ᠪᠠᠶᠠᠨᠪᠤᠯᠠᠭ  ᠪᠠᠯᠭᠠᠰᠤ ᠶᠢᠨ ᠨᠠᠷᠠᠨ ᠨᠡᠶᠢᠭᠡᠮ ᠲᠣᠭᠤᠷᠢᠭ ᠦᠨᠳᠦᠰᠦᠨ ᠱᠠᠲᠤᠨ ᠤ ᠨᠠᠰᠤᠳᠠᠶᠢᠴᠤᠳ ᠲᠤ ᠠᠯᠪᠠᠨ ᠵᠢᠷᠤᠮ ᠤᠨ ᠡᠮᠴᠢᠯᠡᠭᠡ ᠬᠠᠩᠭᠠᠪᠠ
ᠨᠡᠶᠢᠲᠡᠯᠡᠭᠰᠡᠨ ᠴᠠᠭ᠄
2024/2/21

         ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠲᠤ ᠴᠢᠨᠠᠷ ᠰᠠᠶᠢᠲᠠᠢ᠂ ᠳᠥᠭᠦᠮ ᠳᠥᠲᠡ ᠡᠮ ᠡᠮᠨᠡᠯᠭᠡ ᠶᠢᠨ ᠦᠢᠯᠡᠴᠢᠯᠡᠭᠡ ᠬᠠᠩᠭᠠᠵᠤ᠂ ᠰᠠᠭᠤᠭᠠᠯᠢ

ᠠᠷᠠᠳ ᠢ ᠡᠷᠡᠭᠦᠯ ᠰᠠᠷᠠᠭᠤᠯ ᠪᠠᠶᠠᠷ ᠪᠠᠶᠠᠰᠬᠤᠯᠠᠩ ᠲᠠᠢ ᠴᠠᠭᠠᠨ ᠰᠠᠷ᠎ᠠ ᠶᠢ ᠥᠩᠭᠡᠷᠡᠭᠦᠯᠬᠦ ᠶᠢᠨ ᠲᠥᠯᠥᠭᠡ᠂ ᠤᠷᠠᠳ ᠤᠨ ᠬᠤᠶᠢᠲᠤ ᠬᠤᠰᠢᠭᠤᠨ ᠤ ᠪᠠᠶᠠᠨᠪᠤᠯᠠᠭ

ᠪᠠᠯᠭᠠᠰᠤ ᠶᠢᠨ ᠨᠠᠷᠠᠨ ᠨᠡᠶᠢᠭᠡᠮ ᠲᠣᠭᠤᠷᠢᠭ ᠨᠢ ᠨᠡᠶᠢᠭᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠥᠷᠲᠡᠭᠡ ᠲᠠᠢ ᠬᠠᠮᠲᠤᠷᠠᠨ ᠬᠠᠶᠢᠷ᠎ᠠ ᠬᠠᠯᠠᠮᠵᠢ

ᠬᠦᠷᠭᠡᠬᠦ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠥᠷᠨᠢᠭᠦᠯᠪᠡ᠃

        ᠠᠵᠢᠯᠯᠠᠭ᠎ᠠ ᠳᠤ᠂  ᠡᠮᠴᠢ 74 ᠨᠠᠰᠤᠲᠠᠢ ᠯᠢ ᠢᠦᠢ ᠯᠠᠨ ᠨᠠᠰᠤᠲᠠᠨ ᠳᠤ ᠴᠢᠰᠤᠨ ᠰᠢᠬᠢᠷ ᠢ ᠨᠢ ᠬᠡᠮᠵᠢᠵᠦ ᠥᠭᠬᠦ ᠶᠢᠨ ᠵᠡᠷᠭᠡᠪᠡᠷ ᠲᠡᠭᠦᠨ ᠳᠤ ᠠᠩᠬᠠᠷᠬᠤ

ᠴᠢᠬᠤᠯᠠᠲᠠᠢ ᠵᠦᠢᠯ ᠢ ᠰᠠᠨᠠᠭᠤᠯᠵᠤ᠂ ᠨᠠᠰᠤᠲᠠᠨ ᠲᠣᠯᠣᠭᠠᠢ ᠳᠣᠬᠢᠨ᠂ ᠵᠢᠷᠦᠬᠡᠨ ᠲᠢᠲᠢᠮ ᠤᠨ ᠡᠪᠡᠳᠴᠢᠨ ᠳᠤ ᠨᠡᠷᠪᠡᠭᠳᠡᠭᠰᠡᠨ ᠠᠴᠠ ᠪᠣᠯᠵᠤ᠂ ᠯᠢ ᠢᠦᠢ ᠯᠠᠨ 

ᠲᠤᠬᠳᠠᠬᠰᠠᠨ ᠬᠤᠭᠤᠴᠠᠭᠠᠨ ᠳᠤ ᠪᠠᠶᠢᠴᠠᠭᠠᠯᠳᠠ ᠬᠢᠬᠦ ᠴᠢᠬᠤᠯᠳᠠᠢ  ᠪᠠᠶᠢᠯ᠎ᠠ᠃

        ᠨᠠᠷᠠᠨ ᠨᠡᠶᠢᠭᠡᠮ ᠲᠣᠭᠤᠷᠢᠭ ᠤᠨ ᠬᠠᠷᠢᠶᠠᠨ ᠳᠠᠬᠢ ᠥᠲᠡᠯᠦᠭᠡ ᠨᠠᠰᠤᠨ ᠤ ᠬᠥᠮᠥᠰ ᠤᠨ ᠡᠵᠡᠯᠡᠬᠦ ᠬᠠᠷᠢᠴᠠᠯ ᠨᠢ ᠣᠯᠠᠨ ᠪᠠᠶᠢᠵᠤ᠂ 65 ᠨᠠᠰᠤᠨ ᠠᠴᠠ

ᠳᠡᠭᠡᠭᠰᠢᠬᠢ ᠴᠢᠰᠤᠨ ᠳᠠᠷᠤᠯᠲᠠ ᠥᠨᠳᠥᠷ᠂ ᠰᠢᠬᠢᠷ ᠰᠢᠵᠢᠩ ᠡᠪᠡᠳᠴᠢᠨ ᠲᠠᠢ ᠨᠠᠰᠤᠲᠠᠶᠢᠴᠤᠳ ᠲᠤ ᠬᠠᠨᠳᠤᠭᠤᠯᠤᠨ᠂ ᠠᠳᠠᠯᠢ ᠪᠤᠰᠤ ᠪᠠᠶᠢᠳᠠᠯ ᠢ ᠦᠨᠳᠦᠰᠦᠯᠡᠨ᠂

ᠣᠨᠣᠰᠢᠯᠠᠨ ᠡᠮᠨᠡᠬᠦ ᠪᠠ ᠡᠷᠡᠭᠦᠯ ᠮᠡᠨᠳᠦ ᠶᠢᠨ ᠵᠥᠪᠯᠡᠯᠭᠡ ᠥᠭᠬᠦ ᠵᠡᠷᠭᠡ ᠦᠢᠯᠡᠴᠢᠯᠡᠭᠡ ᠶᠢ  ᠭᠤᠤᠯᠳᠠᠯᠭ᠎ᠠ ᠲᠠᠢ ᠥᠷᠨᠢᠭᠦᠯᠪᠡ᠃ ᠰᠠᠭᠤᠭᠠᠯᠢ ᠠᠷᠠᠳ ᠤᠨ ᠴᠢᠰᠤᠨ

ᠳᠠᠷᠤᠯᠲᠠ ᠶᠢ ᠬᠡᠮᠵᠢᠬᠦ᠂  ᠴᠢᠰᠤᠨ ᠰᠢᠬᠢᠷ ᠢ ᠬᠡᠮᠵᠢᠬᠦ᠂ ᠰᠠᠭᠤᠭᠠᠯᠢ ᠠᠷᠠᠳ ᠤᠨ ᠠᠰᠠᠭᠤᠨ ᠯᠠᠪᠯᠠᠭᠰᠠᠨ ᠡᠷᠡᠭᠦᠯ ᠮᠡᠨᠳᠦ ᠶᠢᠨ ᠠᠰᠠᠭᠤᠳᠠᠯ ᠢ ᠬᠦᠯᠢᠴᠡᠩᠭᠦᠢ ᠪᠠᠷ

ᠬᠠᠷᠢᠭᠤᠯᠵᠤ᠂ ᠰᠠᠭᠤᠭᠠᠯᠢ ᠠᠷᠠᠳ ᠢ ᠬᠥᠲᠥᠯᠥᠨ ᠵᠢᠯᠤᠭᠤᠳᠴᠤ ᠬᠠᠪᠰᠤᠷᠴᠤ ᠪᠠᠶᠢᠭᠠᠳ ᠡᠷᠡᠭᠦᠯ ᠬᠠᠮᠠᠭᠠᠯᠠᠯ ᠤᠨ ᠰᠠᠶᠢᠨ ᠰᠠᠶᠢᠬᠠᠨ ᠠᠮᠢᠳᠤᠷᠠᠯ ᠤᠨ ᠳᠠᠳᠬᠠᠯ ᠢ ᠪᠤᠢ

ᠪᠤᠯᠭᠠᠵᠤ᠂ ᠤᠯᠠᠨ ᠲᠦᠮᠡᠨ ᠳᠤ ᠦᠨᠳᠦᠰᠦᠨ ᠱᠠᠲᠤᠨ ᠤ ᠡᠮ ᠡᠮᠨᠡᠯᠭᠡ ᠶᠢᠨ ᠦᠢᠯᠡᠴᠢᠯᠡᠭᠡ ᠶᠢᠨ ᠲᠦᠭᠦᠮ ᠨᠥᠬᠦᠴᠡᠯ ᠢ ᠡᠳ᠋ᠯᠡᠭᠦᠯᠵᠦ ᠪᠠᠶᠢᠨ᠎ᠠ᠃

        ᠣᠶᠢᠷ᠎ᠠ ᠶᠢᠨ ᠵᠢᠯ ᠠᠴᠠ ᠨᠠᠭᠠᠰᠢ᠂ ᠨᠠᠷᠠᠨ ᠨᠡᠶᠢᠭᠡᠮ ᠲᠣᠭᠤᠷᠢᠭ ᠤᠨ ᠬᠢᠨ ᠡᠮᠴᠢᠯᠡᠭᠡᠨ ᠤ ᠦᠢᠯᠡᠴᠢᠯᠡᠭᠡ ᠶᠢᠨ ᠲᠠᠯ᠎ᠠ ᠪᠠᠷ ᠲᠠᠰᠤᠷᠠᠯᠲᠠ ᠦᠭᠡᠢ ᠰᠢᠨ᠎ᠡ ᠶᠢ

ᠡᠭᠦᠳᠦᠨ ᠦᠢᠯᠡᠳᠦᠯᠭᠡᠵᠢᠭᠦᠯᠵᠦ᠂ ᠡᠷᠡᠭᠦᠯ ᠮᠡᠨᠳᠦ ᠶᠢᠨ ᠲᠠᠶᠢᠯᠤᠮᠵᠢ᠂ ᠡᠷᠡᠭᠦᠯᠵᠢᠯ ᠤᠨ ᠹᠢᠽᠢᠺ ᠵᠠᠰᠠᠯ ᠵᠡᠷᠭᠡ ᠦᠢᠯᠡᠴᠢᠯᠡᠭᠡ ᠶᠢ ᠣᠯᠠᠨ ᠤᠳᠠᠭ᠎ᠠ ᠥᠷᠨᠢᠭᠦᠯᠵᠦ᠂

2132 ᠬᠥᠮᠥᠨ ᠲᠠᠢ ᠭᠡᠷ ᠪᠦᠯᠢ ᠶᠢᠨ ᠡᠮᠴᠢ ᠶᠢᠨ ᠦᠢᠯᠡᠴᠢᠯᠡᠭᠡ ᠲᠠᠢ ᠭᠡᠷ᠎ᠡ ᠲᠣᠭᠲᠠᠭᠰᠠᠨ ᠤ ᠬᠠᠮᠲᠤ᠂ ᠶᠠᠪᠤᠵᠤ ᠰᠠᠭᠤᠬᠤ ᠳᠤ ᠳᠥᠭᠦᠮ ᠦᠭᠡᠢ

ᠨᠠᠰᠤᠲᠠᠶᠢᠴᠤᠳ ᠤᠨ ᠡᠷᠡᠭᠦᠯ ᠮᠡᠨᠳᠦ ᠶᠢᠨ ᠠᠰᠠᠭᠤᠳᠠᠯ ᠢ ᠠᠩᠬᠠᠷᠴᠤ᠂ ᠭᠡᠷ ᠲᠤᠨᠢ ᠬᠦᠷᠴᠦ ᠪᠡᠶ᠎ᠡ ᠶᠢᠨ ᠪᠠᠶᠢᠴᠠᠭᠠᠯᠲᠠ ᠬᠢᠵᠦ ᠡᠮ ᠬᠦᠷᠭᠡᠬᠦ ᠠᠵᠢᠯ ᠢ ᠵᠣᠬᠢᠶᠠᠨ

ᠪᠠᠶᠢᠭᠤᠯᠤᠨ ᠥᠷᠨᠢᠭᠦᠯᠵᠦ᠂ ᠰᠠᠭᠤᠭᠠᠯᠢ ᠠᠷᠠᠳ ᠲᠤ ᠲᠦᠭᠦᠮ ᠦᠵᠡᠭᠦᠯᠵᠦ ᠪᠠᠶᠢᠨ᠎ᠠ᠃

 

 

ᠢᠷᠡᠯᠲᠡ᠄ ᠪᠠᠶᠠᠨᠪᠤᠯᠠᠭ  ᠪᠠᠯᠭᠠᠰᠤ ᠶᠢᠨ ᠨᠠᠷᠠᠨ ᠨᠡᠶᠢᠭᠡᠮ ᠲᠣᠭᠤᠷᠢᠭ ᠦᠨᠳᠦᠰᠦᠨ ᠱᠠᠲᠤᠨ ᠤ ᠨᠠᠰᠤᠳᠠᠶᠢᠴᠤᠳ ᠲᠤ ᠠᠯᠪᠠᠨ ᠵᠢᠷᠤᠮ ᠤᠨ ᠡᠮᠴᠢᠯᠡᠭᠡ ᠬ᠊