ᠪᠠᠶᠢᠴᠠᠭᠠᠬᠤ ᠪᠠᠶᠢᠭᠤᠯᠭ᠎ᠠ ᠶᠢᠨ ᠬᠢᠨ ᠬᠠᠨᠳᠠᠨ ᠤ ᠠᠩᠬ᠎ᠠ ᠳᠤᠮᠳᠠᠳᠤ ᠶᠢᠨ ᠰᠤᠷᠤᠭᠴᠢ ᠶᠢᠨ ᠬᠦᠨᠦᠭᠡᠭᠲᠡᠭᠰᠡᠨ ᠬᠡᠷᠡᠭ ᠢ ᠵᠠᠷᠯᠠᠨ ᠮᠡᠳᠡᠭᠳᠡᠪᠡ
ᠨᠡᠶᠢᠲᠡᠯᠡᠭᠰᠡᠨ ᠴᠠᠭ᠄
2024/3/29
        2024 ᠣᠨ ᠤ 3 ᠰᠠᠷ᠎ᠠ ᠶᠢᠨ 10᠎ ᠤ ᠡᠳᠦᠷ᠂ ᠾᠧᠪᠧᠢ  ᠮᠤᠵᠢ ᠶᠢᠨ  ᠬᠠᠨᠳᠠᠨ  ᠬᠤᠲᠠ ᠶᠢᠨ  ᠹᠧᠢ  ᠰᠢᠶᠠᠩ ᠲᠣᠭᠤᠷᠢᠭ ᠤᠨ ᠠᠩᠬ᠎ᠠ ᠳᠤᠮᠳᠠᠳᠤ ᠶᠢᠨ ᠨᠢᠭᠡᠳᠦᠭᠡᠷ ᠣᠨ ᠤ ᠰᠣᠷᠣᠭᠴᠢ ᠸᠠᠩ ᠣᠪᠣᠭᠲᠤ  ᠬᠦᠨᠦᠭᠡᠭᠲᠡᠪᠡ᠃  3  ᠰᠠᠷ᠎ᠠ  ᠎ ᠶᠢᠨ 11᠎ ᠤ ᠡᠳᠦᠷ᠂ ᠬᠡᠷᠡᠭ ᠲᠤ ᠬᠤᠯᠪᠣᠭᠳᠠᠭᠰᠠᠨ ᠵᠠᠩ ᠣᠪᠣᠭᠲᠤ᠂  ᠯᠢ  ᠣᠪᠣᠭᠲᠤ᠂  ᠮᠠ  ᠣᠪᠣᠭᠲᠤ  ᠵᠡᠷᠭᠡ  ᠶᠠᠯ᠎ᠠ  ᠬᠢᠭᠰᠡᠨ ᠨᠠᠰᠤᠨ ᠳᠤ ᠬᠦᠷᠦᠭᠡ ᠦᠭᠡᠢ 3 ᠰᠡᠵᠢᠭᠲᠡᠨ ᠎ ᠢ ᠳᠣᠲᠣᠭᠠᠳᠤ ᠎ ᠶᠢ ᠬᠠᠮᠠᠭᠠᠯᠠᠬᠤ ᠪᠠᠶᠢᠭᠤᠯᠭ᠎ᠠ ᠪᠦᠬᠦᠨ ᠎ ᠢᠶᠠᠷ ᠎ ᠨᠢ  ᠪᠠᠷᠢᠪᠴᠢᠯᠠᠪᠠ᠃ ᠪᠠᠶᠢᠴᠠᠭᠠᠬᠤ ᠪᠠᠶᠢᠭᠤᠯᠭ᠎ᠠ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂  ᠳᠣᠲᠣᠭᠠᠳᠤ ᠶᠢ  ᠬᠠᠮᠠᠭᠠᠯᠠᠬᠤ  ᠪᠠᠶᠢᠭᠤᠯᠭ᠎ᠠ ᠶᠢᠨ ᠲᠠᠩᠨᠠᠨ ᠪᠠᠶᠢᠴᠠᠭᠠᠬᠤ ᠠᠵᠢᠯᠯᠠᠭ᠎ᠠ ᠳᠤ ᠬᠠᠤᠯᠢ ᠶᠣᠰᠣᠭᠠᠷ ᠤᠷᠢᠳᠴᠢᠯᠠᠨ  ᠣᠷᠣᠯᠴᠠᠪᠠ᠃  3  ᠰᠠᠷ᠎ᠠ ᠶᠢᠨ  21᠎ ᠤ  ᠡᠳᠦᠷ᠂ ᠬᠠᠨᠳᠠᠨ ᠬᠤᠲᠠ ᠶᠢᠨ ᠹᠧᠢ ᠰᠢᠶᠠᠩ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠵᠣᠷᠢᠭᠤᠳᠠ  ᠬᠥᠮᠥᠨ  ᠠᠯᠠᠭᠰᠠᠨ ᠶᠠᠯ᠎ᠠ ᠳᠤ ᠬᠤᠯᠪᠣᠭᠳᠠᠭᠰᠠᠨ ᠵᠠᠩ ᠣᠪᠣᠭᠲᠤ᠂ ᠯᠢ ᠣᠪᠣᠭᠲᠤ ᠵᠢᠴᠢ ᠮᠠ  ᠣᠪᠣᠭᠲᠤ ᠶᠢ  ᠨᠡᠬᠡᠮᠵᠢᠯᠡᠨ  ᠵᠠᠭᠠᠯᠳᠤᠬᠤ ᠶᠢ  ᠬᠢᠨᠠᠨ ᠵᠥᠪᠰᠢᠶᠡᠷᠡᠭᠦᠯᠬᠦ ᠪᠠᠷ ᠪᠠᠶᠢᠴᠠᠭᠠᠬᠤ ᠪᠠᠶᠢᠭᠤᠯᠭ᠎ᠠ ᠳᠤ ᠳᠡᠪᠰᠢᠭᠦᠯᠪᠡ᠃

         ᠪᠠᠶᠢᠴᠠᠭᠠᠬᠤ ᠪᠠᠶᠢᠭᠤᠯᠭ᠎ᠠ ᠶᠢᠨ ᠬᠢᠨᠠᠨ ᠪᠠᠶᠢᠴᠠᠭᠠᠭᠰᠠᠨ ᠢᠶᠠᠷ᠂ ᠵᠠᠩ ᠣᠪᠣᠭᠲᠤ᠂ ᠯᠢ ᠣᠪᠣᠭᠲᠤ ᠵᠢᠴᠢ ᠮᠠ ᠣᠪᠣᠭᠲᠤ ᠭᠤᠷᠪᠠᠨ ᠬᠥᠮᠥᠨ ᠬᠡᠷᠡᠭ ᠬᠢᠬᠦ 

ᠦᠶ᠎ᠡ ᠳᠤ ᠨᠢᠭᠡᠨᠲᠡ ᠪᠦᠬᠦᠯᠢ ᠠᠷᠪᠠᠨ ᠬᠤᠶᠠᠷ ᠨᠠᠰᠤ ᠬᠦᠷᠦᠭᠡᠳ ᠪᠦᠬᠦᠯᠢ  ᠠᠷᠪᠠᠨ  ᠳᠥᠷᠪᠡᠨ ᠨᠠᠰᠤ ᠬᠦᠷᠦᠭᠡᠳᠦᠢ᠂ ᠵᠣᠷᠢᠭᠤᠳᠠ ᠬᠥᠮᠥᠨ ᠠᠯᠠᠭᠠᠳ 

ᠬᠤᠣᠷᠯᠠᠭᠳᠠᠭᠴᠢ ᠸᠠᠩ ᠣᠪᠣᠭᠲᠤ ᠶᠢ ᠦᠬᠦᠭᠦᠯᠦᠭᠰᠡᠨ ᠪᠥᠭᠡᠳ  ᠦᠢᠯᠡ ᠪᠠᠶᠢᠳᠠᠯ ᠎ ᠨᠢ ᠬᠠᠷ᠎ᠠ ᠬᠤᠣᠷᠲᠠᠢ᠂ ᠡᠷᠡᠭᠦᠦ ᠶᠢᠨ ᠬᠠᠷᠢᠭᠤᠴᠠᠯᠭ᠎ᠠ ᠨᠡᠬᠡᠮᠵᠢᠯᠡᠬᠦ ᠬᠡᠷᠡᠭᠲᠡᠢ᠃  

︽ᠪᠥᠬᠦᠳᠡ  ᠨᠠᠶᠢᠷᠠᠮᠳᠠᠬᠤ  ᠳᠤᠮᠳᠠᠳᠤ ᠠᠷᠠᠳ ᠤᠯᠤᠰ ᠤᠨ ᠡᠷᠡᠭᠦᠦ ᠶᠢᠨ ᠬᠠᠤᠯᠢ︾᠎ ᠶᠢᠨ ᠠᠷᠪᠠᠨ ᠳᠣᠯᠣᠳᠤᠭᠠᠷ ᠵᠦᠢᠯ ᠤᠨ ᠭᠤᠷᠪᠠᠳᠤᠭᠠᠷ ᠵᠤᠷᠪᠤᠰ ᠤᠨ  

ᠲᠣᠭᠲᠠᠭᠠᠯ ᠢ ᠦᠨᠳᠦᠰᠦᠯᠡᠨ᠂ ᠾᠧᠪᠧᠢ ᠮᠤᠵᠢ ᠶᠢᠨ  ᠪᠠᠶᠢᠴᠠᠭᠠᠬᠤ  ᠪᠠᠶᠢᠭᠤᠯᠭ᠎ᠠ  ᠱᠠᠲᠤ  ᠳᠠᠷᠠᠭᠠᠯᠠᠨ  ᠠᠷᠠᠳ ᠤᠨ  ᠳᠡᠭᠡᠳᠦ  ᠪᠠᠶᠢᠴᠠᠭᠠᠬᠤ ᠬᠤᠷᠢᠶᠠᠨ ᠳᠤ 

ᠮᠡᠳᠡᠭᠦᠯᠵᠦ ᠵᠠᠩ ᠣᠪᠣᠭᠲᠤ᠂ ᠯᠢ ᠣᠪᠣᠭᠲᠤ ᠵᠢᠴᠢ  ᠮᠠ  ᠣᠪᠣᠭᠲᠤ ᠶᠢ  ᠨᠡᠬᠡᠮᠵᠢᠯᠡᠨ  ᠵᠠᠭᠠᠯᠳᠤᠬᠤ ᠶᠢ  ᠬᠢᠨᠠᠨ ᠵᠥᠪᠰᠢᠶᠡᠷᠡᠭᠦᠯᠪᠡ᠃ 

        ᠠᠷᠠᠳ ᠤᠨ ᠳᠡᠭᠡᠳᠦ ᠪᠠᠶᠢᠴᠠᠭᠠᠬᠤ ᠬᠤᠷᠢᠶ᠎ᠠ ᠣᠷᠴᠢᠮᠬᠠᠨ ᠳᠤ ᠬᠢᠨᠠᠨ ᠪᠠᠶᠢᠴᠠᠭᠠᠭᠠᠳ᠂  ᠶᠠᠯ᠎ᠠ  ᠬᠢᠭᠰᠡᠨ  ᠰᠡᠵᠢᠭᠲᠡᠨ ᠵᠠᠩ ᠣᠪᠣᠭᠲᠤ᠂ ᠯᠢ ᠣᠪᠣᠭᠲᠤ 

ᠪᠣᠯᠣᠨ ᠮᠠ ᠣᠪᠣᠭᠲᠤ ᠎ ᠶᠢ ᠨᠡᠬᠡᠮᠵᠢᠯᠡᠨ ᠵᠠᠭᠠᠯᠳᠤᠬᠤ  ᠎ ᠶᠢ  ᠬᠢᠨᠠᠨ  ᠵᠥᠪᠰᠢᠶᠡᠷᠡᠬᠦ ᠪᠠᠷ  ᠬᠠᠤᠯᠢ ᠶᠣᠰᠣᠭᠠᠷ ᠲᠣᠭᠲᠠᠪᠠ᠃ 

        ᠪᠠᠶᠢᠴᠠᠭᠠᠬᠤ ᠪᠠᠶᠢᠭᠤᠯᠭ᠎ᠠ ᠨᠤᠭᠤᠳ ᠬᠠᠤᠯᠢ ᠶᠢ ᠴᠢᠩᠭ᠎ᠠ ᠵᠢᠷᠤᠮᠯᠠᠨ ᠬᠡᠷᠡᠭ ᠰᠢᠢᠳᠪᠦᠷᠢᠯᠡᠬᠦ ᠶᠢᠨ ᠵᠡᠷᠭᠡᠴᠡᠭᠡᠪᠡᠷ  ᠬᠠᠤᠯᠢ ᠴᠠᠭᠠᠵᠠ ᠶᠢᠨ  ᠬᠢᠨᠠᠯᠲᠠ  

ᠲᠠᠯᠪᠢᠬᠤ  ᠲᠤᠰᠢᠶᠠᠯ  ᠬᠠᠷᠢᠭᠤᠴᠠᠯᠭ᠎ᠠ ᠪᠠᠨ  ᠦᠨᠡᠨ  ᠬᠦ  ᠭᠦᠢᠴᠡᠳᠬᠡᠵᠦ᠂  ᠨᠠᠰᠤᠨ ᠳᠤ  ᠦᠯᠤ ᠬᠥᠷᠦᠭᠰᠡᠳ ᠤᠨ  ᠶᠠᠯ᠎ᠠ  ᠬᠢᠬᠦ ᠶᠢ  ᠤᠷᠢᠳᠴᠢᠯᠠᠨ  

ᠰᠡᠷᠭᠡᠶᠢᠯᠡᠬᠦ  ᠪᠠ  ᠵᠠᠰᠠᠬᠤ  ᠡᠷᠴᠢᠮ ᠢᠶᠠᠨ   ᠤᠯᠠᠮ   ᠨᠢᠭᠡ   ᠠᠯᠬᠤᠮ ᠴᠢᠩᠭᠠᠷᠠᠭᠤᠯᠤᠨ᠎ᠠ᠃     

 

 

ᠢᠷᠡᠯᠲᠡ᠄ ᠠᠷᠠᠳ ᠤᠨ ᠰᠦᠯᠵᠢᠶ᠎ᠡ