『ᠬᠤᠶᠠᠷ ᠬᠤᠷᠠᠯ · ᠮᠢᠨᠦ ᠰᠠᠨᠠᠯ ᠲᠤᠷᠠᠳᠤᠯᠭ᠎ᠠ』 ᠨᠠᠷᠠᠨᠪᠢᠯᠢᠭ᠌
ᠨᠡᠶᠢᠲᠡᠯᠡᠭᠰᠡᠨ ᠴᠠᠭ᠄
2024/3/16

 

        ᠨᠠᠷᠠᠨᠪᠢᠯᠢᠭ᠌᠄ ᠪᠦᠬᠦ ᠤᠯᠤᠰ ᠤᠨ ᠤᠯᠤᠰ ᠲᠦᠷᠦ ᠶᠢᠨ ᠵᠥᠪᠯᠡᠯᠭᠡᠨ ᠤ ᠭᠡᠰᠢᠭᠦᠨ᠂ ᠥᠪᠥᠷ ᠮᠣᠩᠭᠤᠯ ᠤᠨ ᠪᠠᠭᠰᠢ ᠵᠢᠨ‌‍ᠶᠡᠭᠡ ᠰᠤᠷᠭᠠᠭᠤᠯᠢ ᠶᠢᠨ ᠤᠭᠰᠠᠭᠠᠲᠠᠨ 

ᠵᠦᠢ ᠬᠥᠮᠦᠨ ᠵᠦᠢ ᠶᠢᠨ ᠳᠡᠭᠡᠳᠦ ᠰᠤᠷᠭᠠᠭᠤᠯᠢ ᠶᠢᠨ ᠨᠢᠭᠡᠳᠦᠭᠡᠷ ᠳᠡᠰ ᠤᠨ ᠫᠷᠤᠹᠧᠰᠰᠤᠷ

      

        ᠵᠠᠰᠠᠭ ᠤᠨ ᠣᠷᠳᠣᠨ ᠤ ᠠᠵᠢᠯ ᠤᠨ  ᠢᠯᠡᠳᠬᠡᠯ ᠳᠤ  ᠵᠢᠭᠠᠬᠤ ᠳᠠᠭᠠᠨ᠂  ᠪᠢᠳᠡ  ᠳᠤᠮᠳᠠᠳᠤ ᠶᠢᠨ  ᠦᠨᠳᠦᠰᠦᠲᠡᠨ ᠤ ᠬᠠᠮᠲᠤ ᠶᠢᠨ  ᠴᠣᠭᠴᠠ ᠶᠢᠨ  

ᠤᠬᠠᠮᠰᠠᠷ ᠢ  ᠪᠠᠳᠤᠳᠬᠠᠬᠤ ᠪᠠᠷ  ᠭᠤᠤᠯ  ᠰᠢᠵᠢᠮ  ᠪᠣᠯᠭᠠᠵᠤ᠂  ᠦᠨᠳᠦᠰᠦᠲᠡᠨ ᠤ  ᠣᠷᠣᠨ ᠤ ᠥᠪᠡᠷᠲᠡᠭᠡᠨ  ᠵᠠᠰᠠᠬᠤ  ᠪᠠᠶᠢᠭᠤᠯᠤᠯ ᠢ  ᠪᠠᠷᠢᠮᠲᠠᠯᠠᠨ  

ᠲᠡᠭᠦᠯᠳᠡᠷᠵᠢᠭᠦᠯᠵᠦ᠂  ᠦᠨᠳᠦᠰᠦᠲᠡᠨ ᠨᠦᠭᠦᠳ ᠤᠨ  ᠥᠷᠭᠡᠨ  ᠳᠡᠯᠭᠡᠷ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠢ ᠠᠬᠢᠭᠤᠯᠵᠤ᠂  ᠦᠨᠳᠦᠰᠦᠲᠡᠨ ᠤ  ᠣᠷᠣᠨ ᠤ  

ᠣᠳᠣᠬᠢᠴᠢᠯᠠᠯᠳᠠ  ᠎ ᠶᠢᠨ  ᠪᠥᠲᠥᠭᠡᠨ ᠪᠠᠶᠢᠭᠤᠯᠤᠯᠲᠠ ᠶᠢᠨ ᠠᠯᠬᠤᠴᠠ ᠎ ᠶᠢ ᠲᠦᠷᠭᠡᠳᠬᠡᠬᠦ ᠶᠢ  ᠠᠬᠢᠭᠤᠯᠤᠨ᠎ᠠ᠃  ︽ᠺᠦᠷᠪᠠᠨ  ᠠᠪᠠᠭ᠎ᠠ  ᠪᠡᠭᠡᠵᠢᠩ ᠳᠤ  ᠬᠦᠷᠴᠦ  

ᠮᠠᠤ ᠲᠡᠷᠢᠭᠦᠯᠡᠭᠴᠢ ᠲᠠᠢ ᠠᠭᠤᠯᠵᠠᠬᠰᠠᠨ︾᠎ ᠠᠴᠠ ᠠᠪᠤᠭᠠᠳ  ︽ᠭᠤᠷᠪᠠᠨ  ᠮᠢᠩᠭᠠᠨ  ᠥᠨᠥᠴᠢᠨ  ᠬᠡᠦᠬᠡᠳ  ᠎ ᠢ  ᠥᠪᠥᠷ  ᠮᠣᠩᠭᠤᠯ ᠦᠷᠡᠴᠢᠯᠡᠨ ᠲᠡᠵᠢᠭᠡᠭᠰᠡᠨ︾ 

ᠬᠦᠷᠳᠡᠯᠡᠬᠢ᠂ ︽ᠠᠷᠠᠳ  ᠲᠦᠮᠡᠨ ᠤ  ᠰᠠᠶᠢᠨ  ᠠᠯᠪᠠᠨ  ᠵᠠᠷᠤᠴᠠ  ᠺᠦᠩ  ᠹᠠᠨ  ᠰᠧᠨ︾᠎ ᠠᠴᠠ ᠠᠪᠤᠭᠠᠳ  ︽ᠠᠨᠠᠷ ᠤᠨ  ᠦᠷ᠎ᠡ ᠶᠢᠨ   ᠵᠣᠷᠢᠭ   ᠰᠠᠨᠠᠭ᠎ᠠ︾   

ᠬᠦᠷᠳᠡᠯᠡᠬᠢ   ᠦᠢᠯᠡ   ᠶᠠᠪᠤᠳᠠᠯ   ᠎ ᠤᠳ   ᠎ ᠨᠢ   ᠴᠦᠮ ᠦᠨᠳᠦᠰᠦᠲᠡᠨ ᠨᠦᠭᠦᠳ ᠤᠨ ᠠᠷᠠᠳ ᠲᠦᠮᠡᠨ ᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ  

ᠴᠣᠭᠴᠠ ᠶᠢᠨ  ᠤᠬᠠᠮᠰᠠᠷ ᠢ ᠪᠠᠳᠤᠳᠬᠠᠬᠤ ᠡᠨᠡ ᠬᠦ ᠭᠤᠣᠯ ᠰᠢᠵᠢᠮ ᠎ ᠢ ᠴᠢᠩᠭ᠎ᠠ ᠠᠳᠬᠤᠨ᠂ ᠰᠠᠯᠤᠩᠬᠢᠷᠠᠬᠤ ᠦᠭᠡᠢ᠂  ᠭᠤᠶᠢᠪᠢᠯᠵᠠᠬᠤ  ᠦᠭᠡᠢ  ᠪᠠᠶᠢᠬᠤ ᠶᠢ

ᠲᠦᠢᠯ ᠤᠨ ᠶᠡᠭᠡ ᠪᠠᠷ ᠵᠣᠷᠢᠭᠵᠢᠭᠤᠯᠤᠬᠰᠠᠨ ᠶᠤᠮ᠃

        ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠳᠤᠳᠬᠠᠬᠤ ᠎ ᠳᠤ ᠠᠰᠢᠭᠲᠠᠢ᠂  ᠤᠯᠤᠰ ᠣᠷᠣᠨ ᠎ ᠤ ᠬᠦᠴᠦᠷᠭᠡᠭᠵᠢᠯ ᠰᠡᠷᠭᠦᠨ 

ᠮᠠᠨᠳᠤᠯᠳᠠ ᠎ ᠳᠤ ᠠᠰᠢᠭᠲᠠᠢ᠂ ︽ᠨᠡᠶᠢᠲᠡᠯᠢᠭ ᠴᠢᠨᠠᠷ︾᠎ ᠲᠤ  ᠠᠰᠢᠭᠲᠠᠢ  ᠰᠣᠶᠣᠯ ᠤᠨ  ᠡᠬᠢ ᠪᠠᠶᠠᠯᠢᠭ ᠯᠠ ᠶᠤᠮ ᠪᠣᠯ ᠴᠥᠮ ᠥᠴᠦᠬᠡᠨ  ᠴᠦ  ᠪᠦᠷᠢᠯᠭᠡᠨ  

ᠰᠦᠢᠳᠬᠡᠬᠦ  ᠦᠭᠡᠢ ᠪᠠᠷ  ᠰᠠᠶᠢᠲᠤᠷ  ᠬᠡᠷᠡᠭᠯᠡᠵᠦ᠂  ᠭᠦᠢᠴᠡᠳ ᠬᠡᠷᠡᠭᠯᠡᠵᠦ᠂ ᠪᠦᠲᠦᠭᠡᠯᠴᠢ ᠴᠢᠨᠠᠷᠲᠠᠢ ᠤᠯᠠᠷᠢᠭᠤᠯᠤᠨ ᠬᠤᠪᠢᠷᠠᠭᠤᠯᠬᠤ᠂ ᠰᠢᠨ᠎ᠡ ᠶᠢ ᠡᠭᠦᠳᠬᠦ ᠴᠢᠨᠠᠷᠲᠠᠢ 

ᠬᠥᠭᠵᠢᠬᠦᠯᠬᠦ ᠬᠡᠷᠡᠭᠲᠡᠢ᠃    

 

   

 

 

ᠢᠷᠡᠯᠲᠡ᠄ ᠲᠣᠲᠣᠷᠬᠠᠢ ᠦᠭᠡᠢ