ᠡᠨᠡ ᠬᠠᠪᠤᠷ ᠰᠣᠶᠣᠯ ᠵᠢᠭᠤᠯᠴᠢᠯᠠᠯ ᠤᠨ ᠬᠡᠷᠡᠭᠯᠡᠭᠡᠨ ᠤ ᠠᠮᠢᠵᠢᠷᠠᠯ ᠤᠨ ᠬᠦᠴᠦᠨ ᠲᠡᠭᠦᠯᠳᠡᠷ ᠪᠤᠯᠵᠤ ᠪᠠᠶᠢᠨ᠎ᠠ
ᠨᠡᠶᠢᠲᠡᠯᠡᠭᠰᠡᠨ ᠴᠠᠭ᠄
2024/4/16

        ᠵᠢᠶᠠᠩᠰᠢ ᠶᠢᠨ ᠦᠶᠤᠸᠠᠨ ᠳᠤ᠂ ᠪᠠᠭᠰᠢᠷᠠᠨ ᠰᠢᠷᠭᠠᠯᠳᠤᠬᠰᠠᠨ ᠰᠢᠯᠢᠮᠳᠡᠭ ᠤᠨ ᠴᠡᠴᠡᠭ ᠨᠢ ᠴᠠᠭᠠᠨ ᠬᠡᠷᠡᠮ ᠲᠠᠢ  ᠸᠠᠭᠠᠷ ᠤᠨ ᠰᠡᠷᠡᠪᠴᠢ ᠎ ᠲᠠᠢ ᠪᠠᠷᠢᠯᠭ᠎ᠠ 

᠎ ᠨᠤᠭᠤᠳ ᠲᠠᠢ ᠥᠩᠭᠡ ᠢᠯᠭᠠᠷᠠᠨ ᠲᠡᠯᠭᠡᠷᠡᠵᠦ᠂ ᠵᠢᠭᠤᠯᠴᠢᠯᠠᠬᠰᠠᠳ ᠤᠨ ᠰᠣᠨᠢᠷᠬᠠᠯ ᠢ ᠲᠠᠲᠠᠨ᠎ᠡ︔ ᠾᠧᠨᠠᠨ ᠤ ᠯᠦᠸᠧᠶᠠᠩ  ᠎ ᠳᠤ  ᠰᠢᠨ᠎ᠡ  ᠲᠦᠷᠦᠯ  ᠎ ᠤᠨ  

ᠮᠠᠨᠳᠠᠷᠠᠸ᠎ᠠ  ᠴᠡᠴᠡᠭ ︽ᠭᠤᠷᠪᠠᠨ  ᠰᠠᠷ᠎ᠠ ᠶᠢᠨ  ᠴᠠᠬᠢᠷᠮ᠎ᠠ︾  ᠪᠠᠳᠠᠷᠠᠨ ᠳᠡᠯᠭᠡᠷᠡᠵᠦ᠂ ᠥᠨᠢᠷ ᠪᠠᠶᠠᠯᠢᠭ ᠥᠩᠭᠡ  ᠪᠤᠳᠤᠭ  ᠎ ᠢᠶᠠᠷ  ᠎ ᠢᠶᠠᠨ  ᠮᠠᠰᠢ  ᠣᠯᠠᠨ  ᠴᠡᠴᠡᠭ  

ᠰᠤᠨᠢᠷᠬᠠᠴᠢᠳ ᠎ ᠤᠨ ᠰᠣᠨᠢᠷᠬᠠᠯ ᠢ ᠲᠠᠲᠠᠨ᠎ᠡ᠁ 

       ᠬᠠᠩᠰᠢ ᠶᠢᠨ ᠠᠮᠠᠷᠠᠯᠲᠠ ᠶᠢᠨ ᠬᠤᠭᠤᠴᠠᠭᠠᠨ ᠳᠤ᠂ ᠲᠥᠷᠥᠯ  ᠰᠠᠳᠤᠨ ᠢᠶᠠᠨ ᠡᠷᠭᠢᠵᠦ ᠦᠵᠡᠬᠦ᠂  ᠵᠢᠭᠤᠯᠴᠢᠯᠠᠬᠤ᠂ ᠬᠠᠪᠤᠷ ᠵᠤᠭᠠᠴᠠᠬᠤ ᠵᠡᠷᠭᠡ ᠭᠠᠳᠠᠬᠰᠢ 

ᠭᠠᠷᠬᠤ ᠬᠡᠷᠡᠭᠴᠡᠭᠡ ᠰᠤᠯᠪᠢᠴᠠᠨ ᠳᠠᠪᠬᠤᠴᠠᠪᠠ᠃  ᠰᠣᠶᠣᠯ  ᠵᠢᠭᠤᠯᠴᠢᠯᠠᠯ ᠤᠨ  ᠶᠠᠮᠤᠨ ᠤ ᠲᠤᠭ᠎ᠠ ᠪᠠᠷᠢᠮᠲᠠ ᠶᠢᠨ ᠲᠥᠪ ᠤᠨ  ᠲᠥᠰᠦᠭᠡᠯᠡᠨ  ᠪᠤᠳᠤᠭᠰᠠᠨ ᠢᠶᠠᠷ᠂  

ᠠᠮᠠᠷᠠᠯᠲᠠ ᠶᠢᠨ  3  ᠡᠳᠦᠷ ᠲᠤ  ᠪᠥᠬᠦ ᠤᠯᠤᠰ ‍ᠤᠨ‌ᠤᠯᠤᠰ ᠤᠨ ᠳᠣᠲᠣᠭᠠᠳᠤ ᠳᠤ 1.  19  ᠳ᠋ᠦᠩᠰᠢᠭᠤᠷ  ᠬᠥᠮᠦᠨ ᠤᠳᠠᠭ᠎ᠠ  ᠵᠢᠭᠤᠯᠴᠢᠯᠠᠵᠤ᠂  

ᠬᠠᠷᠢᠴᠠᠭᠤᠯᠵᠤ ᠪᠣᠯᠬᠤ ᠪᠠᠷᠢᠮᠵᠢᠶ᠎ᠠ ᠪᠠᠷ  2019  ᠣᠨ ᠤ ᠠᠳᠠᠯᠢ  ᠬᠤᠭᠤᠴᠠᠭᠠᠨ ᠤ ᠬᠢ ᠠᠴᠠ  ᠎ ᠪᠠᠨ 11.5%᠎ ᠪᠠᠷ  ᠨᠡᠮᠡᠭᠳᠡᠪᠡ︔  ᠤᠯᠤᠰ ᠤᠨ

ᠳᠣᠲᠣᠭᠠᠳᠤ ᠶᠢᠨ ᠵᠢᠭᠤᠯᠴᠢᠯᠠᠭᠰᠠᠳ ᠤᠨ ᠵᠢᠭᠤᠯᠴᠢᠯᠠᠬᠤ ᠵᠠᠷᠤᠳᠠᠯ 539.5 ᠳ᠋ᠦᠩᠰᠢᠭᠤᠷ ᠲᠥᠭᠦᠷᠢᠭ ᠲᠤ ᠬᠦᠷᠴᠦ᠂ 2019 ᠣᠨ ᠤ ᠠᠳᠠᠯᠢ 

ᠬᠤᠭᠤᠴᠠᠭᠠᠨ ᠤ ᠬᠢ ᠠᠴᠠ ᠎ ᠪᠠᠨ 12.7 %᠎ ᠪᠠᠷ ᠨᠡᠮᠡᠭᠳᠡᠪᠡ᠃

        ᠲᠤᠭᠤᠷ ᠤᠨ ᠴᠡᠴᠡᠭ᠂ ᠠᠯᠢᠮ᠎ᠠ ᠶᠢᠨ ᠴᠡᠴᠡᠭ᠂ ᠰᠢᠯᠢᠮᠳᠡᠭ ᠤᠨ  ᠴᠡᠴᠡᠭ᠂  ᠮᠠᠨᠳᠠᠷᠠᠸ᠎ᠠ ᠴᠡᠴᠡᠭ᠁  ᠬᠠᠪᠤᠷ ᠤᠨ ᠴᠡᠴᠡᠭ ᠰᠣᠨᠢᠷᠬᠠᠬᠤ ᠨᠢ ᠰᠣᠶᠣᠯ 

ᠵᠢᠭᠤᠯᠴᠢᠯᠠᠯ ᠤᠨ ᠵᠠᠬ᠎ᠠ  ᠳᠡᠯᠭᠡᠭᠦᠷ ᠲᠠᠬᠢ ᠨᠢᠳᠦ ᠭᠢᠯᠠᠰᠤᠮ᠎ᠠ ᠰᠢᠨ᠎ᠡ ᠨᠡᠮᠡᠭᠳᠡᠯ ᠤᠨ ᠴᠡᠭ ᠪᠤᠯᠵᠠᠢ᠃

        ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂  3  ᠰᠠᠷ᠎ᠠ ᠠᠴᠠ  ᠨᠠᠭᠠᠰᠢ᠂  ︽ᠴᠡᠴᠡᠭ ᠰᠣᠨᠢᠷᠬᠠᠬᠤ︾  ︽ᠬᠠᠪᠤᠷ ᠵᠤᠭᠠᠴᠠᠬᠤ︾ ᠎ ᠶᠢᠨ ᠡᠭᠦᠳᠡᠨ 

ᠪᠢᠯᠧᠲ ᠤᠨ ᠵᠠᠬᠢᠶᠠᠯᠠᠭ᠎ᠠ ᠶᠢᠨ ᠬᠡᠮᠵᠢᠶ᠎ᠡ ᠠᠳᠠᠯᠢ  ᠬᠤᠭᠤᠴᠠᠭᠠᠨ ᠤ ᠬᠢ ᠠᠴᠠ  ᠎ ᠪᠠᠨ 7  ᠳᠠᠬᠢᠨ ᠰᠢᠬᠠᠮ  ᠨᠡᠮᠡᠭᠳᠡᠵᠦ᠂  ᠴᠡᠴᠡᠭ  ᠰᠣᠨᠢᠷᠬᠠᠬᠤ  ᠬᠠᠮᠢᠶ᠎ᠠ  ᠪᠥᠬᠦᠶ  

ᠪᠦᠲᠦᠭᠡᠭᠳᠡᠬᠦᠨ ᠤ  ᠵᠠᠬᠢᠶᠠᠯᠠᠭ᠎ᠠ ᠶᠢᠨ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ ᠎ ᠪᠠᠨ 3 ᠳᠠᠬᠢᠨ ᠢᠯᠡᠭᠦᠦ ᠨᠡᠮᠡᠭᠳᠡᠪᠡ᠃ 

       ︽ᠬᠠᠪᠤᠷ ᠵᠤᠭᠠᠴᠠᠵᠤ ᠴᠡᠴᠡᠭ ᠰᠣᠨᠢᠷᠬᠠᠵᠦ᠂ ᠡᠨᠡ ᠬᠠᠪᠤᠷ ᠰᠣᠶᠣᠯ ᠵᠢᠭᠤᠯᠴᠢᠯᠠᠯ ᠤᠨ  ᠬᠡᠷᠡᠭᠯᠡᠭᠡᠨ ᠤ ᠠᠮᠢᠵᠢᠷᠠᠯ ᠤᠨ ᠬᠦᠴᠦᠨ ᠲᠡᠭᠦᠯᠳᠡᠷ ᠪᠤᠯᠵᠤ ᠪᠠᠶᠢᠨ᠎ᠠ᠂ 

ᠡᠨᠡ ᠎ ᠨᠢ ᠰᠣᠶᠣᠯ ᠵᠢᠭᠤᠯᠴᠢᠯᠠᠯ ᠤᠨ ᠬᠡᠷᠡᠭᠯᠡᠭᠡᠨ ᠤ  ᠯᠤᠲᠤ  ᠶᠡᠭᠡ  ᠳᠠᠯᠳᠠ  ᠬᠦᠴᠦᠨ ᠢ ᠢᠯᠡᠷᠡᠭᠦᠯᠦᠭᠰᠡᠨ ᠢᠶᠠᠷ ᠪᠠᠷᠠᠬᠤ ᠥᠬᠡᠶ᠂ ᠪᠠᠰᠠ ᠰᠣᠶᠣᠯ ᠵᠢᠭᠤᠯᠴᠢᠯᠠᠯ ᠤᠨ 

ᠬᠡᠷᠡᠭᠯᠡᠭᠡᠨ ᠤ ᠲᠠᠰ ᠳᠡᠪᠰᠢᠭᠰᠡᠨ ᠤ  ᠨᠢᠭᠡᠨ  ᠢᠯᠡᠷᠡᠯ ᠪᠣᠯᠤᠨ᠎ᠠ︾ ᠭᠡᠵᠦ ᠮᠸᠢᠢᠲ᠋ᠤᠸᠠᠨ ᠪᠦᠯᠬᠦᠮ ᠤᠨ ᠰᠤᠳᠤᠯᠭᠠᠨ ᠤ ᠬᠦᠷᠢᠶᠡᠯᠡᠩ ᠤᠨ ᠳᠡᠳ᠋ ᠳᠠᠷᠤᠭ᠎ᠠ ᠯᠢ ᠵᠢᠶ ᠸᠧᠶ 

ᠬᠡᠯᠡᠪᠡ᠃ 

       ᠡᠨᠡ  ᠵᠢᠯ ᠠᠴᠠ  ᠨᠠᠭᠠᠰᠢ᠂  ᠰᠣᠶᠣᠯ  ᠵᠢᠭᠤᠯᠴᠢᠯᠠᠯ ᠤᠨ ᠬᠡᠷᠡᠭᠯᠡᠭᠡ ᠰᠠᠶᠢᠨ  ᠬᠥᠭᠵᠢᠯᠲᠡ ᠶᠢᠨ   ᠬᠠᠨᠳᠤᠰᠢ ᠪᠠᠨ‌ᠦᠷᠭᠦᠯᠵᠢᠯᠡᠨ ᠪᠠᠲᠤᠯᠠᠵᠤ᠂ 

ᠬᠡᠪᠴᠢᠶ᠎ᠡ ᠨᠢ  ᠨᠡᠮᠡᠭᠳᠡᠬᠦ ᠶᠢᠨ  ᠬᠠᠮᠲᠤ  ᠪᠦᠲᠦᠴᠡ ᠨᠢ ᠦᠷᠭᠦᠯᠵᠢᠯᠡᠨ  ᠥᠪᠡᠷᠮᠢᠴᠡ᠂ ᠣᠯᠠᠨ ᠶᠠᠩᠵᠤ ᠶᠢᠨ ᠪᠣᠯᠵᠣ ᠲᠠᠰ ᠳᠡᠪᠰᠢᠪᠡ᠃ ᠬᠥᠮᠦᠰ ᠎ ᠤᠨ ᠪᠠᠶᠢᠭᠠᠯᠢ ᠲᠠᠢ 

ᠣᠶᠢᠷᠠᠲᠤᠵᠤ᠂ ᠪᠡᠶ᠎ᠡ ᠰᠡᠳᠬᠢᠯ ᠢᠶᠠᠨ  ᠲᠠᠶᠢᠪᠤᠰᠢᠷᠠᠭᠤᠯᠬᠤ ᠱᠠᠭᠠᠷᠳᠠᠯᠭ᠎ᠠ ᠲᠠᠰᠤᠷᠠᠯᠲᠠ ᠥᠬᠡᠶ ᠨᠡᠮᠡᠭᠳᠡᠵᠦ᠂ ᠬᠠᠪᠤᠷ ᠴᠡᠴᠡᠭ ᠰᠣᠨᠢᠷᠬᠠᠬᠤ ᠨᠢ ᠵᠤᠭᠠᠴᠠᠨ ᠰᠡᠯᠡᠭᠦᠴᠡᠬᠦ 

ᠬᠠᠯᠠᠮᠰᠢᠯ ᠰᠣᠩᠭᠤᠯᠲᠠ ᠪᠣᠯᠵᠠᠶ᠃

        ︽ᠵᠠᠰᠠᠭ ᠤᠨ ᠣᠷᠳᠣᠨ ᠤ ᠠᠵᠢᠯ ᠤᠨ ᠢᠯᠡᠳᠬᠡᠯ︾᠎ ᠳᠤ᠄ ︽ᠣᠶᠤᠨᠴᠢ ᠬᠡᠷ ᠤᠨ ᠬᠡᠷᠡᠭᠰᠡᠯ᠂ ᠰᠣᠶᠣᠯ  ᠵᠢᠭᠤᠯᠴᠢᠯᠠᠯ᠂ ᠪᠡᠶ᠎ᠡ ᠶᠢᠨ ᠲᠠᠮᠢᠷ ᠤᠨ ᠤᠷᠤᠯᠳᠤᠭᠠᠨ᠂ 

ᠤᠯᠤᠰ ᠤᠨ ᠪᠠᠷᠠᠭ᠎ᠠ ︿ ᠴᠠᠭ ᠤᠨ ᠤᠷᠤᠰᠬᠠᠯᠲᠤ  ᠪᠠᠷᠠᠭ᠎ᠠ  ﹀  ᠵᠡᠷᠭᠡ  ᠬᠡᠷᠡᠭᠯᠡᠭᠡᠨ ‍ᠤ‌‍ᠰᠢᠨ᠎ᠡ ᠨᠡᠮᠡᠭᠳᠡᠯ ᠤᠨ ᠴᠡᠭ ᠢ ᠢᠳᠡᠪᠬᠢᠲᠡᠶ ᠪᠤᠶᠢᠵᠢᠭᠤᠯᠤᠨ᠎ᠠ︾ ᠭᠡᠵᠦ 

ᠲᠤᠷᠠᠳᠪᠠ᠃ ᠡᠯ᠎ᠡ ᠭᠠᠵᠠᠷ ᠤᠨ ᠬᠢᠨ ᠴᠡᠴᠡᠭ ᠰᠣᠨᠢᠷᠬᠠᠬᠤ ᠬᠡᠷᠡᠭᠯᠡᠭᠡᠨ ᠤ ᠬᠡᠷᠡᠭᠴᠡᠭᠡ ᠶᠢᠨ ᠰᠢᠨ᠎ᠡ ᠬᠠᠨᠳᠤᠰᠢ ᠶᠢ  ᠰᠠᠯᠤᠯ  ᠥᠬᠡᠶ  ᠳᠠᠭᠠᠵᠤ᠂  ᠲᠣᠰ  ᠭᠠᠵᠠᠷ ᠤᠨ  

ᠠᠵᠤ  ᠦᠢᠯᠡᠰ ᠤᠨ ᠣᠨᠴᠠᠯᠢᠭ ᠲᠠᠢ ᠤᠶᠠᠯᠳᠤᠭᠤᠯᠤᠨ᠂ ᠣᠯᠠᠨ ᠶᠠᠩᠵᠤ ᠶᠢᠨ ᠠᠵᠢᠯᠯᠠᠭ᠎ᠠ ᠡᠷᠭᠢᠯᠡᠨ ᠰᠢᠨ᠎ᠡ ᠶᠢ ᠡᠭᠦᠳᠴᠦ᠂  ᠵᠢᠭᠤᠯᠴᠢᠯᠠᠭᠰᠠᠳ ᠲᠤ ᠨᠠᠩ ᠡᠯᠪᠡᠭ 

ᠪᠠᠶᠠᠯᠢᠭ ᠲᠣᠭᠤᠷᠢᠨ ᠦᠵᠡᠬᠦ ᠣᠶᠢᠯᠠᠭᠠᠯᠲᠠ ᠬᠠᠩᠭᠠᠵᠤ᠂ ᠬᠥᠮᠦᠰ ᠤᠨ ᠬᠡᠷᠡᠭᠯᠡᠭᠡᠨ ᠤ  ᠬᠠᠯᠠᠭᠤᠨ  ᠰᠡᠳᠬᠢᠯᠭᠡ ᠶᠢ ᠴᠢᠨᠠᠬᠰᠢᠳᠠ ᠬᠥᠭᠵᠢᠭᠡᠵᠦ ᠪᠠᠶᠢᠨ᠎ᠠ᠃ 

      ᠬᠠᠪᠤᠷ ᠴᠡᠴᠡᠭ ᠰᠣᠨᠢᠷᠬᠠᠬᠤ ᠨᠢ ᠨᠠᠩ ᠰᠣᠶᠣᠯ ᠤᠨ ᠦᠨᠦᠷ ᠠᠮᠲᠠ ᠲᠠᠢ  ᠪᠤᠯᠪᠠ᠃  ᠾᠧᠨᠠᠨ ᠤ  ᠯᠦᠸᠧᠶᠠᠩ ᠳᠤ᠂ ᠬᠢᠲᠠᠳ ᠬᠤᠪᠴᠠᠰᠤ ᠡᠮᠦᠰᠴᠦ 

ᠴᠡᠴᠡᠭ ᠤᠨ ᠲᠠᠯᠠᠢ ᠪᠠᠷ ᠲᠣᠭᠤᠷᠢᠬᠤ ᠨᠢ ᠮᠠᠰᠢ ᠤᠯᠠᠨ  ᠵᠠᠯᠠᠭᠤᠴᠤᠳ ᠤᠨ  ᠰᠢᠨ᠎ᠡ  ᠤᠷᠤᠰᠬᠠᠯ ᠪᠣᠯᠵᠠᠢ᠃ ᠵᠢᠶᠠᠩᠰᠦ ᠶᠢᠨ ᠨᠠᠨᠵᠢᠩ ᠤᠨ ᠮᠦᠸᠧ ᠴᠸᠦ ᠬᠤ᠋ 

ᠴᠡᠴᠡᠷᠯᠢᠭ ᠎ ᠲᠤ  ︽ᠬᠠᠶᠢᠲᠠᠩ  +  ᠤᠯᠤᠰ ᠤᠨ  ᠰᠠᠯᠬᠢ︾  ᠭᠡᠬᠦ ᠬᠠᠶᠢᠲᠠᠩ ᠴᠡᠴᠡᠭ ᠤᠨ ᠴᠤᠭᠯᠠᠭᠠᠨ ᠳᠡᠭᠡᠷ᠎ᠡ᠂ ᠬᠥᠮᠦᠰ ᠎ ᠪᠠᠷ ᠵᠢᠷᠤᠭ᠂  ᠵᠢᠷᠤᠭ ᠤᠨ  ᠪᠦᠯᠬᠦᠮ ᠤᠨ  

ᠳᠡᠪᠢᠭᠦᠷ᠂  ᠤᠷᠭᠤᠮᠠᠯ ᠤᠨ ᠳᠠᠷᠤᠮᠠᠯᠯᠠᠯ ᠵᠡᠷᠭᠡ ᠤᠯᠠᠮᠵᠢᠯᠠᠯᠲᠤ ᠭᠠᠷ ᠤᠷᠠᠯᠠᠯ ᠢ ᠪᠡᠶᠡᠴᠢᠯᠡᠨ ᠣᠶᠢᠯᠠᠭᠠᠵᠤ᠂ ᠴᠡᠴᠡᠭ ᠰᠣᠨᠢᠷᠬᠠᠬᠤ ᠶᠢᠨ ᠵᠡᠷᠪᠡᠷ  ᠤᠯᠠᠮᠵᠢᠯᠠᠯᠲᠤ

ᠰᠣᠶᠣᠯ ᠤᠨ ᠷᠢᠳᠢ ᠰᠢᠳᠢ ᠶᠢ ᠮᠡᠳᠡᠷᠡᠨ ᠤᠶᠢᠯᠠᠭᠠᠵᠦ ᠪᠤᠢ᠃ 

       ᠬᠠᠪᠤᠷ ᠴᠡᠴᠡᠭ ᠰᠣᠨᠢᠷᠬᠠᠬᠤ ᠨᠢ ᠨᠠᠩ ᠭᠦᠨ ᠲᠥᠷᠥᠭᠳᠡᠯ ᠲᠠᠢ ᠪᠤᠯᠪᠠ᠃ ᠵᠢᠶᠠᠩᠰᠢ ᠶᠢᠨ ᠦᠶᠤᠸᠠᠨ ᠤ ᠶᠠᠨ  ᠲᠢᠶᠠᠨ‌‍ᠲ᠋ᠣᠰᠬᠤᠨ ᠳᠤ᠂ ᠴᠡᠴᠡᠭ ᠰᠣᠨᠢᠷᠬᠠᠬᠤ 

ᠬᠤᠶᠠᠷ ︽ᠵᠢᠵᠢᠭ ᠭᠠᠯᠲᠤ ᠲᠡᠷᠭᠡ︾ ᠵᠢᠭᠤᠯᠴᠢᠯᠠᠭᠰᠠᠳ ᠢ ᠰᠠᠭᠤᠯᠭᠠᠵᠤ  ᠰᠢᠯᠢᠮᠳᠡᠭ  ‍ᠤᠨ‌‍ᠴᠡᠴᠡᠭ ᠤᠨ ᠲᠠᠷᠢᠶᠠᠨ ᠳᠤ ᠣᠷᠣᠵᠤ᠂ ᠴᠡᠴᠡᠭ ᠰᠣᠨᠢᠷᠬᠠᠭᠤᠯᠤᠨ ᠬᠡᠷᠡᠯ 

ᠵᠢᠷᠤᠭ ᠲᠠᠳᠠᠭᠤᠯᠵᠤ ᠪᠠᠶᠠᠴᠢᠯᠠᠨ ᠤᠶᠢᠯᠠᠭᠠᠭᠤᠯᠵᠤ ᠪᠤᠢ᠃ ᠶᠦᠨᠨᠠᠨ ᠤ ᠳ᠋ᠠᠯᠢ ᠳᠤ᠂ ᠠᠷᠠᠳ ᠤᠨ ᠰᠠᠭᠤᠴᠠ ᠶᠢᠨ ᠬᠦᠷᠢᠶᠡᠨ ᠳᠤ ᠰᠣᠷᠭᠤᠭ ᠴᠡᠴᠡᠭ ᠪᠠᠳᠠᠷᠠᠨ 

ᠳᠡᠯᠭᠡᠷᠡᠵᠦ᠂ ᠵᠢᠭᠤᠯᠴᠢᠯᠠᠭᠰᠠᠳ ᠭᠡᠷ ᠠᠴᠠ ᠪᠠᠨ ᠭᠠᠷᠬᠤ ᠦᠭᠡᠢ ᠪᠠᠷ ᠴᠡᠴᠡᠭ ᠰᠤᠨᠢᠷᠬᠠᠵᠦ ᠬᠠᠪᠤᠷ ᠤᠨ ᠰᠠᠶᠢᠨ ᠰᠠᠶᠢᠬᠠᠨ ᠢ ᠮᠡᠳᠡᠷᠡᠨ᠎ᠡ᠃ 

       ᠡᠯ᠎ᠡ ᠭᠠᠵᠠᠷ ᠤᠨ ᠬᠢᠨ ᠬᠠᠪᠤᠷ ᠤᠨ ᠴᠡᠴᠡᠭ ᠰᠣᠨᠢᠷᠬᠠᠬᠤ  ᠪᠠ  ᠬᠡᠭᠡᠷ᠎ᠡ  ᠪᠠᠭᠤᠳᠠᠯᠯᠠᠬᠤ᠂  ᠬᠤᠲᠠ ᠶᠢᠨ  ᠴᠤᠭᠯᠠᠭ᠎ᠠ ᠮᠠᠶᠢᠮᠠᠶ᠂ ᠪᠡᠶ᠎ᠡ ᠶᠢᠨ ᠲᠠᠮᠢᠷ  ᠵᠡᠷᠭᠡ  

ᠡᠵᠡᠩᠨᠡᠯᠲᠡ ᠶᠢᠨ  ᠬᠡᠯᠪᠡᠷᠢ  ᠎ ᠶᠢ  ᠠᠭᠤᠰᠤᠯᠴᠠᠭᠤᠯᠤᠨ  ᠬᠥᠭᠵᠢᠭᠦᠯᠵᠦ᠂  ᠨᠠᠩ  ᠴᠢᠩᠭ᠎ᠠ ᠳᠠᠶᠢᠴᠢᠯᠠᠬᠤ ᠦᠢᠯᠡᠳᠦᠯ ᠢ ᠪᠠᠳᠠᠷᠠᠭᠤᠯᠵᠦ ᠪᠠᠶᠢᠨ᠎ᠠ᠃ ᠴᠥᠭᠡᠨ ᠪᠤᠰᠤ  

ᠦᠵᠡᠮᠵᠢ ᠶᠢᠨ  ᠣᠷᠣᠨ ᠳᠤ  ᠪᠦᠲᠦᠭᠡᠯᠴᠢ  ᠴᠢᠨᠠᠷᠲᠠᠶ ᠴᠡᠴᠡᠭ ᠬᠤᠸᠠᠷ ᠤᠨ ᠡᠷᠭᠢᠨ ᠲᠣᠭᠤᠷᠢᠨ ᠤ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠎ ᠨᠢ  ᠨᠢᠭᠡᠨᠲᠡ  

ᠵᠣᠬᠢᠬᠤ  ᠬᠡᠪᠴᠢᠶ᠎ᠡ ᠪᠦᠬᠦᠢ ᠡᠷᠭᠢᠨ ᠲᠣᠭᠤᠷᠢᠨ ᠤ ᠠᠵᠤ ᠦᠢᠯᠡᠰ ᠪᠣᠯᠵᠤ ᠬᠥᠭᠵᠢᠵᠡᠶ᠃

        ᠶᠦᠨᠨᠠᠨ ᠮᠤᠵᠢ ᠶᠢᠨ ᠬᠤᠩ ᠾᠧ ᠶᠢᠨ ᠬᠠᠨᠢ ᠦᠨᠳᠦᠰᠦᠲᠡᠨ ᠢ ᠦᠨᠳᠦᠰᠦᠲᠡᠨ ᠤ ᠥᠪᠡᠷᠲᠡᠭᠡᠨ ᠵᠠᠰᠠᠬᠤ ᠵᠧᠤ ᠶᠢᠨ ᠺᠠᠶᠢᠶᠤᠸᠠᠨ ᠬᠤᠲᠠ ᠳᠤ᠂ ᠬᠤᠸᠠᠷ 

ᠴᠡᠴᠡᠭ ᠤᠨ  ᠠᠵᠤ  ᠦᠢᠯᠡᠰ  ᠎ ᠢᠶᠠᠷ  ᠠᠷᠠᠳ  ᠣᠯᠠᠨ ᠢ  ᠳᠠᠶᠢᠴᠢᠯᠠᠨ  ᠣᠷᠣᠯᠭ᠎ᠠ ᠶᠢ ᠨᠢ ᠨᠡᠮᠡᠭᠳᠡᠭᠦᠯᠦᠨ ᠪᠠᠶᠠᠵᠢᠭᠤᠯᠵᠤ ᠪᠠᠶᠢᠨ᠎ᠠ᠃  ᠺᠠᠶᠢᠶᠤᠸᠠᠨ  ᠬᠤᠲᠠ  ᠎ ᠨᠢ  

ᠲᠣᠭᠠᠴᠢᠯᠠᠭᠰᠠᠨ  ᠴᠡᠴᠡᠭ  ᠬᠤᠸᠠᠷ ᠤᠨ  ᠪᠦᠬᠦ  ᠠᠵᠤ ᠦᠢᠯᠡᠰ ᠤᠨ ᠬᠡᠯᠬᠢᠶ᠎ᠡ ᠶᠢᠨ  ᠲᠠᠪᠴᠠᠩ ᠢ  ᠨᠡᠭᠡᠭᠡᠵᠦ  ᠴᠡᠴᠡᠭ  ᠲᠠᠷᠢᠬᠴᠢ ᠶᠢ  ᠬᠠᠪᠰᠤᠷᠤᠨ  ᠤᠨᠢᠨ  

ᠳᠡᠭᠡᠷ᠎ᠡ ᠨᠢ  ᠲᠠᠷᠢᠵᠥ᠂ ᠲᠠᠷᠢᠮᠠᠯ ᠤᠨ ᠤᠨᠠᠯᠲᠠ ᠪᠣᠯᠤᠨ ᠶᠠᠰᠤ ᠴᠢᠨᠠᠷ ᠢ ᠎ ᠨᠢ ᠳᠡᠭᠡᠭᠰᠢᠯᠡᠭᠦᠯᠵᠦ ᠪᠤᠢ᠃ ᠺᠠᠶᠢᠶᠤᠸᠠᠨ  ᠬᠤᠲᠠ ᠶᠢᠨ  ᡁᠢ  ᠬᠤᠸᠠ  ᠵᠢᠵᠢᠭ

ᠪᠠᠯᠭᠠᠰᠤᠨ ᠤ ᠪᠠᠶᠢᠭᠤᠯᠤᠭᠰᠠᠨ ᠴᠡᠴᠡᠭ ᠬᠤᠸᠠᠷ ᠢ  ᠰᠤᠳᠤᠯᠤᠨ  ᠨᠡᠭᠡᠭᠡᠬᠦ  ᠲᠠᠷᠢᠮᠠᠯ  ᠎ ᠤᠨ  ᠲᠣᠭᠤᠷᠢᠭ᠂  ᠠᠵᠤ  ᠦᠢᠯᠡᠰ ᠤᠨ ᠠᠭᠤᠰᠤᠯᠴᠠᠯ ᠤᠨ 

ᠦᠢᠯᠡᠴᠢᠯᠡᠭᠡᠨ ᠤ ᠲᠣᠭᠤᠷᠢᠭ᠂ ᠠᠶᠢᠯ ᠲᠣᠰᠬᠤᠨ ᠤ ᠨᠥᠯᠥᠭᠡᠯᠡᠨ ᠳᠠᠶᠢᠴᠢᠯᠠᠬᠤ ᠲᠣᠭᠤᠷᠢᠭ ᠵᠡᠷᠭᠡ  ᠭᠤᠷᠪᠠᠨ ᠶᠡᠭᠡ ᠲᠤᠭᠤᠷᠢᠭ ᠲᠤ᠂ ᠦᠷ᠎ᠡ ᠶᠢ ᠰᠤᠳᠤᠯᠤᠨ ᠨᠡᠭᠡᠭᠡᠬᠦ 

ᠪᠠ ᠦᠷ᠎ᠡ ᠴᠢᠬᠢ  ᠪᠤᠶᠢᠵᠢᠭᠤᠯᠬᠤ ᠶᠢ  ᠠᠬᠢᠭᠤᠯᠬᠤ ᠠᠴᠠ  ᠭᠠᠳᠠᠨ᠎ᠠ᠂ ᠠᠷᠠᠯᠵᠢᠶᠠᠨ ᠤ ᠬᠤᠷᠠᠯ ᠦᠵᠡᠰᠬᠦᠯᠡᠩ ᠤᠨ ᠲᠥᠪ᠂ ᠰᠣᠷᠭᠤᠭ ᠴᠡᠴᠡᠭᠳᠦ ᠪᠠᠭᠤᠳᠠᠯ᠂  

ᠤᠨᠴᠠᠯᠢᠬᠳᠤ  ᠬᠤᠳᠠᠯᠳᠤᠭᠠᠨ ᠤ  ᠵᠡᠭᠡᠯᠢ ᠵᠡᠷᠭᠡ ᠡᠵᠡᠩᠨᠡᠯᠲᠡ ᠶᠢᠨ ᠭᠡᠯᠪᠡᠷᠢ ᠎ ᠲᠠᠢ ᠠᠭᠤᠰᠤᠯᠴᠠᠵᠦ᠂ ᠵᠢᠭᠤᠯᠴᠢᠯᠠᠬᠰᠠᠳ ᠎ ᠢ ᠵᠠᠭᠤᠨ ᠲᠦᠮᠡᠨ  ᠬᠥᠮᠦᠨ  ᠤᠳᠠᠭ᠎ᠠ  

ᠭᠥᠯᠢᠶᠡᠨ ᠠᠪᠴᠠᠶ᠃ 

       ᠲᠤᠰᠬᠠᠶ ᠮᠡᠷᠭᠡᠵᠢᠯᠲᠡᠨ ᠠᠴᠠ᠂ ᠣᠯᠠᠨ ᠶᠠᠩᠵᠤᠲᠤ ᠴᠢᠨᠠᠷ᠂ ᠥᠪᠡᠷᠮᠢᠴᠡ ᠣᠨᠴᠠᠯᠢᠭ ᠢ  ᠡᠵᠡᠮᠳᠡᠵᠦ᠂  ᠪᠠᠶᠢᠭᠠᠯᠢ ᠵᠢᠨ‌ᠦᠵᠡᠮᠵᠢ ᠪᠠ ᠰᠣᠶᠣᠯ ᠢᠷᠭᠡᠨᠰᠢᠯ ᠤᠨ 

ᠡᠬᠢ ᠪᠠᠶᠠᠯᠢᠭ ᠢ ᠨᠠᠩ ᠰᠠᠶᠢᠲᠤᠷ ᠤᠶᠠᠯᠳᠤᠭᠤᠯᠬᠤ ᠶᠢ  ᠠᠬᠢᠭᠤᠯᠵᠤ᠂  ᠲᠠᠩ  ᠭᠠᠭᠴᠠ ᠴᠡᠴᠡᠭ ᠰᠣᠨᠢᠷᠬᠠᠬᠤ ᠵᠢᠭᠤᠯᠴᠢᠯᠠᠯ ᠪᠠᠶᠢᠬᠰᠠᠨ ᠠᠴᠠ ᠎ ᠨᠢ ᠡᠴᠢᠭᠡ ᠡᠬᠡ 

ᠦᠷ᠎ᠡ ᠬᠡᠦᠬᠡᠳ ᠎ ᠲᠠᠢ ᠎ ᠪᠠᠨ  ᠰᠤᠳᠤᠯᠤᠨ  ᠰᠤᠷᠤᠯᠴᠠᠬᠤ᠂ ᠬᠥᠳᠡᠭᠡ ᠨᠤᠲᠤᠭ ᠤᠨ ᠰᠡᠯᠡᠭᠦᠴᠡᠯ᠂ ᠡᠷᠡᠭᠦᠯᠵᠢᠯ ᠰᠤᠪᠢᠯᠠᠯᠲᠠ ᠶᠢᠨ ᠠᠮᠠᠷᠠᠯᠲᠠ ᠵᠡᠷᠭᠡ ᠣᠯᠠᠨ ᠡᠰᠢᠲᠦ 

ᠵᠢᠭᠤᠯᠴᠢᠯᠠᠯ᠂  ᠭᠦᠨᠵᠡᠭᠡᠶ ᠵᠢᠭᠤᠯᠴᠢᠯᠠᠯ ᠲᠠᠶᠢᠰᠢ ᠬᠦᠭᠵᠢᠬᠦᠯᠬᠦ ᠬᠤᠪᠢᠷᠠᠯᠲᠠ ᠶᠢ ᠪᠡᠶᠡᠯᠡᠭᠦᠯᠵᠦ᠂ ᠬᠡᠷᠡᠭᠯᠡᠭᠡ ᠶᠢᠨ ᠲᠣᠭᠲᠠᠭᠤᠨ  ᠨᠡᠮᠡᠭᠳᠡᠯ ᠢ  ᠠᠬᠢᠭᠤᠯᠬᠤ ᠳᠤ ᠨᠠᠩ 

ᠣᠯᠠᠨ ᠬᠦᠴᠦᠨ ᠨᠡᠮᠡᠷᠢᠯᠡᠬᠦ ᠬᠡᠷᠡᠭᠲᠡᠶ ᠭᠡᠵᠦ ᠰᠠᠨᠠᠭᠤᠯᠪᠠ᠃    

 

 

 

ᠢᠷᠡᠯᠲᠡ᠄ ᠠᠷᠠᠳ ᠤᠨ ᠰᠦᠯᠵᠢᠶ᠎ᠡ