ᠤᠤ ᠬᠤ᠋ ᠱᠠᠨ ᠭᠡᠰᠢᠭᠦᠨ᠄ ᠰᠤᠷᠭᠠᠭᠤᠯᠢ ᠶᠢᠨ ᠬᠦᠷᠢᠶᠡᠨ ᠤ ᠲᠦᠷᠭᠡᠨ ᠠᠪᠤᠷᠠᠯᠳᠠ ᠶᠢᠨ ᠲᠥᠬᠦᠭᠡᠷᠦᠮᠵᠢ ᠪᠣᠯᠤᠨ ᠲᠦᠷᠭᠡᠨ ᠠᠪᠤᠷᠠᠯᠳᠠ ᠶᠢᠨ ᠤᠷ᠎ᠠ ᠴᠢᠳᠠᠪᠤᠷᠢ ᠶᠢᠨ ᠲᠦᠭᠡᠮᠡᠯᠵᠢᠯᠲᠡ ᠶᠢᠨ ᠨᠤᠷᠮ᠎ᠠ ᠶᠢ ᠳᠡᠭᠡᠭᠰᠢᠯᠡᠬᠦᠯᠪᠡᠯ ᠵᠤᠬᠢᠨ᠎ᠡ
ᠨᠡᠶᠢᠲᠡᠯᠡᠭᠰᠡᠨ ᠴᠠᠭ᠄
2024/3/16
 

 

ᠰᠤᠷᠪᠤᠯᠵᠢᠯᠠᠭᠴᠢ ᠨᠦᠷᠾᠸᠢᠢᠱᠠ

         

        ︽ᠰᠤᠷᠭᠠᠭᠤᠯᠢ ᠶᠢᠨ ᠬᠦᠷᠢᠶᠡᠨ ᠳᠤ ᠬᠥᠮᠦᠰ ᠤᠯᠠᠨ ᠮᠦᠷᠳᠡᠭᠡᠨ ᠲᠠᠮᠢᠷ ᠤᠨ ᠲᠠᠯᠠᠪᠤᠷ ᠲᠤ ᠴᠤᠬᠯᠠᠷᠠᠨ  ᠲᠥᠪᠯᠡᠷᠡᠳᠡᠭ ᠠᠴᠠ ᠵᠢᠷᠦᠬᠡᠨ ᠴᠣᠬᠢᠯᠭ᠎ᠠ  ᠨᠢ 

ᠭᠡᠨᠡᠳᠲᠡ ᠵᠣᠭᠰᠣᠬᠤ ᠶᠠᠪᠤᠳᠠᠯ ᠭᠠᠷᠬᠤ  ᠳᠤ ᠠᠶᠤᠯ ᠲᠦᠭᠰᠢᠭᠦᠷᠢ ᠨᠡᠯᠢᠶᠡᠳ  ᠶᠡᠭᠡ  ᠪᠠᠶᠢᠳᠠᠭ︾ ᠭᠡᠵᠦ ᠪᠥᠬᠦ ᠤᠯᠤᠰ ᠤᠨ ᠤᠯᠤᠰ ᠲᠥᠷᠥ ᠶᠢᠨ ᠵᠥᠪᠯᠡᠯᠭᠡᠨ ᠤ 

ᠭᠡᠰᠢᠭᠦᠨ᠂ ᠳᠤᠮᠳᠠᠳᠤ ᠤᠯᠤᠰ ᠤᠨ  ᠵᠢᠷᠦᠬᠡ  ᠴᠡᠭᠡᠵᠢ  ᠴᠢᠰᠤᠨ ᠰᠤᠳᠠᠯ ᠤᠨ ᠮᠢᠨᠴᠦᠭᠦᠷᠡᠭᠦᠯᠬᠦ ᠨᠡᠶᠢᠭᠡᠮᠯᠢᠭ ᠤᠨ ᠪᠠᠶᠢᠩᠭᠤ ᠶᠢᠨ  ᠳᠡᠳ᠋  ᠳᠠᠷᠤᠭ᠎ᠠ  ᠪᠥᠭᠡᠳ  

ᠬᠠᠤᠯᠢ ᠶᠢᠨ  ᠡᠷᠬᠡᠲᠡᠨ ᠤ  ᠨᠠᠷᠢᠨ ᠪᠢᠴᠢᠭ ᠤᠨ ᠳᠠᠷᠤᠭ᠎ᠠ᠂ ᠳᠤᠮᠳᠠᠳᠤ ᠤᠯᠤᠰ ᠤᠨ ᠠᠨᠠᠭᠠᠬᠤ  ᠤᠬᠠᠭᠠᠨ ᠤ  ᠰᠢᠨᠵᠢᠯᠡᠬᠦ  ᠤᠬᠠᠭᠠᠨ ᠤ  ᠬᠦᠷᠢᠶᠡᠯᠡᠩ ᠤᠨ  ᠹᠦᠸᠠᠢ

ᠡᠮᠨᠡᠯᠭᠡ ᠶᠢᠨ ᠬᠤᠷᠢᠶᠠᠨ ᠤ ᠡᠷᠬᠢᠯᠡᠭᠴᠢ ᠡᠮᠴᠢ ᠤᠤ  ᠬᠤ᠋  ᠱᠠᠨ  ᠲᠠᠨᠢᠯᠴᠠᠭᠤᠯᠤᠨ  ᠬᠡᠯᠡᠬᠦ   ᠳᠡᠭᠡᠨ᠂  ᠣᠳᠣᠬᠠᠨ ᠳᠤ  ᠮᠠᠨ ᠤ ᠤᠯᠤᠰ ᠤᠨ ᠶᠡᠭᠡ ᠲᠡᠭᠡᠳᠦ 

ᠰᠤᠷᠭᠠᠭᠤᠯᠢ᠂ ᠳᠤᠮᠳᠠᠳᠤ ᠪᠠᠭ᠎ᠠ ᠰᠤᠷᠭᠠᠭᠤᠯᠢ ᠶᠢᠨ  ᠬᠦᠷᠢᠶᠡᠨ   ᠳᠠᠬᠢ  ᠪᠠᠭᠰᠢ  ᠰᠤᠷᠤᠭᠴᠢᠳ ᠤᠨ ᠵᠢᠷᠦᠬᠡ  ᠠᠭᠤᠰᠬᠢᠨ    ᠤ   ᠰᠡᠷᠭᠦᠭᠡᠯᠲᠡ ᠶᠢᠨ   ᠤᠷ᠎ᠠ   

ᠴᠢᠳᠠᠪᠤᠷᠢ ᠶᠢᠨ   ᠲᠦᠭᠡᠮᠡᠯᠵᠢᠯᠲᠡ ᠶᠢᠨ   ᠨᠣᠷᠮ᠎ᠠ᠂   AED ᠲᠣᠬᠢᠷᠠᠭᠤᠯᠤᠯᠲᠠ ᠶᠢᠨ ᠨᠣᠷᠮ᠎ᠠ ᠴᠥᠮ ᠨᠡᠯᠢᠶᠡᠳ ᠳᠤᠤᠷ᠎ᠠ  ᠪᠠᠶᠢᠨ᠎ᠠ  ᠭᠡᠪᠡ᠃  ᠲᠡᠭᠦᠨ ᠤ  

ᠦᠵᠡᠬᠦ ᠪᠠᠷ᠂  ᠰᠤᠷᠭᠠᠭᠤᠯᠢ ᠵᠢᠨ‌‍ᠬᠦ᠋ᠷᠢᠶᠡᠨ  ᠳᠠᠬᠢ ᠪᠠᠴᠢᠮ ᠠᠪᠤᠷᠠᠯᠲᠠ ᠤᠯᠠᠮ ᠠᠴᠠ ᠤᠯᠠᠮ ᠴᠢᠬᠤᠯᠠ ᠪᠣᠯᠵᠤ ᠪᠠᠶᠢᠨ᠎ᠠ᠃

        ᠤᠣ ᠬᠤ᠋ ᠱᠠᠨ ᠰᠤᠷᠪᠤᠯᠵᠢᠯᠠᠭᠴᠢ ᠳᠤ᠄ ︽ᠡᠮᠨᠡᠯᠭᠡ ᠶᠢᠨ ᠬᠤᠷᠢᠶ᠎ᠠ  ᠠᠴᠠ ᠭᠠᠳᠠᠨ᠎ᠠ ᠵᠢᠷᠦᠭᠡᠨ ᠴᠣᠬᠢᠯᠭ᠎ᠠ  ᠨᠢ ᠭᠡᠨᠡᠳᠲᠡ‌ᠵᠣᠭᠰᠣᠬᠤ ᠶᠠᠪᠤᠳᠠᠯ ᠭᠠᠷᠬᠤ  ᠳᠤ 

ᠬᠠᠮᠤᠭ ᠤᠨ ᠰᠠᠶᠢᠨ ᠲᠦᠷᠭᠡᠨ ᠠᠪᠤᠷᠬᠠᠤ ᠴᠠᠭ ᠨᠢ ᠵᠥᠪᠬᠡᠨ 4 ᠮᠢᠨᠦ᠋ᠲ ᠣᠷᠴᠢᠮ ᠪᠠᠶᠢᠳᠠᠭ᠂ ᠲᠡᠶᠢᠨ ᠬᠦ ᠴᠠᠭ ᠲᠤᠬᠠᠶ ᠳᠤᠨᠢ ᠵᠢᠷᠦᠬᠡ ᠠᠭᠤᠰᠬᠢᠨ ᠤ ᠰᠡᠷᠭᠦᠭᠡᠯᠲᠡ  

ᠬᠢᠬᠦ ᠶᠢᠨ  ᠬᠠᠮᠲᠤ  AED ᠶᠢ  ᠬᠡᠷᠡᠭᠯᠡᠪᠡᠯ  ᠥᠭᠦᠬᠦ ᠨᠣᠷᠮ᠎ᠠ ᠪᠠ ᠵᠡᠮᠳᠡᠭ ᠪᠣᠯᠬᠤ ᠨᠣᠷᠮ᠎ᠠ ᠶᠢ ᠶᠡᠭᠡ ᠪᠠᠷ ᠪᠠᠭᠤᠷᠠᠭᠤᠯᠵᠤ ᠪᠣᠯᠤᠨ᠎ᠠ᠃ ᠡᠶᠢᠮᠦ ᠠᠴᠠ᠂  

ᠰᠤᠷᠭᠠᠭᠤᠯᠢ ᠶᠢᠨ  ᠬᠦᠷᠢᠶᠡᠨ ᠤ ᠭᠤᠤᠯᠳᠠᠯᠭ᠎ᠠ ᠲᠠᠢ ᠲᠠᠯᠠᠪᠤᠷ ᠭᠠᠵᠠᠷ ᠲᠤ AED ᠲᠣᠬᠢᠷᠠᠭᠤᠯᠵᠤ᠂ ᠵᠢᠷᠦᠬᠡ ᠠᠭᠤᠰᠬᠢᠨ ᠤ  ᠰᠡᠷᠭᠦᠭᠡᠯᠲᠡ ᠶᠢᠨ  ᠪᠣᠯᠪᠠᠰᠤᠷᠠᠯ ᠢ

ᠴᠢᠩᠭᠠᠳᠬᠠᠬᠤ ᠨᠢ ᠰᠤᠷᠭᠠᠭᠤᠯᠢ ᠶᠢᠨ ᠬᠦᠷᠢᠶᠡᠨ  ᠳᠠᠬᠢ  ᠭᠡᠨᠡᠳᠲᠡ ᠶᠢᠨ  ᠦᠬᠦᠯ  ᠭᠠᠷᠬᠤ ᠶᠢ  ᠪᠦᠲᠦᠮᠵᠢᠲᠡᠶ  ᠰᠡᠷᠭᠡᠶᠢᠯᠡᠬᠦ ᠳᠤ ᠴᠢᠬᠤᠯᠠ ᠠᠴᠢ 

ᠬᠤᠯᠪᠣᠭᠳᠠᠯ ᠲᠠᠢ ᠶᠤᠮ︾ ᠭᠡᠵᠦ ᠬᠡᠯᠡᠯ᠎ᠡ᠃

        ᠤᠣ ᠬᠤ᠋ ᠱᠠᠨ᠄ ᠨᠡᠶᠢᠭᠡᠮ ᠤᠨ ᠣᠯᠠᠨ ᠲᠠᠯ᠎ᠠ ᠶᠢᠨ  ᠬᠦᠴᠦᠨ ᠤ  ᠬᠠᠮᠲᠤ ᠪᠠᠷ  ᠣᠷᠣᠯᠴᠠᠬᠤ ᠶᠢ  ᠵᠣᠷᠢᠭᠵᠢᠭᠤᠯᠵᠤ᠂ᠰᠤᠷᠭᠠᠭᠤᠯᠢ ᠶᠢᠨ  ᠬᠦᠷᠢᠶᠡᠨ ᠳᠠᠬᠢ  

AED ᠶᠢᠨ  ᠲᠣᠬᠢᠷᠠᠭᠤᠯᠤᠯᠲᠠ ᠶᠢᠨ   ᠨᠣᠷᠮ᠎ᠠ ᠶᠢ   ᠳᠡᠭᠡᠭᠰᠢᠯᠡᠭᠦᠯᠬᠦ ᠶᠢᠨ   ᠬᠠᠮᠲᠤ ᠰᠤᠷᠭᠠᠭᠤᠯᠢ ᠶᠢᠨ ᠬᠦᠷᠢᠶᠡᠨ ᠤ  AED ᠶᠢᠨ  ᠲᠥᠬᠦᠭᠡᠷᠦᠮᠵᠢ ᠶᠢᠨ  

ᠬᠠᠮᠢᠶᠠᠷᠤᠯᠲᠠ  ᠬᠠᠮᠠᠭᠠᠯᠠᠯᠲᠠ  ᠪᠠᠷᠢᠮᠵᠢᠶᠠᠵᠢᠭᠤᠯᠤᠯᠲᠠ ᠵᠢᠷᠤᠮᠵᠢᠯᠲᠠ ᠶᠢ ᠨᠠᠶᠢᠳᠠᠪᠤᠷᠢᠵᠢᠭᠤᠯᠤᠨ ᠬᠡᠷᠡᠭᠵᠢᠭᠦᠯᠬᠦ ᠶᠢ ᠠᠬᠢᠭᠤᠯᠪᠡᠯ  ᠵᠤᠬᠢᠨ᠎ᠡ︔  ᠰᠤᠷᠭᠠᠭᠤᠯᠢ ᠶᠢᠨ  

ᠬᠦᠷᠢᠶᠡᠨ ᠤ  ᠵᠢᠷᠦᠬᠡ ᠠᠭᠤᠰᠬᠢᠨ ᠤ ᠰᠡᠷᠭᠦᠭᠡᠯᠲᠡ ᠶᠢᠨ ᠪᠣᠯᠪᠠᠰᠤᠷᠠᠯ ᠤᠨ ᠶᠠᠰᠤ ᠴᠢᠨᠠᠷ  ᠪᠠ  ᠦᠷ᠎ᠡ  ᠪᠦᠲᠦᠮᠵᠢ ᠶᠢ  ᠳᠡᠭᠡᠭᠰᠢᠯᠡᠬᠦᠯᠪᠡᠯ  ᠵᠤᠬᠢᠨ᠎ᠡ︔

ᠬᠥᠭᠵᠢᠯᠲᠡ ᠪᠠᠷ ᠠᠨᠠᠢ ᠭᠠᠵᠠᠷ ᠣᠷᠣᠨ ᠤ ᠰᠤᠷᠭᠠᠭᠤᠯᠢ ᠶᠢᠨ ᠬᠦᠷᠢᠶ᠎ᠡ ᠶᠢ ᠭᠤᠣᠯᠳᠠᠯᠭ᠎ᠠ ᠲᠠᠢ ᠠᠩᠬᠠᠷᠴᠤ᠂ ᠲᠦᠷᠭᠡᠨ  ᠠᠪᠤᠷᠠᠬᠤ ᠡᠬᠢ ᠪᠠᠶᠠᠯᠢᠭ ᠢ ᠳᠣᠷᠣᠭᠰᠢ 

ᠪᠠᠭᠤᠯᠭᠠᠬᠤ ᠶᠢ ᠠᠬᠢᠭᠤᠯᠪᠡᠯ ᠵᠤᠬᠢᠨ᠎ᠡ ᠭᠡᠵᠦ ᠰᠠᠨᠠᠭᠤᠯᠪᠠ᠃    

 

 

 

ᠢᠷᠡᠯᠲᠡ᠄ ᠠᠷᠠᠳ ᠤᠨ ᠰᠦᠯᠵᠢᠶ᠎ᠡ