭᠦᠯᠵᠣ ᠪᠠᠶᠢᠯ᠎ᠠ︕

      ᠨᠣᠳᠤᠭ ᠤᠨ ᠢᠶᠠᠨ ᠮᠠᠯ ᠤᠨ ᠮᠢᠬ᠎ᠠ ᠲᠠᠢ ᠠᠮᠲᠠᠲᠣ ᠬᠤᠭᠤᠯᠠ ᠶᠢ ᠠᠶᠠᠲᠠᠶᠢᠬᠠᠨ ᠵᠣᠭᠤᠭᠯᠠᠵᠣ᠂ ︽ᠪᠠᠶᠠᠷᠲᠠᠢ︾ ᠭᠡᠳ ᠠᠶᠠᠷᠯᠠᠨ ᠰᠠᠯᠬᠤ ᠦᠶ᠎ᠠ ᠳᠤ

ᠰᠢᠮᠰᠢᠷᠠᠵᠣ ᠪᠠᠶᠢᠭ᠎ᠠ ᠰᠡᠳᠭᠢᠯ ᠵᠢᠷᠣᠭᠡᠨ ᠳᠤ ᠮᠢᠨᠢ ᠶᠠᠭᠤ ᠨᠢᠭᠡ ᠶᠢ ᠪᠤᠳᠣᠭᠲᠠᠭᠤᠯᠵᠣ ᠪᠠᠶᠢᠯ᠎ᠠ ᠁

ᠢᠷᠡᠯᠲᠡ᠄ ᠪᠠᠶᠠᠨᠨᠠᠭᠤᠷ ᠤᠨ ᠰᠤᠨᠢᠨ