ᠨᠣᠮᠢᠨ ᠭᠡᠰᠢᠭᠦᠨ᠄ ᠵᠠᠯᠠᠭᠤᠴᠤᠳ ᠪᠠᠭᠠᠴᠤᠳ ᠤᠨ  ᠬᠠᠷᠠᠯᠭᠠᠨ ᠢ ᠰᠡᠷᠭᠡᠶᠢᠯᠡᠨ  ᠬᠤᠷᠢᠬᠯᠠᠬᠤ ᠶᠢ ᠴᠢᠩᠭᠠᠳᠬᠠᠵᠤ ᠬᠡᠦᠬᠡᠳ ᠤᠨ ︽ᠬᠡᠭᠡᠨ ᠰᠠᠷᠠᠭᠤᠯ ᠢᠷᠡᠭᠡᠳᠦᠶ︾ ᠶᠢᠨ  ᠲᠦᠯᠦᠭᠡ ᠪᠤᠳᠤᠯᠬᠢᠯᠠᠬᠤ ᠬᠡᠷᠡᠭᠲᠡᠶ
ᠨᠡᠶᠢᠲᠡᠯᠡᠭᠰᠡᠨ ᠴᠠᠭ᠄
2024/3/16

 ᠰᠤᠷᠪᠤᠯᠵᠢᠯᠠᠭᠴᠢ ᠨᠦᠷᠾᠸᠢᠢᠱᠠ 

       ᠡᠨᠡ ᠵᠢᠯ ᠤᠨ ᠪᠦᠬᠦ ᠤᠯᠤᠰ ᠤᠨ ᠬᠤᠶᠠᠷ ᠬᠤᠷᠠᠯ ᠳᠡᠭᠡᠷ᠎ᠡ᠂ ᠪᠦᠬᠦ ᠤᠯᠤᠰ ᠤᠨ ᠤᠯᠤᠰ ᠲᠦᠷᠦ ᠶᠢᠨ  ᠵᠥᠪᠯᠡᠯᠭᠡᠨ ᠤ ᠭᠡᠰᠢᠭᠦᠨ᠂ ᠪᠡᠭᠡᠵᠢᠩ ᠬᠤᠳᠠ ᠶᠢᠨ  

ᠱᠢ  ᠵᠢᠩ  ᠱᠠᠨ  ᠲᠣᠭᠤᠷᠢᠭ ᠤᠨ  ᠪᠠ  ᠵᠢᠶᠦᠦ  ᠰᠠᠭᠤᠭᠠᠯᠢ  ᠲᠣᠭᠤᠷᠢᠭ ᠤᠨ  ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠤᠨ  ᠶᠡᠷᠦᠩᠬᠡᠢ  ᠰᠠᠯᠠᠭᠠᠨ ᠤ  

ᠡᠷᠬᠢᠯᠡᠭᠴᠢ  ᠨᠣᠮᠢᠨ  ᠵᠠᠯᠠᠭᠤᠴᠤᠳ  ᠪᠠᠭᠠᠴᠤᠳ ᠤᠨ ᠬᠠᠷᠠᠯᠭᠠᠨ  ᠢ ᠰᠡᠷᠭᠡᠶᠢᠯᠡᠨ ᠬᠤᠷᠢᠬᠯᠠᠬᠤ ᠲᠤᠬᠠᠢ ᠬᠠᠮᠢᠶ᠎ᠠ ᠪᠦᠬᠦᠢ ᠰᠠᠨᠠᠯ ᠳᠤᠷᠠᠳᠤᠯᠭ᠎ᠠ ᠶᠢ  ᠭᠠᠷᠭᠠᠪᠠ᠃  

ᠲᠡᠷᠡ᠄  ︽ᠨᠢᠳᠦᠨ ᠤ ᠡᠷᠡᠭᠦᠯᠵᠢᠯ ᠤᠨ ᠲᠠᠮᠢᠷ ᠨᠢ  ᠬᠠᠷᠠᠭ᠎ᠠ  ᠡᠷᠡᠭᠦᠯ  ᠰᠤᠷᠤᠭᠴᠢᠳ ᠲᠤ  ᠬᠠᠷᠠᠭ᠎ᠠ ᠶᠢ  ᠬᠠᠮᠠᠭᠠᠯᠠᠬᠤ᠂  ᠬᠠᠷᠠᠯᠭᠠᠨ   ᠢ  ᠰᠡᠷᠭᠡᠶᠢᠯᠡᠬᠦ ᠦᠢᠯᠡᠳᠦᠯ 

ᠦᠵᠡᠭᠦᠯᠳᠡᠭ᠂ ᠲᠡᠷᠡ  ᠨᠢ ᠨᠢᠭᠡᠨᠳᠡ ᠬᠠᠷᠠᠯᠭᠠᠨ ᠪᠣᠯᠤᠭᠰᠠᠨ ᠰᠤᠷᠤᠭᠴᠢᠳ ᠤᠨ ᠬᠠᠷᠠᠯᠭᠠᠨ  ᠨᠢ ᠤᠯᠠᠮ  ᠢᠶᠠᠷ ᠶᠡᠭᠡᠳᠡᠬᠦ ᠶᠢ ᠪᠦᠲᠦᠮᠵᠢᠲᠡᠶ ᠰᠡᠷᠭᠡᠶᠢᠯᠡᠵᠦ ᠴᠢᠳᠠᠨ᠎ᠠ︾ 

ᠭᠡᠵᠦ ᠴᠢᠬᠤᠯᠠᠴᠢᠯᠠᠪᠠ᠃ 

       ᠮᠠᠨ ᠤ ᠤᠯᠤᠰ ᠨᠢᠭᠡᠨᠲᠡ ᠵᠠᠯᠠᠭᠤᠴᠤᠳ ᠪᠠᠭᠠᠴᠤᠳ ᠤᠨ ᠬᠠᠷᠠᠯᠭᠠᠨ  ᠢ ᠰᠡᠷᠭᠡᠶᠢᠯᠡᠨ  ᠬᠤᠷᠢᠬᠯᠠᠬᠤ ᠶᠢ  ︽︿  ᠠᠷᠪᠠᠨ ᠳᠥᠷᠪᠡᠳᠦᠭᠡᠷ ᠲᠠᠪᠤᠨ  ᠵᠢᠯ  ﹀ ᠤᠨ  

ᠡᠷᠡᠭᠦᠯ  ᠬᠠᠮᠠᠭᠠᠯᠠᠯ  ᠡᠷᠡᠭᠦᠯ  ᠮᠡᠨᠳᠦ ᠶᠢᠨ  ᠪᠠᠷᠢᠮᠵᠢᠶᠠᠵᠢᠭᠤᠯᠤᠯᠳᠠ   ᠶᠢᠨ  ᠠᠵᠢᠯ ᠤᠨ ᠲᠥᠯᠥᠪᠵᠢᠭᠦᠯᠭᠡ︾ ᠳᠤ ᠣᠷᠣᠭᠤᠯᠪᠠ᠃ ᠨᠣᠮᠢᠨ᠄ ᠪᠠᠶᠢᠴᠠᠭᠠᠯᠲᠠ ᠬᠢᠬᠦ ᠪᠠᠷ  

ᠲᠠᠮᠵᠢᠭᠠᠳ᠂  ᠮᠠᠰᠢ  ᠣᠯᠠᠨ  ᠰᠤᠷᠭᠠᠭᠤᠯᠢ ᠶᠢᠨ ᠨᠢᠳᠦᠨ ᠤ  ᠡᠷᠡᠭᠦᠯᠵᠢᠯ ᠤᠨ  ᠲᠠᠮᠢᠷ ᠢ  ᠴᠢᠬᠤᠯᠠᠴᠢᠯᠠᠬᠤ   ᠪᠠᠷ  ᠬᠦᠷᠦᠯᠴᠡᠬᠦ  ᠥᠬᠡᠶ  ᠪᠠᠶᠢᠬᠤ ᠂  

ᠰᠤᠷᠤᠭᠴᠢᠳ  ᠨᠢᠳᠦᠨ ᠤ ᠡᠷᠡᠭᠦᠯᠵᠢᠯ ᠤᠨ ᠲᠠᠮᠢᠷ ᠢ ᠬᠢᠬᠦ ᠦᠶ᠎ᠡ ᠳᠤ ᠪᠠᠰᠠ ᠣᠨᠣᠪᠴᠢ ᠥᠬᠡᠶ ᠠᠰᠠᠭᠤᠳᠠᠯ  ᠣᠷᠣᠰᠢᠵᠤ  ᠪᠠᠶᠢᠬᠤ ᠶᠢ  ᠣᠯᠵᠤ  ᠮᠡᠳᠡᠵᠡᠶ ᠭᠡᠵᠦ 

ᠵᠢᠭᠠᠵᠤ ᠭᠠᠷᠭᠠᠪᠠ᠃

        ᠡᠭᠦᠨ ᠤ ᠲᠤᠯᠠᠳᠠ ᠨᠣᠮᠢᠨ᠄ ᠡᠮᠴᠢᠯᠡᠭᠡᠨ ᠤ ᠪᠠᠶᠢᠭᠤᠯᠤᠮᠵᠢ᠂ ᠡᠪᠡᠳᠴᠢᠨ ᠡᠮᠭᠡᠭ ᠢ ᠰᠡᠷᠭᠡᠶᠢᠯᠡᠨ ᠬᠤᠷᠢᠬᠯᠠᠬᠤ ᠰᠠᠯᠠᠭ᠎ᠠ ᠮᠥᠴᠢᠷ᠂ ᠰᠤᠷᠭᠠᠨ ᠬᠥᠮᠦᠵᠢᠯ ᠤᠨ 

ᠰᠠᠯᠠᠭ᠎ᠠ ᠮᠥᠴᠢᠷ ᠭᠤᠷᠪᠠᠨ ᠲᠠᠯ᠎ᠠ  ᠪᠠᠷ   ᠢᠶᠠᠨ  ᠬᠠᠷᠠᠯᠭᠠᠨ   ᠢ  ᠰᠡᠷᠭᠡᠶᠢᠯᠡᠨ  ᠬᠤᠷᠢᠬᠯᠠᠬᠤ ᠬᠤᠯᠪᠣᠭ᠎ᠠ  ᠠᠪᠬᠤ  ᠲᠣᠭᠲᠠᠴᠠ ᠶᠢ  ᠪᠠᠶᠢᠭᠤᠯᠬᠤ  ᠬᠡᠷᠡᠭᠲᠡᠶ︔  

ᠰᠤᠷᠭᠠᠭᠤᠯᠢ ᠶᠢᠨ  ᠨᠢᠳᠦᠨ ᠤ  ᠡᠷᠡᠭᠦᠯᠵᠢᠯ ᠤᠨ  ᠲᠠᠮᠢᠷ ᠤᠨ ᠵᠢᠷᠤᠮᠵᠢᠭᠰᠠᠨ ᠵᠢᠭᠠᠨ ᠰᠤᠷᠭᠠᠯᠲᠠ ᠶᠢ ᠥᠷᠨᠢᠭᠦᠯᠵᠦ᠂ ᠨᠢᠳᠦᠨ ᠤ  ᠡᠷᠡᠭᠦᠯᠵᠢᠯ ᠤᠨ  ᠲᠠᠮᠢᠷ ᠤᠨ  

ᠠᠵᠢᠯᠯᠠᠭᠠᠨ ᠤ  ᠣᠨᠣᠪᠴᠢᠲᠤ ᠴᠢᠨᠠᠷ ᠪᠠ ᠪᠦᠲᠦᠮᠵᠢᠲᠦ ᠴᠢᠨᠠᠷ ᠢ ᠦᠨᠡᠨ ᠬᠦ ᠪᠠᠲᠤᠯᠠᠬᠤ ᠬᠡᠷᠡᠭᠲᠡᠶ︔ ᠬᠢᠲᠠᠳ ᠡᠮ  ᠡᠮᠨᠡᠯᠭᠡ ᠶᠢᠨ  ᠣᠨᠴᠠᠯᠢᠭ  ᠳᠠᠪᠠᠭᠤᠯᠢᠭ ᠢ

ᠭᠦᠢᠴᠡᠳ ᠪᠠᠳᠠᠷᠠᠭᠤᠯᠵᠤ᠂ ᠰᠡᠷᠭᠡᠶᠢᠯᠡᠬᠦ ᠪᠠᠷ  ᠭᠤᠣᠯ  ᠪᠣᠯᠭᠠᠬᠤ᠂  ᠰᠡᠷᠭᠡᠶᠢᠯᠡᠬᠦ  ᠪᠠ  ᠵᠠᠰᠠᠬᠤ ᠶᠢ  ᠤᠶᠠᠯᠳᠤᠭᠤᠯᠬᠤ  ᠠᠷᠭ᠎ᠠ ᠪᠣᠳᠣᠯᠭ᠎ᠠ ᠶᠢ ᠪᠠᠷᠢᠮᠲᠠᠯᠠᠬᠤ 

ᠬᠡᠷᠡᠭᠲᠡᠶ︔ ᠵᠠᠯᠠᠭᠤᠴᠤᠳ  ᠪᠠᠭᠠᠴᠤᠳ ᠤᠨ  ᠠᠮᠠᠷᠬᠠᠨ  ᠬᠦᠯᠢᠶᠡᠨ  ᠠᠪᠬᠤ  ᠰᠢᠨ᠎ᠡ  ᠮᠠᠶ᠋ᠢᠭ ‍ᠤᠨ‌ᠨᠢᠳᠦᠨ ᠤ ᠡᠷᠡᠭᠦᠯᠵᠢᠯ ᠤᠨ ᠲᠠᠮᠢᠷ ᠢ ᠰᠤᠳᠤᠯᠤᠨ ᠳᠡᠯᠭᠡᠷᠡᠭᠦᠯᠬᠦ 

ᠭᠡᠷᠡᠭᠳᠡᠢ︔ ᠤᠬᠠᠭᠤᠯᠭ᠎ᠠ ᠶᠢᠨ ᠡᠷᠴᠢᠮ ᠢᠶᠠᠨ ᠴᠢᠩᠭᠠᠷᠠᠭᠤᠯᠵᠤ᠂ ᠵᠠᠯᠠᠭᠤᠴᠤᠳ ᠪᠠᠭᠠᠴᠤᠳ ᠤᠨ ᠤᠢᠢᠷ᠎ᠠ ᠬᠠᠷᠠᠭ᠎ᠠ ᠶᠢ ᠰᠡᠷᠭᠡᠶᠢᠯᠡᠨ ᠬᠤᠷᠢᠬᠯᠠᠬᠤ  ᠶᠢ ᠬᠦᠨᠵᠡᠭᠡᠢ 

ᠲᠠᠨᠢᠬᠤ ᠪᠠ ᠲᠡᠭᠦᠨ  ᠢ ᠠᠩᠬᠠᠷᠤᠨ ᠴᠢᠬᠤᠯᠠᠴᠢᠯᠠᠬᠤ ᠭᠡᠷᠡᠭᠳᠡᠢ ᠭᠡᠵᠦ ᠰᠠᠨᠠᠭᠤᠯᠪᠠ᠃

 

ᠢᠷᠡᠯᠲᠡ᠄ ᠠᠷᠠᠳ ᠤᠨ ᠡᠳᠦᠷ ᠤᠨ ᠰᠣᠨᠢᠨ