『ᠬᠤᠶᠠᠷ ᠬᠤᠷᠠᠯ · ᠮᠢᠨᠦ ᠰᠠᠨᠠᠯ ᠲᠤᠷᠠᠳᠤᠯᠭ᠎ᠠ』 ᠨᠠᠷᠠᠨᠪᠢᠯᠢᠭ᠌
ᠨᠡᠶᠢᠲᠡᠯᠡᠭᠰᠡᠨ ᠴᠠᠭ᠄
2024/3/16

 

        ᠨᠠᠷᠠᠨᠪᠢᠯᠢᠭ᠌᠄ ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂ ᠥᠪᠥᠷ ᠮᠣᠩᠭᠤᠯ ᠤᠨ ᠪᠠᠭᠰᠢ ᠵᠢᠨ‌‍ᠶᠡᠭᠡ ᠰᠤᠷᠭᠠᠭᠤᠯᠢ ᠶᠢᠨ ᠤᠭᠰᠠᠭᠠᠲᠠᠨ 

ᠵᠦᠢ ᠬᠥᠮᠦᠨ ᠵᠦᠢ ᠶᠢᠨ ᠳᠡᠭᠡᠳᠦ ᠰᠤᠷᠭᠠᠭᠤᠯᠢ ᠶᠢᠨ ᠨᠢᠭᠡᠳᠦᠭᠡᠷ ᠳᠡᠰ ᠤᠨ ᠫᠷᠤᠹᠧᠰᠰᠤᠷ

      

        ᠵᠠᠰᠠᠭ ᠤᠨ ᠣᠷᠳᠣᠨ ᠤ ᠠᠵᠢᠯ ᠤᠨ  ᠢᠯᠡᠳᠬᠡᠯ ᠳᠤ  ᠵᠢᠭᠠᠬᠤ ᠳᠠᠭᠠᠨ᠂  ᠪᠢᠳᠡ  ᠳᠤᠮᠳᠠᠳᠤ ᠶᠢᠨ  ᠦᠨᠳᠦᠰᠦᠲᠡᠨ ᠤ ᠬᠠᠮᠲᠤ ᠶᠢᠨ  ᠴᠣᠭᠴᠠ ᠶᠢᠨ  

ᠤᠬᠠᠮᠰᠠᠷ ᠢ  ᠪᠠᠳᠤᠳᠬᠠᠬᠤ ᠪᠠᠷ  ᠭᠤᠤᠯ  ᠰᠢᠵᠢᠮ  ᠪᠣᠯᠭᠠᠵᠤ᠂  ᠦᠨᠳᠦᠰᠦᠲᠡᠨ ᠤ  ᠣᠷᠣᠨ ᠤ ᠥᠪᠡᠷᠲᠡᠭᠡᠨ  ᠵᠠᠰᠠᠬᠤ  ᠪᠠᠶᠢᠭᠤᠯᠤᠯ ᠢ  ᠪᠠᠷᠢᠮᠲᠠᠯᠠᠨ  

ᠲᠡᠭᠦᠯᠳᠡᠷᠵᠢᠭᠦᠯᠵᠦ᠂  ᠦᠨᠳᠦᠰᠦᠲᠡᠨ ᠨᠦᠭᠦᠳ ᠤᠨ  ᠥᠷᠭᠡᠨ  ᠳᠡᠯᠭᠡᠷ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ ᠠᠬᠢᠭᠤᠯᠵᠤ᠂  ᠦᠨᠳᠦᠰᠦᠲᠡᠨ ᠤ  ᠣᠷᠣᠨ ᠤ  

ᠣᠳᠣᠬᠢᠴᠢᠯᠠᠯᠳᠠ   ᠶᠢᠨ  ᠪᠥᠲᠥᠭᠡᠨ ᠪᠠᠶᠢᠭᠤᠯᠤᠯᠲᠠ ᠶᠢᠨ ᠠᠯᠬᠤᠴᠠ  ᠶᠢ ᠲᠦᠷᠭᠡᠳᠬᠡᠬᠦ ᠶᠢ  ᠠᠬᠢᠭᠤᠯᠤᠨ᠎ᠠ᠃  ︽ᠺᠦᠷᠪᠠᠨ  ᠠᠪᠠᠭ᠎ᠠ  ᠪᠡᠭᠡᠵᠢᠩ ᠳᠤ  ᠬᠦᠷᠴᠦ  

ᠮᠠᠤ ᠲᠡᠷᠢᠭᠦᠯᠡᠭᠴᠢ ᠲᠠᠢ ᠠᠭᠤᠯᠵᠠᠬᠰᠠᠨ︾ ᠠᠴᠠ ᠠᠪᠤᠭᠠᠳ  ︽ᠭᠤᠷᠪᠠᠨ  ᠮᠢᠩᠭᠠᠨ  ᠥᠨᠥᠴᠢᠨ  ᠬᠡᠦᠬᠡᠳ   ᠢ  ᠥᠪᠥᠷ  ᠮᠣᠩᠭᠤᠯ ᠦᠷᠡᠴᠢᠯᠡᠨ ᠲᠡᠵᠢᠭᠡᠭᠰᠡᠨ︾ 

ᠬᠦᠷᠳᠡᠯᠡᠬᠢ᠂ ︽ᠠᠷᠠᠳ  ᠲᠦᠮᠡᠨ ᠤ  ᠰᠠᠶᠢᠨ  ᠠᠯᠪᠠᠨ  ᠵᠠᠷᠤᠴᠠ  ᠺᠦᠩ  ᠹᠠᠨ  ᠰᠧᠨ︾ ᠠᠴᠠ ᠠᠪᠤᠭᠠᠳ  ︽ᠠᠨᠠᠷ ᠤᠨ  ᠦᠷ᠎ᠡ ᠶᠢᠨ   ᠵᠣᠷᠢᠭ   ᠰᠠᠨᠠᠭ᠎ᠠ︾   

ᠬᠦᠷᠳᠡᠯᠡᠬᠢ   ᠦᠢᠯᠡ   ᠶᠠᠪᠤᠳᠠᠯ    ᠤᠳ    ᠨᠢ   ᠴᠦᠮ ᠦᠨᠳᠦᠰᠦᠲᠡᠨ ᠨᠦᠭᠦᠳ ᠤᠨ ᠠᠷᠠᠳ ᠲᠦᠮᠡᠨ ᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ  

ᠴᠣᠭᠴᠠ ᠶᠢᠨ  ᠤᠬᠠᠮᠰᠠᠷ ᠢ ᠪᠠᠳᠤᠳᠬᠠᠬᠤ ᠡᠨᠡ ᠬᠦ ᠭᠤᠣᠯ ᠰᠢᠵᠢᠮ  ᠢ ᠴᠢᠩᠭ᠎ᠠ ᠠᠳᠬᠤᠨ᠂ ᠰᠠᠯᠤᠩᠬᠢᠷᠠᠬᠤ ᠦᠭᠡᠢ᠂  ᠭᠤᠶᠢᠪᠢᠯᠵᠠᠬᠤ  ᠦᠭᠡᠢ  ᠪᠠᠶᠢᠬᠤ ᠶᠢ

ᠲᠦᠢᠯ ᠤᠨ ᠶᠡᠭᠡ ᠪᠠᠷ ᠵᠣᠷᠢᠭᠵᠢᠭᠤᠯᠤᠬᠰᠠᠨ ᠶᠤᠮ᠃

        ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ  ᠳᠤ ᠠᠰᠢᠭᠲᠠᠢ᠂  ᠤᠯᠤᠰ ᠣᠷᠣᠨ  ᠤ ᠬᠦᠴᠦᠷᠭᠡᠭᠵᠢᠯ ᠰᠡᠷᠭᠦᠨ 

ᠮᠠᠨᠳᠤᠯᠳᠠ  ᠳᠤ ᠠᠰᠢᠭᠲᠠᠢ᠂ ︽ᠨᠡᠶᠢᠲᠡᠯᠢᠭ ᠴᠢᠨᠠᠷ︾ ᠲᠤ  ᠠᠰᠢᠭᠲᠠᠢ  ᠰᠣᠶᠣᠯ ᠤᠨ  ᠡᠬᠢ ᠪᠠᠶᠠᠯᠢᠭ ᠯᠠ ᠶᠤᠮ ᠪᠣᠯ ᠴᠥᠮ ᠥᠴᠦᠬᠡᠨ  ᠴᠦ  ᠪᠦᠷᠢᠯᠭᠡᠨ  

ᠰᠦᠢᠳᠬᠡᠬᠦ  ᠦᠭᠡᠢ ᠪᠠᠷ  ᠰᠠᠶᠢᠲᠤᠷ  ᠬᠡᠷᠡᠭᠯᠡᠵᠦ᠂  ᠭᠦᠢᠴᠡᠳ ᠬᠡᠷᠡᠭᠯᠡᠵᠦ᠂ ᠪᠦᠲᠦᠭᠡᠯᠴᠢ ᠴᠢᠨᠠᠷᠲᠠᠢ ᠤᠯᠠᠷᠢᠭᠤᠯᠤᠨ ᠬᠤᠪᠢᠷᠠᠭᠤᠯᠬᠤ᠂ ᠰᠢᠨ᠎ᠡ ᠶᠢ ᠡᠭᠦᠳᠬᠦ ᠴᠢᠨᠠᠷᠲᠠᠢ 

ᠬᠥᠭᠵᠢᠬᠦᠯᠬᠦ ᠬᠡᠷᠡᠭᠲᠡᠢ᠃    

 

   

 

 

ᠢᠷᠡᠯᠲᠡ᠄ ᠲᠣᠲᠣᠷᠬᠠᠢ ᠦᠭᠡᠢ