ᠲᠥᠯᠥᠭᠡᠯᠡᠭᠴᠢ ᠯᠢᠦ ᠰᠢ ᠶᠠ᠄ ᠪᠠᠭᠰᠢ ᠨᠠᠷ ᠤᠨ ᠲᠤᠰᠬᠠᠶ ᠮᠡᠷᠭᠡᠵᠢᠯ ᠠᠯᠤᠰᠯᠠᠨ ᠣᠷᠣᠨ ᠲᠤᠭ᠎ᠠ ᠰᠢᠯᠭᠠᠨ ᠠᠪᠬᠤ ᠶᠢ ᠵᠥᠪᠰᠢᠶᠡᠷᠡᠬᠦ ᠶᠢ ᠰᠠᠨᠠᠭᠤᠯᠵᠦ ᠪᠠᠶᠢᠨ᠎ᠠ
ᠨᠡᠶᠢᠲᠡᠯᠡᠭᠰᠡᠨ ᠴᠠᠭ᠄
2024/3/16
 

        3  ᠰᠠᠷ᠎ᠠ ᠶᠢᠨ  5 ᠤ  ᠡᠳᠦᠷ᠂  ᠠᠷᠪᠠᠨ  ᠳᠥᠷᠪᠡᠳᠦᠭᠡᠷ  ᠬᠤᠭᠤᠴᠠᠭᠠᠨ ᠤ  ᠪᠦᠬᠦ  ᠤᠯᠤᠰ ᠤᠨ   ᠠᠷᠠᠳ ᠤᠨ ᠲᠥᠯᠥᠭᠡᠯᠡᠭᠴᠢᠳ ᠤᠨ   ᠶᠡᠭᠡ   

ᠬᠤᠷᠠᠯ ᠤᠨ   ᠬᠤᠶᠠᠳᠤᠭᠠᠷ   ᠬᠤᠷᠠᠯ ᠳᠤ   ᠣᠷᠣᠯᠴᠠᠵᠤ    ᠪᠠᠶᠢᠭ᠎ᠠ    ᠴᠦᠩᠴᠢᠩ ᠤᠨ ᠲᠥᠯᠥᠭᠡᠯᠡᠭᠴᠢᠳ ᠤᠨ ᠪᠦᠯᠬᠦᠮ ᠨᠡᠭᠡᠭᠡᠯᠳᠡᠳᠦ ᠪᠦᠯᠬᠦᠮ 

ᠳᠤᠭᠤᠶᠢᠯᠠᠩ ᠤᠨ ᠬᠤᠷᠠᠯ ᠬᠢᠪᠡ᠃  ᠪᠥᠬᠦ  ᠤᠯᠤᠰ ᠤᠨ  ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠲᠥᠯᠥᠭᠡᠯᠡᠭᠴᠢ᠂ ᠴᠦᠩᠴᠢᠩ  ᠬᠤᠲᠠ ᠶᠢᠨ  ᠵᠢᠦ  

ᠯᠦᠩ  ᠫᠦᠸᠧ  ᠲᠣᠭᠤᠷᠢᠭ ᠤᠨ ᠰᠢᠶᠧ ᠵᠢᠶᠠ ᠸᠠᠨ ᠰᠤᠷᠭᠠᠨ ᠬᠥᠮᠦᠵᠢᠯ ᠤᠨ ᠪᠦᠯᠦᠭᠯᠡᠯ ᠤᠨ ᠨᠠᠮ ᠤᠨ ᠬᠤᠷᠢᠶᠠᠨ ᠤ ᠱᠦᠵᠢ᠂ ᠶᠡᠷᠦᠩᠬᠡᠶ ᠵᠠᠬᠢᠷᠤᠯ ᠯᠢᠦ ᠰᠢ  ᠶᠠ

ᠰᠤᠷᠪᠤᠯᠵᠢᠯᠠᠭᠴᠢ ᠶᠢᠨ ᠰᠤᠷᠪᠤᠯᠵᠢᠯᠠᠭ᠎ᠠ ᠶᠢ ᠬᠦᠯᠢᠶᠡᠬᠦ  ᠳᠡᠭᠡᠨ᠂ ᠪᠢ ᠠᠵᠢᠯ ᠪᠠ ᠲᠤᠰᠢᠶᠠᠯ  ᠬᠠᠷᠢᠭᠤᠴᠠᠯᠭ᠎ᠠ ᠪᠠᠨ  ᠬᠦᠢᠴᠡᠳᠬᠡᠬᠦ ᠪᠠᠶᠢᠴᠠᠭᠠᠨ ᠰᠤᠳᠤᠯᠤᠯᠲᠠ ᠬᠢᠬᠦ 

ᠲᠤᠮᠳᠠ  ᠠᠴᠠ᠂ ᠣᠳᠣᠬᠠᠨ ᠳᠤ ᠠᠯᠪᠠᠨ  ᠵᠢᠷᠤᠮ ᠤᠨ  ᠰᠤᠷᠭᠠᠨ  ᠬᠥᠮᠦᠵᠢᠯ ᠤᠨ  ᠱᠠᠲᠤᠨ ᠤ ᠪᠠᠭᠰᠢ  ᠶᠢ ᠢᠯᠡ ᠪᠠᠷ ᠤᠷᠢᠵᠤ ᠡᠯᠰᠡᠬᠦ ᠳᠤ  ᠪᠠᠭᠰᠢ   ᠶᠢᠨ  

ᠰᠢᠯᠭᠠᠯᠳᠠ   ᠳᠤ  ᠨᠡᠷ᠎ᠡ  ᠮᠡᠳᠡᠭᠦᠯᠬᠦ  ᠨᠥᠬᠦᠴᠡᠯ   ᠤᠨ  ᠲᠤᠰᠬᠠᠶ ᠮᠡᠷᠭᠡᠵᠢᠯ ᠤᠨ ᠱᠠᠭᠠᠷᠳᠠᠯᠭ᠎ᠠ  ᠨᠢ ᠬᠡᠲᠦ ᠢᠪᠴᠤᠤ ᠪᠠᠶᠢᠬᠤ᠂ ᠬᠢᠴᠢᠶᠡᠯ  ᠲᠥᠷᠥᠯ  ᠠᠯᠤᠰᠯᠠᠨ  

ᠪᠠᠭᠰᠢ   ᠶᠢᠨ  ᠣᠷᠣᠨ  ᠲᠤᠭ᠎ᠠ ᠰᠢᠯᠭᠠᠭᠤᠯᠤᠨ ᠠᠪᠬᠤ  ᠳᠤ ᠬᠢᠵᠠᠭᠠᠷᠯᠠᠭᠳᠠᠵᠦ ᠪᠠᠶᠢᠬᠤ ᠵᠡᠷᠭᠡ ᠠᠰᠠᠭᠤᠳᠠᠯ ᠣᠷᠣᠰᠢᠵᠤ ᠪᠠᠶᠢᠬᠤ  ᠶᠢ ᠤᠯᠵᠤ  ᠮᠡᠳᠡᠵᠡᠢ᠃  ᠡᠶᠢᠮᠦ

 ᠠᠴᠠ  ᠪᠠᠭᠰᠢ ᠶᠢ  ᠢᠯᠡ ᠪᠠᠷ  ᠤᠷᠢᠵᠤ  ᠡᠯᠰᠡᠬᠦ ᠳᠡᠭᠡᠨ  ᠬᠢᠴᠢᠶᠡᠯ  ᠲᠥᠷᠥᠯ ᠤᠨ  ᠬᠡᠷᠡᠭᠰᠡᠬᠦ  ᠮᠡᠳᠡᠯᠭᠡ ᠶᠢᠨ   ᠨᠥᠭᠡᠴᠡ ᠶᠢ ᠦᠨᠳᠦᠰᠦᠯᠡᠨ ᠲᠤᠰᠬᠠᠶ 

ᠮᠡᠷᠭᠡᠵᠢᠯ ᠢ  ᠨᠢ ᠲᠣᠭᠲᠠᠭᠠᠵᠦ᠂ ᠬᠢᠴᠢᠶᠡᠯ ᠲᠥᠷᠥᠯ ᠪᠠ ᠲᠤᠰᠬᠠᠶ  ᠮᠡᠷᠭᠡᠵᠢᠯ ᠢ  ᠵᠠᠪᠠᠯ  ᠵᠣᠬᠢᠴᠠᠭᠤᠯᠬᠤ ᠬᠡᠷᠡᠭᠲᠡᠶ ᠭᠡᠵᠦ ᠬᠡᠲᠦᠷᠬᠡᠶ ᠴᠢᠬᠤᠯᠠᠴᠢᠯᠠᠬᠤ ᠥᠬᠡᠶ ᠪᠠᠶᠢᠪᠠᠯ 

ᠵᠤᠬᠢᠨ᠎ᠠ᠃ ᠲᠡᠳᠡᠭᠡᠷ ᠰᠣᠷᠣᠭᠰᠠᠨ ᠲᠤᠰᠬᠠᠶ ᠮᠡᠷᠭᠡᠵᠢᠯ  ᠪᠠ  ᠵᠢᠭᠠᠨ ᠰᠤᠷᠭᠠᠯᠲᠠ ᠶᠢᠨ ᠬᠢᠴᠢᠶᠡᠯ ᠲᠥᠷᠥᠯ ᠨᠢ ᠨᠢᠭᠡᠳᠦᠯ ᠦᠭᠡᠢ ᠬᠢᠴᠢᠶᠡᠯ ᠲᠥᠷᠥᠯ ᠠᠯᠤᠰᠯᠠᠭᠰᠠᠨ 

ᠪᠠᠭᠰᠢ ᠨᠠᠷ ᠲᠤ ᠡᠯ᠎ᠡ  ᠭᠠᠵᠠᠷ ᠤᠨ ᠬᠥᠮᠦᠨ ᠤ ᠬᠦᠴᠦᠨ ᠤ ᠡᠬᠢ ᠪᠠᠶᠠᠯᠢᠭ ᠪᠠ ᠨᠡᠶᠢᠭᠡᠮ ᠤᠨ ᠪᠠᠲᠤᠯᠠᠭ᠎ᠠ ᠶᠢᠨ ᠰᠠᠯᠠᠭ᠎ᠠ ᠮᠥᠴᠢᠷ  ᠤᠨ  ᠬᠢᠨ ᠣᠷᠣᠨ ᠲᠤᠭ᠎ᠠ 

ᠰᠢᠯᠭᠠᠨ ᠠᠪᠬᠤ ᠲᠣᠬᠢᠶᠠᠯ ᠣᠯᠭᠤᠬᠤ  ᠶᠢ ᠰᠠᠨᠠᠭᠤᠯᠵᠦ ᠪᠠᠶᠢᠨ᠎ᠠ ᠭᠡᠪᠡ᠃                    

 

 

ᠢᠷᠡᠯᠲᠡ᠄ ᠠᠷᠠᠳ ᠤᠨ ᠡᠳᠦᠷ ᠤᠨ ᠰᠣᠨᠢᠨ