2023 ᠤᠨ ᠳᠤ ᠬᠥᠩᠭᠡᠨ ᠠᠵᠤ ᠦᠢᠯᠡᠳᠪᠦᠷᠢ 1.4 ᠲᠦᠮᠡᠨ ᠳ᠋ᠦᠩᠰᠢᠭᠤᠷ ᠲᠥᠭᠦᠷᠢᠭ ᠤᠨ ᠠᠰᠢᠭ ᠬᠤᠨᠵᠢᠪᠣᠷᠢ ᠤᠯᠪᠠ
ᠨᠡᠶᠢᠲᠡᠯᠡᠭᠰᠡᠨ ᠴᠠᠭ᠄
2024/3/5
 

       ᠠᠷᠠᠳ ᠤᠨ ᠡᠳᠦᠷ ᠤᠨ ᠰᠣᠨᠢᠨ ᠤ ᠪᠡᠭᠡᠵᠢᠩ ᠤᠨ 2 ᠰᠠᠷ᠎ᠠ ᠶᠢᠨ 21 ᠤ  ᠡᠳᠦᠷ ᠤᠨ  ᠮᠡᠳᠡᠭᠡ  ︵ᠰᠤᠷᠪᠤᠯᠵᠢᠯᠠᠭᠴᠢ‌ᠬᠠᠨ ᠰᠢᠨ︶ ᠳᠤᠮᠳᠠᠳᠤ ᠤᠯᠤᠰ ᠤᠨ 

ᠬᠥᠩᠭᠡᠨ ᠠᠵᠤ ᠦᠢᠯᠡᠳᠪᠦᠷᠢ ᠶᠢᠨ ᠬᠤᠯᠪᠣᠭᠠᠲᠤ ᠬᠤᠷᠠᠯ ᠤᠨ ᠣᠶᠢᠷ᠎ᠠ ᠳᠤ ᠨᠡᠶᠢᠲᠡᠯᠡᠭᠰᠡᠨ‌‍ᠲ᠋ᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ 2023 ᠣᠨ ᠳᠤ ᠮᠠᠨ ᠤ 

ᠤᠯᠤᠰ ᠤᠨ  ᠬᠥᠩᠭᠡᠨ  ᠠᠵᠤ  ᠦᠢᠯᠡᠳᠪᠦᠷᠢ ᠶᠢᠨ ᠡᠵᠡᠩᠨᠡᠯᠲᠡ ᠶᠢᠨ ᠣᠷᠣᠯᠭ᠎ᠠ 22.2 ᠲᠦᠮᠡᠨ ᠳ᠋ᠦᠩᠰᠢᠭᠤᠷ ᠲᠥᠭᠦᠷᠢᠭ ᠲᠤ ᠬᠦᠷᠴᠦ᠂ ᠠᠳᠠᠯᠢ 

ᠬᠤᠭᠤᠴᠠᠭᠠᠨ ᠤ ᠬᠢ ᠠᠴᠠ  ᠪᠠᠨ1.6% ᠪᠠᠷ  ᠨᠡᠮᠡᠭᠳᠡᠵᠦ᠂  1.4  ᠲᠦᠮᠡᠨ  ᠳ᠋ᠦᠩᠰᠢᠭᠤᠷ  ᠲᠥᠭᠦᠷᠢᠭ ᠤᠨ  ᠠᠰᠢᠭ   ᠬᠤᠨᠵᠢᠪᠣᠷᠢ   ᠤᠯᠵᠤ᠂   ᠠᠳᠠᠯᠢ

ᠬᠤᠭᠤᠴᠠᠭᠠᠨ ᠤ ᠬᠢ ᠠᠴᠠ  ᠪᠠᠨ 3.8 % ᠪᠠᠷ ᠨᠡᠮᠡᠭᠳᠡᠪᠡ᠃ ᠬᠥᠩᠭᠡᠨ ᠠᠵᠤ  ᠦᠢᠯᠡᠳᠪᠦᠷᠢ ᠨᠢ  ᠪᠦᠬᠦ  ᠤᠯᠤᠰ ᠤᠨ  ᠠᠵᠤ ᠦᠢᠯᠡᠳᠪᠦᠷᠢ ᠶᠢᠨ 13.2 % ᠢ 

ᠡᠵᠡᠯᠡᠬᠦ ᠡᠳ᠋ ᠬᠥᠷᠥᠩᠭᠡ ᠪᠠᠷ  ᠢᠶᠠᠨ ᠪᠦᠬᠦ ᠤᠯᠤᠰ ᠤᠨ ᠠᠵᠤ ᠦᠢᠯᠡᠳᠪᠦᠷᠢ ᠶᠢᠨ  16.7% ᠶᠢᠨ ᠡᠵᠡᠩᠨᠡᠯᠲᠡ ᠶᠢᠨ ᠣᠷᠣᠯᠭ᠎ᠠ ᠪᠠ 18.1 % ᠶᠢᠨ ᠠᠰᠢᠭ 

ᠬᠤᠨᠵᠢᠪᠣᠷᠢ ᠶᠢ ᠤᠯᠵᠤ᠂ ᠠᠵᠤ ᠦᠢᠯᠡᠳᠪᠦᠷᠢ ᠶᠢᠨ ᠠᠵᠤ‌ᠠᠬᠤᠶ ᠶᠢᠨ ᠲᠣᠭᠲᠠᠭᠤᠨ ᠢᠶᠠᠷ ᠬᠥᠭᠵᠢᠬᠦ ᠶᠢ ᠬᠦᠴᠦᠲᠡᠶ ᠲᠤᠯᠭᠠᠭᠤᠷᠢᠯᠠᠵᠠᠢ᠃

      ᠦᠢᠯᠡᠳᠪᠦᠷᠢᠯᠡᠯ ᠦᠷᠭᠦᠯᠵᠢᠯᠡᠨ ᠳᠡᠭᠡᠭᠰᠢᠯᠡᠪᠡ᠃ 2023 ᠣᠨ ᠳᠤ᠂ ᠬᠡᠪᠴᠢᠶᠡᠵᠢᠯ ᠠᠴᠠ  ᠳᠡᠭᠡᠭᠰᠢᠬᠢ  ᠬᠥᠩᠭᠡᠨ ᠠᠵᠤ ᠦᠢᠯᠡᠳᠪᠦᠷᠢ ᠶᠢᠨ ᠨᠡᠮᠡᠭᠳᠡᠯ 

ᠥᠷᠲᠡᠭ ᠠᠳᠠᠯᠢ ᠬᠤᠭᠤᠴᠠᠭᠠᠨ ᠤ ᠬᠢ ᠠᠴᠠ  ᠪᠠᠨ 1.8%  ᠪᠠᠷ ᠨᠡᠮᠡᠭᠳᠡᠵᠦ᠂  8  ᠰᠠᠷ᠎ᠠ ᠳᠠᠷᠠᠭᠠᠯᠠᠨ ᠨᠡᠮᠡᠭᠳᠡᠯ ᠢᠶᠠᠨ ᠪᠠᠲᠤᠯᠠᠵᠤ᠂ ᠬᠥᠩᠭᠡᠨ ᠠᠵᠤ  

ᠦᠢᠯᠡᠳᠪᠦᠷᠢ ᠶᠢᠨ  ᠦᠢᠯᠡᠳᠪᠦᠷᠢᠯᠡᠯ  ᠦᠷᠭᠦᠯᠵᠢᠯᠡᠨ  ᠰᠠᠶᠢᠵᠢᠷᠠᠬᠤ ᠬᠠᠨᠳᠤᠰᠢ ᠪᠠᠨ ᠪᠠᠲᠤᠯᠠᠪᠠ᠃ ᠬᠡᠰᠡᠭ ᠲᠦᠷᠭᠡᠨ ᠬᠡᠷᠡᠭᠯᠡᠭᠡᠨ ᠤ ᠵᠦᠢᠯ᠂ ᠡᠳᠦᠷ ᠲᠤᠲᠤᠮ ᠤᠨ 

ᠬᠡᠷᠡᠭᠯᠡᠭᠡᠨ ᠤ ᠵᠦᠢᠯ ᠵᠢᠴᠢ ᠭᠡᠷ ᠤᠨ ᠴᠠᠬᠢᠯᠭᠠᠨ ᠬᠡᠷᠡᠭᠰᠡᠯ᠂ ᠳ᠋ᠢᠶᠠᠨ ᡂᠢ ᠵᠡᠷᠭᠡ ᠪᠥᠬᠡᠯᠢᠭ ᠬᠡᠷᠡᠭᠯᠡᠭᠡᠨ ᠤ ᠵᠦᠢᠯ ᠤᠨ ᠭᠠᠷᠤᠯᠲᠠ ᠨᠡᠯᠢᠶᠡᠳ ᠲᠦᠷᠭᠡᠨ ᠨᠡᠮᠡᠭᠳᠡᠵᠡᠢ᠃ 

       ᠵᠠᠬ᠎ᠠ  ᠳᠡᠯᠭᠡᠭᠦᠷ  ᠲᠣᠭᠲᠠᠭᠤᠨ   ᠢᠶᠠᠷ  ᠰᠡᠷᠭᠦᠪᠡ᠃  ᠳᠣᠲᠣᠭᠠᠳᠤ  ᠬᠡᠷᠡᠭᠴᠡᠭᠡ ᠶᠢ  ᠥᠷᠭᠡᠳᠬᠡᠬᠦ᠂  ᠬᠡᠷᠡᠭᠯᠡᠭᠡ ᠶᠢ ᠠᠬᠢᠭᠤᠯᠬᠤ ᠠᠯᠢ ᠣᠯᠠᠨ ᠲᠥᠷᠥ ᠶᠢᠨ 

ᠪᠣᠳᠣᠯᠭ᠎ᠠ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠤᠨ  ᠦᠷ᠎ᠡ  ᠪᠦᠲᠦᠮᠵᠢ  ᠤᠯᠬᠤ ᠶᠢ ᠳᠠᠭᠠᠯᠳᠤᠨ᠂ ᠬᠡᠷᠡᠭᠯᠡᠭᠡᠨ ᠤ ᠳᠠᠯᠳᠠ ᠬᠦᠴᠦᠨ ᠲᠠᠰᠤᠷᠠᠯᠲᠠ ᠥᠬᠡᠶ 

ᠪᠠᠳᠠᠷᠠᠵᠤ᠂ ᠵᠠᠬ᠎ᠠ ᠳᠡᠯᠭᠡᠭᠦᠷ ᠤᠨ ᠠᠮᠢᠵᠢᠷᠠᠯ ᠤᠨ  ᠬᠦᠴᠦᠨ ᠠᠯᠬᠤᠮ ᠠᠯᠬᠤᠮ ᠢᠶᠠᠷ  ᠴᠢᠩᠭᠠᠷᠠᠵᠤ᠂  ᠬᠥᠩᠭᠡᠨ  ᠠᠵᠤ  ᠦᠢᠯᠡᠳᠪᠦᠷᠢ ᠶᠢᠨ  ᠬᠡᠷᠡᠭᠯᠡᠭᠡᠨ ᠤ  

ᠵᠦᠢᠯ ᠤᠨ  ᠵᠠᠬ᠎ᠠ  ᠳᠡᠯᠭᠡᠭᠦᠷ ᠲᠣᠭᠲᠠᠭᠤᠨ ᠢᠶᠠᠷ ᠰᠡᠷᠭᠦᠪᠡ᠃ 2023 ᠣᠨ ᠳᠤ᠂ ᠬᠥᠩᠭᠡᠨ ᠠᠵᠤ  ᠦᠢᠯᠡᠳᠪᠦᠷᠢ ᠶᠢᠨ  11  ᠲᠥᠷᠥᠯ ᠤᠨ  ᠲᠠᠸᠠᠷ ᠤᠨ

ᠵᠢᠵᠢᠭᠯᠡᠨ ᠬᠤᠳᠠᠯᠳᠤᠭᠰᠠᠨ ᠲᠤᠭ᠎ᠠ 72055 ᠳ᠋ᠦᠩᠰᠢᠭᠤᠷ ᠲᠥᠭᠦᠷᠢᠭ ᠲᠤ ᠬᠦᠷᠴᠦ᠂ ᠨᠡᠶᠢᠭᠡᠮ ᠤᠨ ᠬᠡᠷᠡᠭᠯᠡᠭᠡᠨ ᠤ ᠵᠦᠢᠯ  ᠤᠨ ᠵᠢᠵᠢᠭᠯᠡᠨ ᠬᠤᠳᠠᠯᠳᠤᠭᠰᠠᠨ 

ᠶᠡᠷᠦᠩᠬᠡᠶ ᠲᠣᠭᠠᠨ ᠤ 15.3 % ᠶᠢ ᠡᠵᠡᠯᠡᠵᠦ᠂ ᠠᠳᠠᠯᠢ ᠬᠤᠭᠤᠴᠠᠭᠠᠨ ᠤ ᠬᠢ ᠠᠴᠠ  ᠪᠠᠨ  5.7% ᠪᠠᠷ ᠨᠡᠮᠡᠭᠳᠡᠵᠡᠢ᠃

       ᠢᠳᠡᠭᠡᠨ ᠤ ᠠᠵᠤ ᠦᠢᠯᠡᠳᠪᠦᠷᠢ  ᠶᠢᠨ ᠲᠣᠭᠲᠠᠪᠤᠷᠢᠵᠢᠭᠤᠯᠤᠭᠴᠢ  ᠦᠢᠯᠡᠳᠦᠯ ᠨᠠᠩ ᠢᠯᠡᠷᠬᠡᠶ ᠪᠣᠯᠪᠠ᠃  2023ᠣᠨ ᠳᠤ᠂ ᠲᠠᠷᠢᠶᠠᠯᠠᠩ ᠲᠤᠰᠠᠯᠠᠬᠤ ᠠᠵᠤ 

ᠠᠬᠤᠶ ᠶᠢᠨ  ᠢᠳᠡᠭᠡᠨ  ᠪᠤᠯᠪᠠᠰᠤᠷᠠᠭᠤᠯᠤᠨ  ᠡᠳ᠋ᠰᠢᠭᠦᠯᠬᠦ᠂  ᠢᠳᠡᠭᠡᠨ  ᠦᠢᠯᠡᠳᠬᠦ᠂ᠠᠷᠢᠬᠢ ᠤᠮᠳᠠᠭᠠᠨ ᠨᠠᠷᠢᠯᠢᠭ ᠴᠠᠶ  ᠦᠢᠯᠡᠳᠬᠦ ᠶᠢ  ᠪᠠᠭᠲᠠᠭᠠᠭᠰᠠᠨ  ᠢᠳᠡᠭᠡᠨ ᠤ  

ᠠᠵᠤ  ᠦᠢᠯᠡᠳᠪᠦᠷᠢ ᠶᠢᠨ  ᠦᠢᠯᠡᠳᠪᠦᠷᠢᠯᠡᠯ ᠬᠡᠷᠡᠭᠴᠡᠭᠡ ᠦᠷᠭᠦᠯᠵᠢᠯᠡᠨ ᠰᠡᠷᠭᠦᠵᠦ᠂ ᠪᠠᠯᠠ ᠣᠷᠣᠭᠤᠯᠤᠯᠲᠠ ᠨᠡᠯᠢᠶᠡᠳ ᠲᠦᠷᠭᠡᠨ ᠨᠡᠮᠡᠭᠳᠡᠯ ᠢ ᠪᠠᠲᠤᠯᠠᠪᠠ᠃ 

ᠢᠳᠡᠭᠡᠨ ᠤ ᠠᠵᠤ ᠦᠢᠯᠡᠳᠪᠦᠷᠢ ᠶᠢᠨ ᠬᠡᠪᠴᠢᠶᠡᠵᠢᠯ ᠠᠴᠠ ᠳᠡᠭᠡᠭᠰᠢᠬᠢ ᠠᠵᠤ ᠠᠬᠤᠶᠢᠯᠠᠯ ᠤᠨ ᠲᠤᠭ᠎ᠠ ᠨᠢ ᠬᠥᠩᠭᠡᠨ ᠠᠵᠤ ᠦᠢᠯᠡᠳᠪᠦᠷᠢ ᠶᠢᠨ 31% ᠶᠢ ᠡᠵᠡᠯᠡᠵᠦ᠂

 ᠬᠥᠩᠭᠡᠨ ᠠᠵᠤ  ᠦᠢᠯᠡᠳᠪᠦᠷᠢ ᠳᠤ  ᠡᠵᠡᠯᠡᠬᠦ  ᠡᠵᠡᠩᠨᠡᠯᠲᠡ ᠶᠢᠨ  ᠣᠷᠣᠯᠭ᠎ᠠ᠂  ᠠᠰᠢᠭ  ᠬᠤᠨᠵᠢᠪᠣᠷᠢ ᠵᠢᠨ‌ᠬᠤᠪᠢ ᠶᠢᠨ ᠵᠢᠩ ᠨᠢ ᠴᠥᠮ 40 % ᠶᠢ ᠳᠠᠪᠠᠵᠠᠢ᠃

       ᠰᠢᠨ᠎ᠡ ᠬᠥᠳᠡᠯᠭᠡᠬᠦ ᠡᠨᠧᠷᠭᠢ ᠶᠢᠨ ᠠᠵᠢᠯ ᠲᠥᠷᠥᠯ ᠨᠡᠯᠢᠶᠡᠳ ᠲᠦᠷᠭᠡᠨ ᠨᠡᠮᠡᠭᠳᠡᠪᠡ᠃ 2023 ᠣᠨ ᠳᠤ᠂ ᠨᠡᠷᠡᠨ ᠤ ᠡᠨᠧᠷᠭᠢ ᠶᠢᠨ ᠳ᠋ᠢᠶᠠᠨ ᡂᠢ᠂ ᠭᠡᠷ ᠤᠨ 

ᠴᠠᠬᠢᠯᠭᠠᠨ ᠬᠡᠷᠡᠭᠰᠡᠯ ᠵᠡᠷᠭᠡ ᠪᠠᠷ ᠲᠥᠯᠥᠭᠡᠯᠡᠭᠦᠯᠦᠭᠰᠡᠨ ᠬᠦᠩᠭᠡᠨ ᠠᠵᠤ ᠦᠢᠯᠡᠳᠪᠦᠷᠢ ᠶᠢᠨ ᠪᠣᠬᠢᠷᠲᠤᠯ ᠦᠭᠡᠢ ᠦᠢᠯᠡᠳᠬᠡᠯ᠂ ᠣᠶᠤᠨᠴᠢ ᠦᠢᠯᠡᠳᠬᠡᠯ ᠤᠨ ᠠᠵᠢᠯ 

ᠲᠦᠷᠦᠯ  ᠦᠳᠲᠡᠷ  ᠲᠦᠷᠭᠡᠨ  ᠦᠰᠦᠨ  ᠪᠤᠶᠢᠵᠢᠵᠤ᠂ ᠬᠦᠩᠭᠡᠨ ᠠᠵᠤ ᠦᠢᠯᠡᠳᠪᠦᠷᠢ ᠶᠢᠨ ᠴᠢᠨᠠᠷ ᠰᠠᠶᠢᠲᠠᠢ  ᠬᠥᠭᠵᠢᠯᠲᠡ ᠶᠢ  ᠠᠬᠢᠭᠤᠯᠬᠤ  ᠰᠢᠨ᠎ᠡ  ᠬᠥᠳᠡᠯᠭᠡᠬᠦ  

ᠡᠨᠧᠷᠭᠢ  ᠪᠣᠯᠪᠠ᠃2023 ᠣᠨ ᠳᠤ᠂ ᠳ᠋ᠢᠶᠠᠨ ᡂᠢ ᠦᠢᠯᠡᠳᠬᠦ ᠡᠵᠡᠩᠨᠡᠯᠲᠡ ᠶᠢᠨ ᠣᠷᠣᠯᠭ᠎ᠠ 11.8 %  ᠪᠠᠷ ᠨᠡᠮᠡᠭᠳᠡᠵᠦ᠂ ᠠᠰᠢᠭ ᠬᠤᠨᠵᠢᠪᠣᠷᠢ12.4 %  ᠪᠠᠷ 

ᠨᠡᠮᠡᠭᠳᠡᠵᠦ᠂ ᠬᠡᠷ ᠤᠨ ᠴᠠᠬᠢᠯᠭᠠᠨ  ᠬᠡᠷᠡᠭᠰᠡᠯ  ᠦᠢᠯᠡᠳᠬᠦ  ᠡᠵᠡᠩᠨᠡᠯᠲᠡ ᠶᠢᠨ  ᠣᠷᠣᠯᠭ᠎ᠠ  7.0  %   ᠪᠠᠷ ᠨᠡᠮᠡᠭᠳᠡᠵᠦ᠂ ᠠᠰᠢᠭ ᠬᠤᠨᠵᠢᠪᠣᠷᠢ 12.2 %  ᠪᠠᠷ 

ᠨᠡᠮᠡᠭᠳᠡᠵᠡᠢ᠃    

 

 

ᠢᠷᠡᠯᠲᠡ᠄ ᠠᠷᠠᠳ ᠤᠨ ᠰᠦᠯᠵᠢᠶ᠎ᠡ