ᠳᠤᠮᠳᠠ ᠵᠢᠵᠢᠭ ᠠᠵᠤ ᠠᠬᠤᠶᠢᠯᠠᠯ ᠬᠢᠯᠢ ᠠᠯᠤᠰᠯᠠᠭᠰᠠᠨ ᠴᠠᠬᠢᠮ ᠬᠤᠳᠠᠯᠳᠤᠭ᠎ᠠ ᠳᠤ ᠲᠦᠰᠢᠭᠯᠡᠨ ᠰᠢᠨ᠎ᠡ ᠠᠷᠠᠯᠵᠢᠶᠠᠨ ᠤ ᠲᠣᠬᠢᠶᠠᠯ ᠢ ᠡᠭᠦᠳᠴᠦ ᠪᠠᠶᠢᠨ᠎ᠠ
ᠨᠡᠶᠢᠲᠡᠯᠡᠭᠰᠡᠨ ᠴᠠᠭ᠄
2024/3/5
        ᠬᠢᠯᠢ ᠠᠯᠤᠰᠯᠠᠭᠰᠠᠨ ᠴᠠᠬᠢᠮ ᠬᠤᠳᠠᠯᠳᠤᠭ᠎ᠠ ᠨᠢ ᠬᠥᠭᠵᠢᠯᠲᠡ ᠶᠢᠨ ᠬᠤᠷᠳᠤᠴᠠ ᠪᠠᠷ ᠬᠠᠮᠤᠭ ᠤᠨ ᠲᠦᠷᠭᠡᠨ᠂ ᠨᠥᠭᠡᠴᠡ ᠬᠦᠴᠦᠨ ᠢᠶᠠᠷ ᠬᠠᠮᠤᠭ ᠤᠨ ᠶᠡᠭᠡ᠂ ᠳᠠᠶᠢᠴᠢᠯᠠᠬᠤ ᠦᠢᠯᠡᠳᠦᠯ ᠢᠶᠠᠷ ᠬᠠᠮᠤᠭ ᠤᠨ  ᠴᠢᠩᠭ᠎ᠠ  ᠭᠠᠳᠠᠭᠠᠳᠤ  ᠠᠷᠠᠯᠵᠢᠶᠠᠨ ᠤ  ᠰᠢᠨ᠎ᠡ ᠡᠵᠡᠩᠨᠡᠯᠲᠡ ᠶᠢᠨ ᠬᠡᠯᠪᠡᠷᠢ ᠪᠣᠯᠤᠭᠰᠠᠨ ᠤ ᠬᠤᠪᠢ ᠳᠤ᠂ ᠮᠠᠨ ᠤ ᠤᠯᠤᠰ ᠤᠨ ᠤᠯᠠᠮᠵᠢᠯᠠᠯᠲᠤ ᠠᠵᠤ  ᠦᠢᠯᠡᠰ ᠤᠨ  ᠬᠡᠯᠪᠡᠷᠢ ᠪᠠᠨ ᠬᠤᠪᠢᠷᠠᠭᠤᠯᠤᠨ ᠲᠠᠰ ᠳᠡᠪᠰᠢᠬᠦ ᠳᠤ ᠰᠢᠨ᠎ᠡ ᠠᠮᠢᠵᠢᠷᠠᠯ ᠤᠨ ᠬᠦᠴᠦᠨ ᠨᠡᠮᠡᠷᠢᠯᠡᠵᠦ ᠪᠠᠶᠢᠨ᠎ᠠ᠃ ᠰᠢᠨ᠎ᠡ ᠵᠢᠯ ᠴᠠᠭᠠᠨ ᠰᠠᠷ᠎ᠠ   ᠪᠠᠷ᠂ ᠳᠤᠮᠳᠠ ᠵᠢᠵᠢᠭ ᠠᠵᠤ ᠠᠬᠤᠶᠢᠯᠠᠯ ᠬᠢᠯᠢ  ᠠᠯᠤᠰᠯᠠᠭᠰᠠᠨ  ᠴᠠᠬᠢᠮ  ᠬᠤᠳᠠᠯᠳᠤᠭ᠎ᠠ ᠳᠤ  ᠲᠦᠰᠢᠭᠯᠡᠨ᠂  ᠰᠢᠨ᠎ᠡ  ᠠᠷᠠᠯᠵᠢᠶᠠᠨ ᠤ ᠲᠣᠬᠢᠶᠠᠯ ᠢ ᠡᠭᠦᠳᠴᠦ ᠪᠠᠶᠢᠨ᠎ᠠ᠃

       ᠬᠢᠯᠢ ᠠᠯᠤᠰᠯᠠᠭᠰᠠᠨ ᠪᠣᠭᠤᠳᠠᠯ  ᠪᠠᠭᠯᠠᠭ᠎ᠠ  ᠪᠣᠯᠭᠠᠨ   ᠨᠢ  ᠳᠤᠮᠳᠠᠳᠤ  ᠤᠯᠤᠰ ᠤᠨ  ᠣᠯᠠᠨ  ᠠᠵᠤ  ᠠᠬᠤᠢᠯᠠᠯ ᠳᠤ ᠠᠷᠠᠯᠵᠢᠶᠠᠨ ᠤ ᠰᠢᠨ᠎ᠡ ᠠᠵᠠ 

ᠲᠣᠬᠢᠶᠠᠯ ᠣᠯᠭᠤᠭᠰᠠᠨ ᠶᠤᠮ᠃ 2023  ᠣᠨ ᠳᠤ  ᠮᠠᠨ ᠤ  ᠤᠯᠤᠰ  1ᠲᠦᠮᠡᠨ  8300 ᠳ᠋ᠦᠩᠰᠢᠭᠤᠷ ᠲᠥᠭᠦᠷᠢᠭ ᠤᠨ ᠡᠳ᠋ ᠪᠠᠷᠠᠭ᠎ᠠ ᠶᠢ ᠬᠢᠯᠢ ᠠᠯᠤᠰᠯᠠᠭᠰᠠᠨ 

ᠴᠠᠬᠢᠮ  ᠬᠤᠳᠠᠯᠳᠤᠭ᠎ᠠ ᠪᠠᠷ  ᠳᠠᠮᠵᠢᠭᠤᠯᠤᠨ  ᠳᠡᠯᠡᠬᠡᠢ ᠶᠢᠨ ᠡᠯ᠎ᠡ ᠭᠠᠵᠠᠷ ᠲᠤ ᠭᠠᠷᠭᠠᠵᠤ᠂ 5 ᠵᠢᠯ ᠤᠨ ᠡᠮᠦᠨᠡᠬᠢ  ᠠᠴᠠ 2.3 ᠳᠠᠬᠢᠨ  ᠢᠶᠠᠷ ᠨᠡᠮᠡᠭᠳᠡᠭᠰᠡᠨ ᠪᠠᠶᠢᠨ᠎ᠠ᠃ 

ᠳᠤᠮᠳᠠᠳᠤ ᠤᠯᠤᠰ  ᠤᠨ ᠣᠶᠤᠨᠯᠢᠭ ᠮᠤᠤᠷ  ᠤᠨ ᠵᠣᠷᠯᠣᠩ ᠪᠠ ᠠᠦ᠋ᠲ᠋ᠣᠴᠢᠯᠠᠭᠰᠠᠨ ᠲᠡᠵᠢᠭᠡᠯ  ᠤᠨ ᠮᠠᠰᠢᠨ  ᠨᠢ ᠭᠠᠳᠠᠭᠠᠳᠤ ᠶᠢᠨ  ᠮᠤᠤᠷ  ᠲᠡᠵᠢᠭᠡᠳᠡᠭ  ᠭᠡᠷ ᠪᠦᠯᠢ 

 ᠨᠦᠭᠦᠳ  ᠤᠨ ᠬᠦᠷᠢᠶᠡᠯᠡᠯ  ᠢ ᠶᠡᠭᠡ  ᠪᠠᠷ ᠣᠯᠣᠭᠰᠠᠨ ᠶᠤᠮ᠃ ᠯᠢᠲ᠋ᠢ ᠴᠠᠬᠢᠯᠭᠠᠨ ᠵᠠᠢ᠂ ᠨᠡᠷᠡᠨ  ᠤ ᠡᠨᠧᠷᠭᠢ ᠶᠢᠨ  ᠴᠠᠬᠢᠯᠭᠠᠨ‌ᠵᠠᠢ ᠴᠤ ᠪᠦᠬᠦ ᠪᠥᠮᠪᠥᠷᠴᠡᠭ ᠤᠨ 

ᠬᠡᠷᠡᠭᠯᠡᠭᠴᠢᠳ  ᠤᠨ ᠬᠤᠳᠠᠯᠳᠤᠵᠤ ᠠᠪᠬᠤ  ᠬᠠᠯᠠᠮᠰᠢᠯ  ᠪᠠᠷᠠᠭ᠎ᠠ  ᠪᠣᠯᠵᠠᠢ᠃  ᠣᠳᠣᠬᠠᠨ ᠳᠤ᠂ ᠮᠠᠨ ᠤ ᠤᠯᠤᠰ ᠤᠨ ᠬᠢᠯᠢ ᠠᠯᠤᠰᠯᠠᠭᠰᠠᠨ ᠴᠠᠬᠢᠮ ᠬᠤᠳᠠᠯᠳᠤᠭᠠᠨ ᠤ 

ᠭᠤᠤᠯ ᠴᠣᠭᠴᠠ  ᠨᠢ ᠨᠢᠭᠡᠨᠲᠡ 10 ᠲᠦᠮᠡ ᠶᠢ  ᠳᠠᠪᠠᠵᠤ᠂ ᠬᠢᠯᠢ ᠠᠯᠤᠰᠯᠠᠭᠰᠠᠨ ᠴᠠᠬᠢᠮ ᠬᠤᠳᠠᠯᠳᠤᠭᠠᠨ ᠤ  ᠠᠵᠤ  ᠦᠢᠯᠡᠰ ᠤᠨ  ᠬᠦᠷᠢᠶᠡᠯᠡᠩ  690  ᠭᠠᠷᠤᠢ  

 ᠳᠤ  ᠬᠦᠷᠴᠦ᠂  ᠬᠢᠯᠢ‌ᠠᠯᠤᠰᠯᠠᠭᠰᠠᠨ ᠴᠠᠬᠢᠮ ᠬᠤᠳᠠᠯᠳᠤᠭᠠᠨ ᠤ ᠪᠣᠷᠣᠯᠠᠭᠤᠯᠭ᠎ᠠ ᠶᠢᠨ ᠰᠦᠯᠵᠢᠶ᠎ᠡ ᠨᠢ  ᠪᠥᠬᠦ  ᠳᠡᠯᠡᠬᠡᠶ ᠶᠢᠨ  220  ᠭᠠᠷᠤᠶ  ᠤᠯᠤᠰ ᠣᠷᠣᠨ ᠢ 

ᠬᠠᠮᠤᠷᠤᠭᠰᠠᠨ ᠶᠤᠮ᠃ ᠵᠢᠱᠢᠵᠦ ᠪᠠᠶᠢᠬᠤ  ᠪᠠᠷ᠂ 2025 ᠣᠨ ᠪᠣᠯᠬᠤ ᠳᠤ ᠮᠠᠨ ᠤ ᠤᠯᠤᠰ ᠤᠨ ᠬᠢᠯᠢ ᠠᠯᠤᠰᠯᠠᠭᠰᠠᠨ ᠴᠠᠬᠢᠮ ᠬᠤᠳᠠᠯᠳᠤᠭᠠᠨ ᠤ ᠠᠷᠠᠯᠵᠢᠶᠠᠨ ᠤ 

ᠶᠡᠷᠦᠩᠬᠡᠢ ᠥᠷᠲᠡᠭ  ᠨᠢ 2 ᠲᠦᠮᠡ5000 ᠳ᠋ᠦᠩᠰᠢᠭᠤᠷ ᠲᠥᠭᠦᠷᠢᠭ ᠲᠤ  ᠬᠦᠷᠴᠦ᠂ ᠳᠤᠮᠳᠠᠳᠤ ᠤᠯᠤᠰ ᠤᠨ ᠠᠵᠤ ᠠᠬᠤᠶᠢᠯᠠᠯ ᠪᠠ ᠨᠠᠷᠠᠲᠤ ᠲᠡᠮᠳᠡᠭᠲᠦ  ᠨᠦᠭᠦᠳ  

 ᠲᠤ  ᠴᠣ  ᠰᠢᠨ᠎ᠡ  ᠠᠵᠠ  ᠲᠣᠬᠢᠶᠠᠯ  ᠣᠯᠭᠤᠬᠤ ᠪᠣᠯᠤᠨ᠎ᠠ᠃    

 

   

 

 

ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ