ᠲᠢᠩ ᠪᠠᠭᠠᠲᠤᠷ ᠭᠡᠰᠢᠭᠦᠨ᠄ ᠲᠠᠯ᠎ᠠ ᠨᠤᠲᠤᠭ ᠤᠨ ᠮᠠᠯᠵᠢᠬᠤ ᠣᠷᠣᠨ ᠤ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠴᠢᠳᠠᠪᠤᠷᠢ ᠶᠢ ᠳᠡᠭᠡᠭᠰᠢᠯᠡᠭᠦᠯᠪᠡᠯ ᠵᠤᠬᠢᠨ᠎ᠡ
ᠨᠡᠶᠢᠲᠡᠯᠡᠭᠰᠡᠨ ᠴᠠᠭ᠄
2024/3/16
 

          ︽2 ᠰᠠᠷ᠎ᠠ  ᠳᠤ ᠂ ᠲᠥᠪ ᠤᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠬᠦ ᠵᠥᠪᠯᠡᠯ ᠤᠨ ᠳᠥᠷᠪᠡᠳᠦᠭᠡᠷ ᠤᠳᠠᠭ᠎ᠠ ᠶᠢᠨ ᠬᠤᠷᠠᠯ ᠠᠴᠠ 

︽ᠦᠨᠳᠦᠰᠦᠨ ᠱᠠᠲᠤᠨ ᠤ ᠪᠠᠴᠢᠮ  ᠪᠠᠶᠢᠳᠠᠯ ᠢ  ᠠᠷᠭᠠᠴᠠᠬᠤ  ᠬᠠᠮᠢᠶᠠᠷᠤᠯᠲᠠ ᠶᠢᠨ  ᠴᠢᠳᠠᠪᠤᠷᠢ ᠶᠢ ᠴᠢᠨᠠᠭᠰᠢᠳᠠ ᠳᠡᠭᠡᠭᠰᠢᠯᠡᠭᠦᠯᠬᠦ ᠲᠤᠬᠠᠢ ᠰᠠᠨᠠᠯ︾ ᠢ ᠬᠢᠨᠠᠨ  

ᠵᠥᠪᠯᠡᠵᠦ  ᠪᠠᠲᠤᠯᠠᠪᠠ︔  ᠡᠨᠡ  ᠵᠢᠯ ᠤᠨ  ᠵᠠᠰᠠᠭ ᠤᠨ  ᠣᠷᠳᠣᠨ ‍ᠤ‌ᠠᠵᠢᠯ ᠤᠨ ᠢᠯᠡᠳᠬᠡᠯ ᠳᠤ ︿ ᠠᠶᠤᠯᠭᠦᠶ ᠦᠢᠯᠡᠳᠪᠦᠷᠢᠯᠡᠯ ᠪᠠ ᠭᠠᠮᠰᠢᠭ ᠢ ᠰᠡᠷᠭᠡᠶᠢᠯᠡᠬᠦ 

ᠭᠠᠮᠰᠢᠭ ᠢ  ᠪᠠᠭᠠᠰᠬᠠᠬᠤ  ᠭᠠᠮᠰᠢᠭ ᠡᠴᠠ‌ᠠᠪᠤᠷᠬᠠᠤ ᠦᠨᠳᠦᠰᠦᠨ ᠱᠠᠲᠤᠨ ᠤ ᠰᠠᠭᠤᠷᠢ ᠶᠢ ᠬᠦᠴᠦᠯᠡᠨ ᠪᠠᠬᠢᠵᠢᠭᠦᠯᠵᠦ᠂  ᠪᠠᠴᠢᠮ  ᠪᠠᠶᠢᠳᠠᠯ ᠢ  ᠠᠷᠭᠠᠴᠠᠨ  

ᠰᠢᠢᠳᠪᠦᠷᠢᠯᠡᠬᠦ ᠴᠢᠳᠠᠪᠤᠷᠢ ᠶᠢ ᠴᠢᠩᠭᠠᠷᠠᠭᠤᠯᠤᠨ᠎ᠠ ﹀  ᠭᠡᠵᠦ  ᠳᠤᠷᠠᠳᠤᠨ  ᠭᠠᠷᠭᠠᠵᠠᠶ᠂  ᠡᠨᠡ ᠨᠢ  ᠴᠥᠮ  ᠤᠯᠤᠰ ᠠᠴᠠ  ᠪᠠᠴᠢᠮ  ᠪᠠᠶᠢᠳᠠᠯ ᠢ ᠠᠷᠭᠠᠴᠠᠬᠤ 

ᠬᠠᠮᠢᠶᠠᠷᠤᠯᠲᠠ ᠶᠢᠨ ᠠᠵᠢᠯ ᠢ ᠴᠢᠬᠤᠯᠠᠴᠢᠯᠠᠵᠤ ᠪᠠᠶᠢᠬᠤ ᠶᠢ  ᠬᠠᠷᠠᠭᠤᠯᠵᠤ  ᠪᠠᠶᠢᠨ᠎ᠠ︾  ᠭᠡᠵᠦ  ᠪᠦᠬᠦ  ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂ 

ᠰᠢᠯᠢ ᠶᠢᠨ  ᠭᠤᠣᠯ  ᠠᠶᠢᠮᠠᠭ ᠤᠨ  ᠠᠪᠠᠭ᠎ᠠ  ᠬᠤᠰᠢᠭᠤᠨ ᠤ  ᠬᠤᠨᠭ᠍ᠭᠤᠷᠭᠤᠤᠯ ᠪᠠᠯᠭᠠᠰᠤᠨ ᠤ ᠰᠠᠷᠠᠭᠤᠯᠲᠤᠶᠠᠭ᠎ᠠ ᠭᠠᠴᠠᠭᠠᠨ ᠤ ᠮᠠᠯᠴᠢᠨ ᠲᠢᠩ·ᠪᠠᠭᠠᠲᠤᠷ 

ᠰᠤᠷᠪᠤᠯᠵᠢᠯᠠᠭ᠎ᠠ ᠬᠦᠯᠢᠶᠡᠬᠦ ᠳᠡᠭᠡᠨ ᠬᠡᠯᠡᠪᠡ᠃

        ᠲᠢᠩ ᠪᠠᠭᠠᠲᠤᠷ ᠤᠨ ᠦᠵᠡᠬᠦ ᠪᠠᠷ᠂ ᠲᠠᠯ᠎ᠠ  ᠨᠤᠲᠤᠭ ᠤᠨ  ᠮᠠᠯᠵᠢᠬᠤ  ᠣᠷᠣᠨ ᠤ  ᠪᠠᠴᠢᠮ  ᠪᠠᠶᠢᠳᠠᠯ ᠢ  ᠠᠷᠭᠠᠴᠠᠬᠤ ᠬᠠᠮᠢᠶᠠᠷᠤᠯᠲᠠ ᠶᠢᠨ ᠴᠢᠳᠠᠪᠤᠷᠢ ᠶᠢ 

ᠳᠡᠭᠡᠭᠰᠢᠯᠡᠭᠦᠯᠬᠦ ᠳᠤ᠂ ᠡᠷᠬᠡᠪᠰᠢ ᠭᠠᠵᠠᠷ ᠣᠷᠣᠨ ᠤ  ᠪᠣᠳᠠᠲᠤ  ᠪᠠᠶᠢᠳᠠᠯ ᠳᠤ  ᠰᠠᠭᠤᠷᠢᠯᠠᠵᠤ᠂ᠤᠯᠠᠨ ᠲᠦᠮᠡᠨ ᠤ ᠦᠪᠡᠰᠦᠪᠡᠨ ᠰᠡᠷᠭᠡᠶᠢᠯᠡᠵᠦ ᠦᠪᠡᠰᠦᠪᠡᠨ ᠠᠪᠤᠷᠠᠬᠤ 

ᠬᠦᠴᠦᠨ ᠤ ᠪᠠᠶᠢᠭᠤᠯᠤᠯᠲᠠ ᠶᠢ ᠴᠢᠩᠭᠠᠳᠬᠠᠵᠤ᠂ ᠪᠠᠴᠢᠮ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠠᠵᠢᠯ ᠤᠨ ᠬᠦᠴᠦᠨ ᠢ ᠦᠨᠳᠦᠰᠦᠨ ᠱᠠᠳᠤᠨ   ᠳᠤ  

ᠪᠠᠭᠤᠯᠭᠠᠬᠤ᠂  ᠪᠠᠲᠤᠯᠠᠭ᠎ᠠ ᠶᠢ ᠦᠨᠳᠦᠰᠦᠨ ᠱᠠᠳᠦ ᠲᠡᠶᠢᠰᠢ  ᠬᠡᠯᠪᠠᠶᠢᠯᠭᠡᠬᠦ᠂  ᠪᠣᠭᠤᠮᠲᠠ ᠶᠢ  ᠤᠷᠤᠭᠰᠢ  ᠰᠢᠯᠵᠢᠭᠦᠯᠬᠦ ᠶᠢ  ᠠᠬᠢᠭᠤᠯᠵᠤ᠂  ᠬᠢᠯᠢ  ᠬᠢᠵᠠᠭᠠᠷ ᠢ

ᠬᠥᠭᠵᠢᠭᠦᠯᠵᠦ ᠠᠷᠠᠳ ᠢ ᠪᠠᠶᠠᠵᠢᠭᠤᠯᠬᠤ᠂ ᠬᠢᠯᠢ ᠬᠢᠵᠠᠭᠠᠷ ᠢ ᠲᠣᠭᠲᠠᠪᠤᠷᠢᠵᠢᠭᠤᠯᠵᠤ ᠬᠢᠯᠢ  ᠬᠢᠵᠠᠭᠠᠷ ᠢ  ᠪᠠᠬᠢᠵᠢᠭᠦᠯᠬᠦ ᠳᠤ  ᠪᠠᠲᠤ ᠪᠠᠬᠢ ᠠᠮᠤᠷ ᠲᠦᠪᠰᠢᠨ ᠤ 

ᠬᠠᠯᠬᠠᠪᠴᠢ ᠶᠢ ᠪᠠᠶᠢᠭᠤᠯᠬᠤ ᠬᠡᠷᠡᠭᠲᠡᠢ᠃

        ︽ᠣᠳᠣᠬᠠᠨ ᠳᠤ᠂ ᠲᠠᠯ᠎ᠠ  ᠨᠤᠲᠤᠭ ᠤᠨ  ᠮᠠᠯᠵᠢᠬᠤ  ᠣᠷᠣᠨ ᠤ  ᠭᠠᠯ  ᠰᠡᠷᠭᠡᠶᠢᠯᠡᠬᠦ  ᠭᠠᠯ  ᠤᠨᠲᠠᠷᠠᠭᠠᠬᠤ  ᠠᠮᠤᠷ ᠲᠦᠪᠰᠢᠨ ᠳᠤ ᠭᠠᠯ ᠤᠨ ᠠᠶᠤᠯ ᠢ 

ᠰᠡᠷᠭᠡᠶᠢᠯᠡᠬᠦ ᠳᠤ ᠬᠦᠴᠢᠷ᠂ ᠲᠠᠷᠬᠠᠬᠤ ᠨᠢ ᠲᠦᠷᠭᠡᠨ᠂ ᠭᠠᠮᠰᠢᠭᠳᠠᠬᠤ ᠬᠡᠪᠴᠢᠶ᠎ᠡ ᠨᠢ ᠥᠷᠭᠡᠨ᠂ᠨᠥᠯᠥᠭᠡ  ᠨᠢ ᠶᠡᠭᠡ ᠵᠡᠷᠭᠡ ᠲᠣᠪᠤᠶᠢᠮ᠎ᠠ ᠠᠰᠠᠭᠤᠳᠠᠯ ᠣᠷᠣᠰᠢᠵᠤ ᠪᠠᠶᠢᠨ᠎ᠠ︾

᠃ ᠲᠢᠩ  ᠪᠠᠭᠠᠲᠤᠷ ᠤᠨ  ᠦᠵᠡᠬᠦ ᠪᠠᠷ᠂  ᠡᠭᠦᠨ ‍ᠤ‌‍ᠰᠢᠯᠲᠠᠭᠠᠨ ᠬᠡᠪᠡᠯ᠂ ᠨᠢᠭᠡ ᠳᠤ ᠠᠭᠤᠷ ᠠᠮᠢᠰᠬᠤᠯ ᠬᠠᠬᠢᠷ  ᠬᠦᠢᠲᠡᠨ᠂  ᠮᠠᠯᠴᠢᠨ  ᠲᠠᠷᠢᠶᠠᠴᠢᠨ  ᠶᠡᠭᠡ  

ᠴᠢᠳᠠᠮᠵᠢᠳᠤ  ᠴᠠᠬᠢᠯᠭᠠᠨ ᠬᠡᠷᠡᠭᠰᠡᠯ ᠢᠶᠠᠷ ᠳᠤᠯᠠᠭᠠᠯᠠᠳᠠᠭ  ᠤᠨ ᠳᠡᠭᠡᠷ᠎ᠡ ᠤᠯᠠᠷᠢᠯ ᠤᠨ ᠴᠢᠨᠠᠷᠲᠠᠶ ᠪᠠᠷ ᠮᠠᠯ  ᠤᠨ ᠡᠪᠡᠰᠦ ᠪᠣᠷᠳᠤᠭ᠎ᠠ ᠨᠥᠭᠡᠴᠡᠯᠡᠳᠡᠭ  ᠠᠴᠠ  

ᠭᠠᠯ‌‍ᠰᠡᠷᠭᠡᠶᠢᠯᠡᠵᠦ ᠭᠠᠯ ᠤᠨᠲᠠᠷᠠᠭᠠᠬᠤ ᠠᠮᠤᠷ ᠲᠦᠪᠰᠢᠨ ᠤ ᠬᠡᠮ ᠰᠤᠭᠤᠭ ᠣᠯᠠᠨ᠂ ᠠᠶᠤᠯ ᠲᠦᠭᠰᠢᠭᠦᠷᠢ ᠶᠡᠭᠡ ᠮᠥᠷᠲᠡᠭᠡᠨ  ᠮᠠᠯᠴᠢᠨ ᠲᠠᠷᠢᠶᠠᠴᠢᠨ ᠭᠠᠯ 

ᠰᠡᠷᠭᠡᠶᠢᠯᠡᠵᠦ ᠭᠠᠯ ᠤᠨᠲᠠᠷᠠᠭᠠᠬᠤ ᠠᠮᠤᠷ ᠲᠦᠪᠰᠢᠨ ᠢ  ᠴᠢᠬᠤᠯᠠᠴᠢᠯᠠᠬᠤ   ᠪᠠᠷ  ᠬᠦᠷᠦᠯᠴᠡᠬᠦ  ᠥᠬᠡᠶ᠂  ᠭᠠᠯ ᠰᠡᠷᠭᠡᠶᠢᠯᠡᠵᠦ ᠭᠠᠯ ᠤᠨᠲᠠᠷᠠᠭᠠᠬᠤ ᠠᠮᠤᠷ ᠲᠦᠪᠰᠢᠨ  ᠤ 

ᠬᠡᠮ ᠰᠤᠭᠤᠭ ᠢ  ᠰᠡᠷᠡᠵᠦ  ᠮᠡᠳᠡᠬᠦ᠂  ᠠᠩᠬ᠎ᠠ  ᠡᠭᠦᠰᠦᠭᠰᠡᠨ  ᠭᠠᠯ ᠤᠨ ᠠᠶᠤᠯ ᠢ ᠰᠢᠢᠳᠪᠦᠷᠢᠯᠡᠬᠦ ᠦᠪᠡᠰᠦᠪᠡᠨ ᠰᠡᠷᠭᠡᠶᠢᠯᠡᠵᠦ ᠦᠪᠡᠰᠦᠪᠡᠨ ᠠᠪᠤᠷᠬᠠᠤ 

ᠴᠢᠳᠠᠪᠤᠷᠢ ᠪᠠᠷ ᠳᠤᠲᠠᠮᠠᠭ ᠪᠠᠶᠢᠬᠤ︔ ᠬᠤᠶᠠᠷ ᠲᠤ᠋‌‍ᠲ᠋ᠠᠯ᠎ᠠ ᠨᠤᠲᠤᠭ ᠤᠨ ᠮᠠᠯᠵᠢᠬᠤ ᠣᠷᠣᠨ ᠤ ᠴᠡᠭ ᠣᠯᠠᠨ᠂ ᠭᠠᠵᠠᠷ ᠠᠭᠤᠳᠠᠮ᠂ ᠨᠤᠳᠤᠭ ᠥᠷᠭᠡᠨ᠂  ᠲᠠᠷᠢᠶᠠᠴᠢᠨ  

ᠮᠠᠯᠴᠢᠳ ‍ᠤᠨ‌ᠣᠷᠣᠨ ᠰᠠᠭᠤᠴᠠ ᠲᠠᠷᠠᠬᠠᠶ ᠪᠤᠲᠠᠷᠬᠠᠶ᠂ ᠰᠠᠭᠤᠷᠢ ᠲᠦᠭᠦᠭᠡᠷᠦᠮᠵᠢ ᠬᠤᠴᠣᠷᠤᠩᠭᠤᠶ᠂ ᠵᠠᠷᠢᠮ ᠳᠠᠭᠠᠨ  ᠪᠠᠰᠠ  ᠭᠠᠷ  ᠤᠲᠠᠰᠤᠨ ᠤ ᠳᠣᠬᠢᠶ᠎ᠠ ᠨᠡᠪᠲᠡᠷᠡᠬᠦ 

ᠦᠭᠡᠶ᠂ ᠡᠪᠦᠯ ᠤᠨ ᠤᠯᠠᠷᠢᠯ   ᠳᠤ  ᠴᠠᠰᠤ  ᠬᠤᠷᠠᠵᠦ  ᠵᠠᠮ  ᠬᠠᠷᠢᠯᠴᠠᠭ᠎ᠠ ᠲᠠᠰᠤᠯᠤᠬᠳᠠᠬᠤ᠂  ᠤᠰᠤᠨ   ᠤ ᠲᠥᠬᠦᠭᠡᠷᠦᠮᠵᠢ ᠬᠦᠯᠳᠡᠬᠦ  ᠵᠡᠷᠭᠡ  ᠠᠰᠠᠭᠤᠳᠠᠯ  

ᠣᠷᠣᠰᠢᠵᠤ᠂  ᠭᠠᠯ  ᠤᠨᠲᠠᠷᠠᠭᠠᠵᠤ  ᠠᠪᠤᠷᠠᠨ  ᠲᠤᠰᠠᠯᠠᠬᠤ  ᠬᠦᠴᠦᠨ  ᠲᠡᠷᠡ ᠳᠠᠷᠤᠶ ᠳᠤᠨᠢ ᠲᠤᠬᠠᠶ ᠶᠢᠨ ᠲᠠᠯᠠᠪᠠᠶ ᠳᠤ ᠬᠦᠷᠴᠦ ᠠᠪᠤᠷᠠᠨ ᠲᠤᠰᠠᠯᠠᠬᠤ ᠳᠤ 

ᠪᠡᠷᠭᠡᠳᠡᠢ ᠪᠠᠶᠢᠬᠤ  ᠠᠴᠠ ᠪᠤᠯᠵᠠᠢ᠃ 

       ᠲᠡᠷᠡ᠂ ᠤᠯᠤᠰ ᠠᠴᠠ ᠰᠢᠯᠢ ᠶᠢᠨ ᠭᠤᠣᠯ ᠠᠶᠢᠮᠠᠭ ᠢᠶᠠᠷ ᠲᠤᠷᠰᠢᠯᠲᠠ ᠶᠢᠨ ᠴᠡᠭ ᠪᠣᠯᠭᠠᠵᠤ᠂ ᠦᠨᠳᠦᠰᠦᠨ ᠱᠠᠲᠤᠨ ᠤ ᠪᠠᠴᠢᠮ ᠪᠠᠶᠢᠳᠠᠯ ᠢ ᠠᠷᠭᠠᠴᠠᠬᠤ 

ᠠᠪᠤᠷᠠᠨ ᠲᠤᠰᠠᠯᠠᠬᠤ ᠪᠡᠯᠡ ᠮᠥᠩᠭᠦ ᠶᠢᠨ ᠣᠷᠣᠭᠤᠯᠤᠯᠲᠠ ᠶᠢ ᠨᠡᠮᠡᠭᠳᠡᠭᠦᠯᠵᠦ᠂ ᠰᠤᠮᠤ  ︵ᠰᠢᠶᠠᠩ ᠪᠠᠯᠭᠠᠰᠤ︶᠂ ᠭᠠᠴᠠᠭ᠎ᠠ ︵ᠲᠣᠰᠬᠤᠨ︶ ᠶᠢᠨ ᠲᠤᠰᠬᠠᠢ ᠲᠤᠰᠢᠶᠠᠯᠳᠤ᠂ 

ᠰᠠᠶᠢᠨ ᠳᠤᠷ᠎ᠠ ᠶᠢᠨ  ᠭᠠᠯ  ᠤᠨᠲᠠᠷᠠᠭᠠᠬᠤ  ᠠᠩᠬᠢ  ᠵᠡᠷᠭᠡ ᠤᠯᠠᠨ ᠲᠦᠮᠡᠨ ᠤ ᠦᠪᠡᠰᠦᠪᠡᠨ ᠰᠡᠷᠭᠡᠶᠢᠯᠡᠵᠦ ᠦᠪᠡᠰᠦᠪᠡᠨ ᠠᠪᠤᠷᠠᠬᠤ ᠬᠦᠴᠦᠨ ᠢ  ᠬᠥᠮᠦᠵᠢᠭᠦᠯᠵᠦ᠂  

ᠲᠠᠯ᠎ᠠ  ᠨᠤᠳᠤᠭ  ‍ᠤᠨ‌ᠮᠠᠯᠵᠢᠬᠤ ᠣᠷᠣᠨ ᠤ ᠪᠠᠴᠢᠮ ᠪᠠᠶᠢᠳᠠᠯ ᠢ  ᠠᠷᠭᠠᠴᠠᠬᠤ  ᠠᠪᠤᠷᠠᠨ  ᠲᠤᠰᠠᠯᠠᠬᠤ  ᠮᠡᠳᠡᠭᠡ  ᠵᠠᠩᠭᠢᠵᠢᠯᠲᠠ ᠶᠢᠨ  ᠪᠠᠶᠢᠭᠤᠯᠤᠯᠲᠠ ᠶᠢ

ᠴᠢᠩᠭᠠᠳᠬᠠᠵᠤ᠂ ᠲᠠᠯ᠎ᠠ ᠨᠤᠳᠤᠭ  ᠤᠨ ᠮᠠᠯᠵᠢᠬᠤ ᠣᠷᠣᠨ ᠤ ᠪᠠᠴᠢᠮ ᠪᠠᠶᠢᠳᠠᠯ ᠢ ᠠᠷᠭᠠᠴᠠᠬᠤ  ᠬᠠᠮᠢᠶᠠᠷᠤᠯᠲᠠ ᠶᠢᠨ  ᠴᠢᠳᠠᠪᠤᠷᠢ ᠶᠢ ᠳᠡᠭᠡᠭᠰᠢᠯᠡᠭᠦᠯᠪᠡᠯ ᠵᠤᠬᠢᠨ᠎ᠡ ᠭᠡᠵᠦ 

ᠰᠠᠨᠠᠭᠤᠯᠪᠠ᠃    

   

 

 

ᠢᠷᠡᠯᠲᠡ᠄ ᠠᠷᠠᠳ ᠤᠨ ᠰᠦᠯᠵᠢᠶ᠎ᠡ