ᠤᠷᠠᠳ ᠤᠨ ᠬᠤᠶᠢᠲᠤ ᠬᠤᠰᠢᠭᠤᠨ ᠤ ᠠᠮᠢ ᠠᠬᠤᠢ ᠶᠢ ᠶᠠᠷᠤᠩᠭᠡᠶᠢᠯᠠᠨ ᠵᠠᠰᠠᠬᠤ ᠠᠵᠢᠯ ᠤᠨ ︽ᠤᠷᠢᠳᠠᠪᠠᠷ ᠪᠠᠶᠢᠭᠤᠯᠵᠤ ᠲᠠᠷᠠᠭ᠎ᠠ ᠨᠢ ᠨᠦᠬᠦᠪᠤᠷᠢᠯᠡᠬᠦ︾ ᠬᠠᠮᠢᠶᠠᠷᠤᠯᠲᠠ ᠶᠢᠨ ᠠᠷᠭ᠎ᠠ  ᠶᠢᠨ ᠲᠤᠬᠠᠢ ᠲᠠᠶᠢᠯᠤᠮᠵᠢ
ᠨᠡᠶᠢᠲᠡᠯᠡᠭᠰᠡᠨ ᠴᠠᠭ᠄
2024/10/29
 

      ᠰᠢ ᠶᠢᠨ ᠫᠢᠩ ᠶᠠᠷᠤᠩᠭᠡᠢ ᠱᠦᠵᠢ ᠥᠪᠥᠷ ᠮᠣᠩᠭᠤᠯ᠂ ᠪᠠᠶᠠᠨᠨᠠᠭᠤᠷ ᠢ ᠲᠤᠭᠤᠷᠢᠨ ᠪᠠᠶᠢᠴᠠᠭᠠᠠᠠᠰᠠᠨ ᠴᠢᠬᠤᠯᠠ ᠶᠠᠷᠢᠶ᠎ᠠ᠂ ᠴᠢᠬᠤᠯᠠ ᠵᠢᠭᠠᠪᠤᠷᠢ ᠶᠢᠨ ᠵᠣᠷᠢᠭ

ᠰᠠᠨᠠᠭ᠎ᠠ ᠶᠢ ᠭᠦᠨᠵᠡᠭᠡᠢ ᠲᠤᠤᠱᠯᠠᠭᠤᠯᠤᠨ ᠨᠠᠶᠢᠳᠠᠪᠤᠷᠢᠵᠢᠭᠤᠯᠬᠤ ᠶᠢᠨ ᠲᠤᠰᠠᠳᠠ᠂ ᠨᠤᠲᠤᠭ ᠪᠡᠯᠴᠢᠭᠡᠷ ᠲᠡᠭᠡᠷ᠎ᠡ ᠬᠡᠳᠦᠷᠡᠳᠡᠯ᠎ᠡ ᠮᠠᠯ ᠮᠠᠯᠵᠢᠬᠤ ᠠᠰᠠᠭᠤᠳᠠᠯ ᠢ

ᠲᠤᠶᠢᠯᠪᠤᠷᠢᠲᠠᠢ ᠰᠢᠢᠳᠪᠦᠷᠢᠯᠠᠨ᠂ ︽ᠭᠤᠷᠪᠠᠨ ᠤᠮᠠᠷᠠᠲᠤ︾ ᠵᠠᠷᠭᠡ ᠭᠤᠤᠯᠳᠠᠯᠭᠠᠳᠤ ᠠᠮᠢ ᠠᠬᠤᠢ ᠢᠨᠵᠧᠨᠧᠷᠢᠩ ᠢ ᠪᠦᠬᠦ ᠬᠦᠴᠤᠨ ᠢᠶᠠᠷ ᠠᠬᠢᠭᠤᠯᠵᠤ᠂ ᠨᠤᠲᠤᠭ

ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠶᠢ ᠰᠡᠷᠭᠦᠭᠡᠨ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠢ ᠲᠣᠭᠲᠠᠭᠤᠨ ᠪᠠᠶᠢᠯᠭᠠᠬᠤ ᠶᠢ ᠪᠡᠶᠡᠯᠡᠭᠦᠯᠵᠦ᠂ ᠥᠷᠭᠡᠨ

ᠤᠯᠠᠨ ᠮᠠᠯᠴᠢᠳ ᠢ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠳᠤ ᠢᠳᠡᠪᠬᠢᠲᠡᠢ ᠣᠷᠣᠯᠴᠠᠭᠤᠯᠤᠨ᠎ᠠ᠃ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ

ᠠᠯᠪᠠᠨ ᠲᠢᠩᠬᠢᠮ᠂ ᠵᠠᠰᠠᠭ ᠤᠨ ᠣᠷᠳᠣᠨ ᠤ ᠠᠯᠪᠠᠨ ᠲᠢᠩᠬᠢᠮ ᠤᠨ ︽ᠡᠯ᠎ᠡ ᠲᠠᠯ᠎ᠠ ᠶᠢᠨ ᠢᠳᠡᠪᠬᠢᠵᠢᠯ ᠢ ᠭᠦᠢᠴᠡᠳ ᠳᠠᠶᠢᠴᠢᠯᠠᠵᠤ ︿ᠭᠤᠷᠪᠠᠨ ᠤᠮᠠᠷᠠᠲᠤ﹀ ᠶᠢᠨ

ᠢᠨᠵᠧᠨᠧᠷᠢᠩ ᠤᠨ ᠰᠢᠪᠲᠤᠯᠤᠯᠲᠠ ᠶᠢᠨ ᠳᠠᠶᠢᠯᠠᠯᠳᠤᠭᠠᠨ ᠢ ᠬᠦᠴᠦ ᠪᠠᠨ ᠬᠠᠮᠲᠤᠳᠬᠠᠨ ᠰᠠᠶᠢᠲᠤᠷ ᠬᠢᠬᠦ ᠲᠤᠬᠠᠢ ᠰᠠᠨᠠᠯ︾ ︵ᠥᠪᠥᠷ ᠨᠠᠮ ᠠᠯᠪᠠᠨ ᠲᠠᠷᠬᠠᠭᠠᠭᠰᠠᠨ ﹇

2024﹈ 12 ᠳ᠋ᠤᠭᠠᠷ ᠲᠣᠭᠠᠲᠤ︶ ᠤᠨ ᠱᠠᠭᠠᠷᠳᠠᠯᠭ᠎ᠠ ᠶᠢ ᠦᠨᠳᠦᠰᠦᠯᠡᠨ᠂ ᠮᠠᠨ ᠤ ᠬᠤᠰᠢᠭᠤᠨ ᠤ ᠪᠣᠳᠠᠲᠠᠢ ᠲᠠᠢ ᠤᠶᠠᠯᠳᠤᠭᠤᠯᠤᠨ᠂ ᠤᠷᠠᠳ ᠤᠨ ᠬᠤᠶᠢᠲᠤ

ᠬᠤᠰᠢᠭᠤᠨ ᠤ ᠠᠮᠢ ᠠᠬᠤᠢ ᠶᠢ ᠶᠡᠷᠦᠩᠬᠡᠶᠢᠯᠡᠭᠰᠡᠨ ᠵᠠᠰᠠᠬᠤ ᠠᠵᠢᠯ ᠤᠨ ︽ᠤᠷᠢᠳᠠᠪᠠᠷ ᠪᠠᠶᠢᠭᠤᠯᠵᠤ ᠳᠠᠷᠠᠭ᠎ᠠ ᠨᠢ ᠨᠥᠬᠦᠪᠦᠷᠢᠯᠡᠬᠦ︾ ᠵᠠᠭᠪᠤᠷ ᠢ ᠬᠡᠷᠡᠭᠵᠢᠭᠦᠯᠵᠦ᠂

ᠳᠣᠣᠷᠠᠬᠢ ᠮᠡᠲᠦ ᠬᠠᠮᠢᠶᠠᠷᠤᠯᠲᠠ ᠶᠢᠨ ᠠᠷᠭ᠎ᠠ ᠶᠢ ᠲᠣᠭᠲᠠᠭᠠᠪᠠ᠃

      ᠨᠢᠭᠡᠳᠦᠭᠡᠷ ᠵᠦᠢᠯ   ᠭᠠᠵᠠᠷ ᠰᠣᠩᠭᠤᠨ᠎ᠠ᠃ ᠵᠠᠷᠴᠢᠮ ᠳᠡᠭᠡᠷ᠎ᠡ ᠪᠠᠨ ᠡᠯᠡᠰᠦᠷᠬᠡᠭ ᠭᠠᠵᠠᠷ᠂ ᠬᠠᠯᠴᠠᠭᠠᠢ ᠭᠠᠵᠠᠷ ᠵᠢᠴᠢ ᠠᠰᠢᠭᠯᠠᠭᠠᠳᠤᠢ ᠭᠠᠵᠠᠷ ᠤᠨ ᠪᠤᠰᠤᠳ

ᠲᠥᠷᠥᠯ ᠤᠨ ᠭᠠᠵᠠᠷ ︵ᠤᠷᠭᠤᠮᠠᠯ ᠤᠨ ᠬᠤᠴᠢᠯᠭ᠎ᠠ ᠶᠢᠨ ᠪᠦᠷᠬᠦᠴᠡ 8% ᠠᠴᠠ ᠪᠠᠭ᠎ᠠ︶ ᠢᠶᠠᠷ ᠭᠤᠣᠯ ᠪᠣᠯᠭᠠᠵᠤ᠂ ᠪᠤᠳᠠᠯᠢᠭ ᠤᠢ᠂ ᠦᠨᠳᠦᠰᠦᠨ ᠨᠤᠲᠤᠭ

ᠪᠡᠯᠴᠢᠭᠡᠷ᠂ ᠦᠨᠳᠦᠰᠦᠨ ᠲᠠᠷᠢᠶᠠᠨ ᠭᠠᠵᠠᠷ ᠪᠠ ᠪᠤᠰᠤᠳ ᠤᠢ ᠰᠢᠭᠤᠢ ᠡᠪᠡᠰᠤᠨ ᠲᠥᠷᠥᠯ ᠵᠦᠢᠯ ᠤᠨ ᠭᠠᠵᠠᠷ ᠲᠠᠢ ᠳᠠᠪᠬᠤᠴᠠᠭᠤᠯᠤᠨ ᠠᠰᠢᠭᠯᠠᠵᠤ ᠪᠣᠯᠬᠤ ᠦᠭᠡᠢ᠃

      ᠬᠤᠶᠠᠳᠤᠭᠠᠷ ᠵᠦᠢᠯ  ᠮᠡᠳᠡᠭᠦᠯᠬᠦ ᠭᠤᠣᠯ ᠴᠣᠭᠴᠠ᠃ ᠮᠠᠯᠴᠢᠨ ᠲᠠᠷᠢᠶᠠᠴᠢᠨ ᠬᠤᠪᠢ ᠬᠦᠮᠤᠨ᠂ ᠮᠠᠯᠴᠢᠨ ᠲᠠᠷᠢᠶᠠᠴᠢᠨ ᠬᠤᠯᠪᠤᠭᠠᠯᠠᠭᠰᠠᠠ ᠡᠷᠤᠭᠡ ᠪᠤᠶᠤ

ᠮᠠᠯᠵᠢᠬᠤ ᠲᠠᠷᠢᠶᠠᠯᠠᠬᠤ ᠤᠷᠤᠨ ᠤ ᠬᠠᠮᠲᠤ ᠶᠢᠨ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠭᠤᠶᠤᠴᠢᠯᠠᠵᠤ ᠪᠤᠯᠤᠨ᠎ᠠ᠃ ᠮᠡᠳᠡᠭᠦᠯᠬᠦ ᠭᠤᠣᠯ ᠴᠣᠭᠴᠠ ᠨᠢ ᠮᠠᠯᠴᠢᠨ

ᠲᠠᠷᠢᠶᠠᠴᠢᠨ ᠬᠤᠪᠢ ᠬᠥᠮᠥᠨ᠂ ᠮᠠᠯᠴᠢᠨ ᠲᠠᠷᠢᠶᠠᠴᠢᠨ ᠬᠤᠯᠪᠤᠭᠠᠯᠠᠭᠰᠠᠠ ᠡᠷᠤᠭᠡ ᠪᠤᠯ ᠬᠠᠷᠢᠶ᠎ᠠ ᠭᠠᠴᠠᠭ᠎ᠠ ︵ᠲᠣᠰᠬᠤᠨ︶ ᠳᠤ ᠪᠢᠴᠢᠭ ᠢᠶᠠᠷ ᠭᠤᠶᠤᠴᠢᠯᠠᠵᠤ᠂

ᠨᠤᠲᠤᠭ ᠪᠡᠯᠴᠢᠭᠡᠷ ᠤᠨ ᠳᠠᠭᠠᠭᠠᠴᠢᠯᠠᠨ ᠬᠡᠷᠡᠭᠯᠡᠬᠦ ᠡᠷᠬᠡ ᠶᠢᠨ ᠦᠨᠡᠮᠯᠡᠯ ᠤᠨ ᠤᠭ ᠮᠠᠲ᠋ᠧᠷᠢᠶᠠᠯ ᠵᠡᠷᠭᠡ ᠶᠢ ᠬᠠᠩᠭᠠᠬᠤ ᠬᠡᠷᠡᠭᠲᠡᠢ᠃ ᠮᠡᠳᠡᠭᠦᠯᠬᠦ ᠭᠤᠣᠯ ᠴᠣᠭᠴᠠ ᠨᠢ

ᠮᠠᠯᠵᠢᠬᠤ ᠲᠠᠷᠢᠶᠠᠯᠠᠬᠤ ᠤᠷᠤᠨ ᠤ ᠬᠠᠮᠲᠤ ᠶᠢᠨ ᠠᠵᠤ ᠠᠬᠤᠢ ᠵᠤᠬᠢᠶᠠᠨ ᠪᠠᠶᠢᠭᠤᠯᠤᠯᠳᠠ ᠪᠤᠯ᠂ ᠬᠠᠷᠢᠶ᠎ᠠ ᠭᠠᠴᠠᠭ᠎ᠠ ᠲᠣᠰᠬᠤᠨ ᠳᠤ ᠪᠢᠴᠢᠭ ᠢᠶᠠᠷ ᠭᠤᠶᠤᠴᠢᠯᠠᠯ

ᠲᠡᠪᠰᠢᠬᠦᠯᠤᠨ᠂ ᠨᠤᠲᠤᠭ ᠪᠡᠯᠴᠢᠭᠡᠷ ᠢ ᠬᠡᠷᠡᠭᠯᠡᠬᠦ ᠵᠥᠪᠯᠡᠯᠴᠡᠭᠡᠷ ︵ᠨᠤᠲᠤᠭ ᠪᠡᠯᠴᠢᠭᠡᠷ ᠤᠨ ᠲᠠᠯᠠᠪᠠᠶ᠂ ᠣᠷᠣᠨ ᠪᠠᠶᠢᠷᠢ᠂ ᠭᠠᠵᠠᠷ ᠬᠡᠷᠡᠭᠯᠡᠬᠦ ᠬᠤᠭᠤᠴᠠᠭ᠎ᠠ ᠬᠢᠵᠠᠭᠠᠷ᠂

ᠬᠡᠷᠡᠭᠵᠢᠭᠦᠯᠬᠦ ᠲᠥᠷᠥᠯ ᠵᠦᠢᠯ ᠤᠨ ᠠᠩᠬᠢᠯᠠᠯ᠂ ᠲᠠᠯᠠᠪᠠᠶ᠂ ᠬᠦᠷᠢᠶ᠎ᠡ ᠬᠡᠪᠴᠢᠶ᠎ᠡ ᠵᠡᠷᠭᠡ ᠶᠢ ᠬᠠᠮᠤᠷᠠᠨ᠎ᠠ︶ ᠵᠡᠷᠭᠡ ᠮᠠᠲ᠋ᠧᠷᠢᠶᠠᠯ ᠤᠳ ᠢ ᠬᠠᠩᠭᠠᠬᠤ ᠭᠡᠷᠡᠭᠳᠠᠢ᠃

      ᠭᠤᠷᠪᠠᠳᠤᠭᠠᠷ ᠵᠦᠢᠯ  ᠮᠡᠳᠡᠭᠦᠯᠬᠦ ᠠᠯᠬᠤᠮ ᠲᠠᠷᠠᠭ᠎ᠠ᠃ ᠮᠡᠳᠡᠭᠦᠯᠬᠦ ᠭᠤᠣᠯ ᠴᠣᠭᠴᠠ ᠭᠤᠶᠤᠴᠢᠯᠠᠯ ᠲᠡᠪᠰᠢᠬᠦᠯᠤᠨ᠂ ᠭᠠᠴᠠᠭ᠎ᠠ ︵ᠲᠣᠰᠬᠤᠨ︶᠂ ᠰᠤᠮᠤ ︵

ᠪᠠᠯᠭᠠᠰᠤ︶ ᠲᠥᠷᠥᠯ ᠵᠦᠢᠯ ᠤᠨ ᠭᠠᠵᠠᠷ ᠢ ᠠᠩᠬ᠎ᠠ ᠠᠯᠬᠤᠮ ᠬᠢᠨᠠᠨ ᠬᠠᠷᠭᠤᠭᠤᠯᠵᠤ᠂ ᠭᠠᠴᠠᠭ᠎ᠠ ᠲᠤᠰᠬᠤᠨ᠂ ᠰᠤᠮᠤ ᠪᠠᠯᠭᠠᠰᠤᠨ ᠳᠤ 5 ᠠᠵᠢᠯᠯᠠᠬᠤ ᠡᠳᠦᠷ ᠢᠯᠠ

ᠵᠠᠷᠯᠠᠨ ᠨᠠᠶᠢᠳᠠᠯᠡᠭᠰᠠᠠ ᠤ ᠳᠠᠷᠠᠭ᠎ᠠ ᠣᠨᠳᠣᠣ ᠰᠠᠨᠠᠯ ᠦᠭᠡᠢ ᠪᠤᠯ ᠭᠠᠷ ᠤᠨ ᠥᠰᠥᠭ ᠵᠢᠷᠤᠵᠤ ᠬᠤᠰᠢᠭᠤᠨ ᠤ ᠣᠶ ᠰᠢᠭᠤᠢ ᠨᠤᠳᠤᠭ ᠪᠡᠯᠴᠢᠭᠡᠷ ᠤᠨ ᠲᠣᠪᠴᠢᠶᠠᠨ ᠳᠤ

ᠳᠡᠪᠰᠢᠭᠦᠯᠵᠤ᠂ ᠤᠢ ᠰᠢᠭᠤᠢ ᠨᠤᠳᠤᠭ ᠪᠡᠯᠴᠢᠭᠡᠷ ᠤᠨ ᠲᠤᠪᠴᠢᠶ᠎ᠠ ᠮᠡᠷᠭᠡᠵᠢᠯ ᠤᠨ ᠠᠵᠢᠯᠲᠠᠨ ᠲᠣᠮᠢᠯᠠᠵᠤ ᠭᠠᠴᠠᠭ᠎ᠠ ︵ᠲᠣᠰᠬᠤᠨ︶᠂ ᠰᠤᠮᠤ ︵ᠪᠠᠯᠭᠠᠰᠤ︶

ᠮᠡᠷᠭᠡᠵᠢᠯ ᠤᠨ ᠠᠵᠢᠯᠲᠠᠨ ᠲᠠᠢ ᠬᠠᠮᠲᠤᠷᠠᠨ ᠲᠤᠬᠠᠢ ᠶᠢᠨ ᠲᠠᠯᠠᠪᠤᠷ ᠲᠤᠨᠢ ᠬᠦᠷᠴᠦ ᠪᠠᠶᠢᠴᠠᠭᠠᠯᠲᠠ ᠬᠢᠵᠦ᠂ ᠨᠥᠬᠦᠴᠡᠯ ᠳᠤ ᠨᠡᠶᠢᠴᠡᠬᠦ ᠭᠠᠵᠠᠷ ᠲᠤ ᠠᠯᠬᠤᠮ ᠳᠠᠷᠠᠭᠠᠯᠠᠯ

ᠶᠣᠰᠣᠭᠠᠷ ᠲᠡᠭᠡᠭᠰᠢ ᠮᠡᠳᠡᠭᠦᠯᠵᠦ ᠬᠢᠨᠠᠨ ᠵᠥᠪᠰᠢᠶᠡᠷᠡᠭᠦᠯᠦᠭᠰᠡᠨ ᠤ ᠳᠠᠷᠠᠭ᠎ᠠ᠂ ︽ᠤᠷᠢᠳᠠᠪᠠᠷ ᠪᠠᠶᠢᠭᠤᠯᠵᠤ ᠳᠠᠷᠠᠭ᠎ᠠ ᠨᠢ ᠨᠥᠬᠦᠪᠦᠷᠢᠯᠡᠬᠦ︾ ᠲᠥᠷᠥᠯ ᠵᠦᠢᠯ ᠳᠤ

ᠣᠷᠣᠭᠤᠯᠤᠨ᠎ᠠ᠃ ᠬᠤᠰᠢᠭᠤᠨ ᠤ ᠣᠶ ᠰᠢᠭᠤᠢ ᠨᠤᠳᠤᠭ ᠪᠡᠯᠴᠢᠭᠡᠷ ᠤᠨ ᠲᠣᠪᠴᠢᠶ᠎ᠠ᠂ ᠰᠤᠮᠤ ᠪᠠᠯᠭᠠᠰᠤ᠂ ᠭᠠᠴᠠᠭ᠎ᠠ ᠲᠣᠰᠬᠤᠨ᠂ ᠭᠤᠶᠤᠴᠢᠯᠠᠨ ᠮᠡᠳᠡᠭᠦᠯᠬᠦ ᠭᠤᠣᠯ

ᠴᠣᠭᠴᠠ ᠳᠥᠷᠪᠡᠨ ᠲᠠᠯ᠎ᠠ ᠶᠢᠨ ᠬᠡᠯᠡᠯᠴᠡᠭᠡᠷ ᠲᠣᠭᠲᠠᠭᠰᠠᠨ ᠤ ᠳᠠᠷᠠᠭ᠎ᠠ᠂ ᠪᠦᠲᠦᠭᠡᠨ ᠪᠠᠶᠢᠭᠤᠯᠤᠯᠳᠠ ᠶᠢᠨ ᠠᠭᠤᠯᠭ᠎ᠠ᠂ ᠭᠠᠵᠠᠷ᠂ ᠪᠠᠷᠢᠮᠵᠢᠶ᠎ᠠ᠂ ᠮᠡᠷᠭᠡᠵᠢᠯ ᠤᠨ

ᠱᠠᠭᠠᠷᠳᠠᠯᠭ᠎ᠠ᠂ ᠰᠢᠯᠭᠠᠨ ᠳ᠋ᠦᠩᠨᠡᠬᠦ ᠪᠠᠷᠢᠮᠵᠢᠶ᠎ᠠ᠂ ᠪᠠᠷᠢᠯᠭ᠎ᠠ ᠶᠢᠨ ᠠᠷᠠᠴᠢᠯᠠᠭ᠎ᠠ ᠬᠠᠮᠠᠭᠠᠯᠠᠯᠲᠠ᠂ ᠪᠡᠯᠡ ᠮᠥᠩᠭᠦ ᠥᠭᠬᠦ ᠠᠷᠭ᠎ᠠ ᠮᠠᠶ᠋ᠢᠭ ᠵᠡᠷᠭᠡ ᠠᠭᠤᠯᠭ᠎ᠠ ᠶᠢ

ᠲᠣᠳᠣᠷᠬᠠᠶᠢᠯᠠᠬᠤ ᠶᠢᠨ ᠬᠠᠮᠲᠤ᠂ ᠬᠤᠶᠠᠷ ᠲᠠᠯ᠎ᠠ ᠶᠢᠨ ᠡᠷᠬᠡ ᠡᠭᠦᠷᠭᠡ᠂ ᠮᠠᠷᠭᠤᠯᠳᠤᠭᠠᠨ ᠢ ᠰᠢᠢᠳᠪᠦᠷᠢᠯᠡᠬᠦ᠂ ᠭᠡᠷ᠎ᠡ ᠵᠥᠷᠢᠴᠡᠭᠰᠡᠨ ᠬᠠᠷᠢᠭᠤᠴᠠᠯᠭ᠎ᠠ ᠵᠡᠷᠭᠡ ᠲᠠᠯ᠎ᠠ ᠪᠠᠷ

ᠵᠦᠪᠳᠡᠯᠴᠠᠨ ᠲᠣᠭᠲᠠᠨ᠎ᠠ᠃ ᠡᠨᠡ ᠬᠤᠭᠤᠴᠠᠭᠠᠨ ᠳᠤ ᠮᠡᠳᠡᠭᠦᠯᠦᠭᠰᠡᠨ ᠪᠥᠬᠦ ᠮᠠᠲ᠋ᠧᠷᠢᠶᠠᠯ ᠢᠶᠠᠨ ᠬᠤᠰᠢᠭᠤᠨ ᠤ ᠣᠶ ᠰᠢᠭᠤᠢ ᠨᠤᠳᠤᠭ ᠪᠡᠯᠴᠢᠭᠡᠷ ᠤᠨ ᠲᠣᠪᠴᠢᠶᠠᠨ

 ᠳᠤ ᠮᠡᠳᠡᠭᠦᠯᠵᠦ ᠳᠠᠩᠰᠠᠯᠠᠭᠤᠯᠤᠨ᠎ᠠ᠃

      ᠳᠥᠷᠪᠡᠳᠦᠭᠡᠷ ᠵᠦᠢᠯ   ᠲᠠᠯᠠᠪᠠᠶ ᠪᠠ ᠮᠦᠩᠬᠦ ᠶᠢ ᠲᠤᠳᠤᠷᠬᠠᠶᠢᠯᠠᠨ ᠲᠣᠭᠲᠠᠭᠠᠨ᠎ᠠ᠃ ᠪᠣᠳᠠ ᠮᠣᠳᠣ ᠣᠶᠢᠵᠢᠭᠤᠯᠬᠤ᠂ ᠬᠥᠮᠥᠨ ᠤ ᠬᠦᠴᠦ ᠪᠠᠷ ᠡᠪᠡᠰᠦ

ᠳᠠᠷᠢᠬᠤ ᠲᠠᠯᠠᠪᠠᠶ ᠨᠢ 10000 ᠮᠦ ᠶᠢᠨ ᠳᠣᠲᠣᠷ᠎ᠠ ᠪᠠᠶᠢᠬᠤ ᠮᠥᠷᠲᠡᠭᠡᠨ ᠳᠠᠩ ᠭᠠᠭᠴᠠ ᠲᠠᠯ᠎ᠠ ᠶᠢᠨ ᠪᠠᠷᠢᠯᠭ᠎ᠠ ᠶᠢᠨ ᠭᠡᠷ᠎ᠡ ᠶᠢᠨ ᠮᠦᠩᠬᠦᠨ ᠤ ᠲᠤᠭ᠎ᠠ 400

ᠲᠦᠮᠡᠨ ᠲᠥᠭᠦᠷᠢᠭ ᠠᠴᠠ ᠬᠡᠲᠦᠷᠡᠬᠦ ᠦᠭᠡᠢ ᠪᠠᠶᠢᠪᠠᠯ᠂ ︽ᠤᠷᠢᠳᠠᠪᠠᠷ ᠪᠠᠶᠢᠭᠤᠯᠵᠤ ᠳᠠᠷᠠᠭ᠎ᠠ ᠨᠢ ᠨᠥᠬᠦᠪᠦᠷᠢᠯᠡᠬᠦ︾ ᠲᠥᠷᠥ ᠶᠢᠨ ᠪᠣᠳᠣᠯᠭ᠎ᠠ ᠶᠢ ᠭᠥᠷᠳᠡᠵᠦ

ᠪᠣᠯᠣᠨ᠎ᠠ᠃

      ᠲᠠᠪᠤᠳᠤᠭᠠᠷ ᠵᠦᠢᠯ   ᠮᠡᠷᠭᠡᠵᠢᠯ ᠤᠨ ᠪᠠᠷᠢᠮᠵᠢᠶ᠎ᠠ᠃ ᠵᠠᠭ᠂ ᠬᠠᠷᠭᠠᠨ᠎ᠠ ᠵᠡᠷᠭᠡ ᠪᠤᠳ᠋ᠨ ᠮᠣᠳᠣ ᠳᠠᠷᠢᠬᠤ ᠪᠠᠷᠢᠮᠵᠢᠶ᠎ᠠ ᠶᠢ ᠵᠠᠷᠴᠢᠮ ᠳᠡᠭᠡᠷ᠎ᠡ ᠪᠠᠨ 3×5

ᠮᠧᠲᠷ ᠤᠨ ᠵᠠᠢ ᠲᠠᠢ ᠪᠠᠶᠢᠯᠭᠠᠵᠤ᠂ ᠠᠩᠬ᠎ᠠ ᠳᠠᠷᠢᠬᠤ ᠨᠢᠭᠲᠠᠴᠠ ᠶᠢ ᠮᠦ ᠪᠦᠷᠢ ᠳᠤ 44 ᠨᠦᠬᠡ ᠠᠴᠠ ᠳᠤᠲᠠᠭᠤ ᠪᠠᠶᠢᠯᠭᠠᠵᠤ ᠪᠣᠯᠬᠤ ᠦᠭᠡᠢ᠃ ᠵᠠᠶᠢᠯᠠᠬᠤ

ᠨᠦᠬᠡ ᠶᠢᠨ ᠭᠦᠨ ᠨᠢ 0.3 ᠮᠧᠲᠷ ᠠᠴᠠ ᠳᠡᠭᠡᠭᠰᠢ᠂ ᠳ᠋ᠢᠶᠠᠮᠧᠲᠷ ᠨᠢ 0.3 ᠮᠧᠲᠷ ᠠᠴᠠ ᠳᠡᠭᠡᠭᠰᠢ ᠪᠠᠶᠢᠬᠤ ᠭᠡᠷᠡᠭᠳᠠᠢ︔ ᠬᠠᠮᠢᠶᠠᠷᠤᠨ ᠬᠠᠮᠠᠭᠠᠯᠠᠬᠤ ᠬᠤᠭᠤᠴᠠᠭ᠎ᠠ

︵5 ᠵᠢᠯ︶ ᠳᠣᠲᠣᠷ᠎ᠠ ᠤᠰᠤᠯᠠᠯᠲᠠ ᠶᠢ 16 ᠤᠳᠠᠭ᠎ᠠ ᠠᠴᠠ ᠳᠤᠲᠠᠭᠤ ᠪᠠᠶᠢᠯᠭᠠᠵᠤ ᠪᠣᠯᠬᠤ ᠦᠭᠡᠢ᠂ ᠨᠢᠭᠡᠳᠦᠭᠡᠷ ᠵᠢᠯ ᠳᠤ ᠤᠰᠤᠯᠠᠯᠳᠠ ᠶᠢᠨ ᠲᠤᠭ᠎ᠠ ᠶᠢ 5

ᠤᠳᠠᠭ᠎ᠠ ᠠᠴᠠ ᠳᠤᠲᠠᠭᠤ ᠪᠠᠶᠢᠯᠭᠠᠵᠤ ᠪᠣᠯᠬᠤ ᠦᠭᠡᠢ᠂ ᠬᠤᠶᠠᠳᠤᠭᠠᠷ ᠵᠢᠯ ᠳᠤ ᠤᠰᠤᠯᠠᠯᠳᠠ ᠶᠢᠨ ᠲᠤᠭ᠎ᠠ 4 ᠤᠳᠠᠭ᠎ᠠ ᠠᠴᠠ ᠳᠤᠲᠠᠭᠤ ᠪᠠᠶᠢᠯᠭᠠᠵᠤ ᠪᠣᠯᠬᠤ ᠦᠭᠡᠢ᠂

ᠭᠤᠷᠪᠠᠳᠤᠭᠠᠷ ᠵᠢᠯ ᠳᠤ ᠤᠰᠤᠯᠠᠯᠳᠠ ᠶᠢᠨ ᠲᠤᠭ᠎ᠠ ᠶᠢ 3 ᠤᠳᠠᠭ᠎ᠠ ᠠᠴᠠ ᠳᠤᠲᠠᠭᠤ ᠪᠠᠶᠢᠯᠭᠠᠵᠤ ᠪᠣᠯᠬᠤ ᠦᠭᠡᠢ᠂ ᠳᠥᠷᠪᠡᠳᠦᠭᠡᠷ ᠵᠢᠯ ᠳᠤ 2 ᠤᠳᠠᠭ᠎ᠠ ᠤᠰᠤᠯᠠᠵᠤ

᠂ ᠲᠠᠪᠤᠳᠤᠭᠠᠷ ᠵᠢᠯ ᠳᠤ 2 ᠤᠳᠠᠭ᠎ᠠ ᠤᠰᠤᠯᠠᠬᠤ ᠭᠡᠷᠡᠭᠳᠠᠢ᠃

      ᠵᠢᠷᠭᠤᠳᠤᠭᠠᠷ ᠵᠦᠢᠯ   ᠲᠥᠷᠥᠯ ᠵᠦᠢᠯ ᠢ ᠰᠢᠯᠭᠠᠨ ᠳ᠋ᠦᠩᠨᠡᠬᠦ᠃ ᠲᠥᠷᠥᠯ ᠵᠦᠢᠯ ᠤᠨ ᠰᠢᠯᠭᠠᠨ ᠳ᠋ᠦᠩᠨᠡᠯᠳᠠ ᠶᠢ ᠰᠤᠭᠤᠴᠢᠨ ᠥᠯᠢᠭᠡᠷ ᠠᠪᠬᠤ

ᠬᠡᠯᠪᠡᠷᠢ ᠪᠠᠷ ᠶᠠᠪᠤᠭᠳᠠᠭᠤᠯᠵᠤ᠂ ᠲᠥᠷᠥᠯ ᠵᠦᠢᠯ ᠤᠨ ᠭᠠᠵᠠᠷ ᠤᠨ ᠲᠠᠯᠠᠪᠠᠶ 100 ︱ 500 ᠮᠦ ᠪᠤᠯ᠂ ᠥᠯᠢᠭᠡᠷ ᠠᠪᠬᠤ ᠲᠠᠯᠠᠪᠠᠶ ᠶᠢ ᠲᠥᠷᠥᠯ ᠵᠦᠢᠯ ᠤᠨ

ᠭᠠᠵᠠᠷ ᠤᠨ ᠲᠠᠯᠠᠪᠠᠶ ᠶᠢᠨ 3% ᠵᠢᠴᠢ ᠲᠡᠭᠦᠨ ᠠᠴᠠ ᠳᠡᠭᠡᠭᠰᠢ ᠪᠠᠶᠢᠯᠭᠠᠵᠤ᠂ ᠲᠥᠷᠥᠯ ᠵᠦᠢᠯ ᠤᠨ ᠭᠠᠵᠠᠷ ᠤᠨ ᠲᠠᠯᠠᠪᠠᠶ 500 ᠮᠦ ᠠᠴᠠ ᠳᠡᠭᠡᠭᠰᠢ ᠪᠤᠯ᠂

ᠥᠯᠢᠭᠡᠷ ᠠᠪᠬᠤ ᠲᠠᠯᠠᠪᠠᠶ ᠶᠢ ᠲᠥᠷᠥᠯ ᠵᠦᠢᠯ ᠤᠨ ᠭᠠᠵᠠᠷ ᠤᠨ ᠲᠠᠯᠠᠪᠠᠶ ᠶᠢᠨ 2% ᠵᠢᠴᠢ ᠲᠡᠭᠦᠨ ᠠᠴᠠ ᠳᠡᠭᠡᠭᠰᠢ ᠪᠠᠶᠢᠯᠭᠠᠬᠤ ᠭᠡᠷᠡᠭᠳᠠᠢ᠃ ᠡᠳᠡᠭᠡᠷᠡᠯᠲᠡ ᠶᠢᠨ

ᠨᠤᠷᠮ᠎ᠠ 70% ᠳᠤ ᠬᠦᠷᠴᠦ᠂ ᠲᠠᠪᠤᠨ ᠵᠢᠯ ᠤᠨ ᠲᠠᠷᠠᠭ᠎ᠠ ᠤᠨᠳᠤᠷᠠᠯᠳᠠ ᠶᠢᠨ ᠨᠤᠷᠮ᠎ᠠ 65% ᠳᠤ ᠬᠦᠷᠦᠭᠰᠠᠠ ᠪᠠᠶᠢᠬᠤ ᠭᠡᠷᠡᠭᠳᠠᠢ᠃

      ᠳᠣᠯᠣᠳᠤᠭᠠᠷ ᠵᠦᠢᠯ   ᠨᠥᠬᠦᠪᠦᠷᠢ ᠥᠭᠬᠦ ᠪᠠᠷᠢᠮᠵᠢᠶ᠎ᠠ᠃ ᠨᠥᠬᠦᠪᠦᠷᠢ ᠮᠥᠩᠭᠦ ᠶᠢ ᠮᠦ ᠪᠦᠷᠢ ᠳᠤ 380 ᠲᠥᠭᠦᠷᠢᠭ ᠢᠶᠠᠷ ᠪᠠᠷᠢᠮᠵᠢᠶ᠎ᠠ ᠪᠣᠯᠭᠠᠵᠤ᠂ ᠲᠥᠷᠥᠯ

ᠵᠦᠢᠯ ᠤᠨ ᠪᠤᠳᠠᠳᠤ ᠪᠦᠳᠤᠮᠵᠢ ᠶᠢ ᠦᠵᠡᠵᠦ ᠪᠠᠶᠢᠭᠠᠳ ᠬᠥᠳᠡᠯᠦᠩᠭᠦᠢ ᠪᠠᠶᠢᠯᠭᠠᠨ᠎ᠠ᠃ ᠲᠣᠰ ᠵᠢᠯ ᠤᠨ ᠡᠳᠡᠭᠡᠷᠡᠯᠲᠡ ᠶᠢᠨ ᠨᠣᠷᠮ᠎ᠠ ᠨᠢ 70% ᠵᠢᠴᠢ ᠲᠡᠭᠦᠨ ᠠᠴᠠ

ᠳᠡᠭᠡᠭᠰᠢ ᠪᠣᠯᠤᠭᠰᠠᠨ ᠪᠥᠭᠡᠳ ᠰᠢᠯᠭᠠᠨ ᠳ᠋ᠦᠩᠨᠡᠬᠦ ᠳᠤ ᠬᠢᠷᠢ ᠲᠡᠩᠴᠡᠭᠰᠡᠨ ᠤ ᠳᠠᠷᠠᠭ᠎ᠠ᠂ ᠶᠡᠷᠦᠩᠬᠡᠢ ᠵᠠᠷᠤᠳᠠᠯ ᠤᠨ 40% ᠶᠢ ᠦᠭᠬᠦᠨ᠎ᠠ︔ ᠭᠤᠷᠪᠠᠳᠤᠭᠠᠷ ᠵᠢᠯ ᠤᠨ

ᠠᠰᠠᠷᠠᠨ ᠪᠣᠶᠢᠵᠢᠭᠤᠯᠵᠤ ᠬᠠᠮᠢᠶᠠᠷᠤᠨ ᠬᠠᠮᠠᠭᠠᠯᠠᠬᠤ ᠬᠤᠭᠤᠴᠠᠭ᠎ᠠ ᠲᠠᠭᠤᠰᠤᠭᠰᠠᠠ ᠤ ᠳᠠᠷᠠᠭ᠎ᠠ᠂ ᠤᠨᠳᠤᠷᠠᠯᠳᠠ ᠶᠢᠨ ᠨᠣᠷᠮ᠎ᠠ 65% ᠳᠤ ᠵᠢᠴᠢ ᠲᠡᠭᠦᠨ ᠠᠴᠠ

ᠳᠡᠭᠡᠭᠰᠢ ᠪᠣᠯᠤᠭᠰᠠᠨ ᠪᠥᠭᠡᠳ ᠰᠢᠯᠭᠠᠨ ᠳ᠋ᠦᠩᠨᠡᠬᠦ ᠳᠤ ᠬᠢᠷᠢ ᠲᠡᠩᠴᠡᠪᠠᠯ ᠪᠥᠬᠦ ᠵᠠᠷᠤᠳᠠᠯ ᠤᠨ 15 % ᠶᠢ ᠦᠭᠬᠦᠨ᠎ᠠ︔ ᠲᠦᠷᠪᠡᠳᠤᠭᠡᠷ ᠵᠢᠯ ᠤᠨ ᠠᠰᠠᠷᠠᠨ

ᠪᠣᠶᠢᠵᠢᠭᠤᠯᠵᠤ ᠬᠠᠮᠢᠶᠠᠷᠤᠨ ᠬᠠᠮᠠᠭᠠᠯᠠᠬᠤ ᠬᠤᠭᠤᠴᠠᠭ᠎ᠠ ᠲᠠᠭᠤᠰᠤᠭᠰᠠᠠ ᠤ ᠳᠠᠷᠠᠭ᠎ᠠ ᠤᠨᠳᠤᠷᠠᠯᠳᠠ ᠶᠢᠨ ᠨᠣᠷᠮ᠎ᠠ 65% ᠵᠢᠴᠢ ᠲᠡᠭᠦᠨ ᠠᠴᠠ ᠳᠡᠭᠡᠭᠰᠢ ᠪᠣᠯᠤᠭᠰᠠᠨ

ᠪᠥᠭᠡᠳ ᠰᠢᠯᠭᠠᠨ ᠳ᠋ᠦᠩᠨᠡᠬᠦ ᠳᠤ ᠬᠢᠷᠢ ᠲᠡᠩᠴᠡᠪᠠᠯ᠂ ᠪᠥᠬᠦ ᠵᠠᠷᠤᠳᠠᠯ ᠤᠨ 15 % ᠶᠢ ᠦᠭᠬᠦᠨ᠎ᠠ᠃ ᠲᠠᠪᠤᠳᠤᠭᠠᠷ ᠵᠢᠯ ᠤᠨ ᠠᠰᠠᠷᠠᠨ ᠪᠣᠶᠢᠵᠢᠭᠤᠯᠵᠤ ᠬᠠᠮᠢᠶᠠᠷᠤᠨ

ᠬᠠᠮᠠᠭᠠᠯᠠᠬᠤ ᠬᠤᠭᠤᠴᠠᠭ᠎ᠠ ᠲᠠᠭᠤᠰᠤᠭᠰᠠᠠ ᠤ ᠳᠠᠷᠠᠭ᠎ᠠ ᠤᠨᠳᠤᠷᠠᠯᠳᠠ ᠶᠢᠨ ᠨᠣᠷᠮ᠎ᠠ 65% ᠵᠢᠴᠢ ᠲᠡᠭᠦᠨ ᠠᠴᠠ ᠳᠡᠭᠡᠭᠰᠢ ᠪᠣᠯᠤᠭᠰᠠᠨ ᠪᠥᠭᠡᠳ ᠰᠢᠯᠭᠠᠨ

ᠳ᠋ᠦᠩᠨᠡᠬᠦ ᠳᠤ ᠬᠢᠷᠢ ᠲᠡᠩᠴᠡᠪᠠᠯ᠂ ᠪᠥᠬᠦ ᠵᠠᠷᠤᠳᠠᠯ ᠤᠨ 30% ᠶᠢ ᠦᠭᠬᠦᠨ᠎ᠠ᠃ ᠬᠡᠷᠡᠭᠵᠢᠭᠦᠯᠬᠦ ᠭᠤᠣᠯ ᠴᠣᠭᠴᠠ ᠨᠢ ᠮᠠᠯᠴᠢᠨ ᠲᠠᠷᠢᠶᠠᠴᠢᠨ ᠬᠤᠪᠢ ᠬᠥᠮᠥᠨ ᠪᠤᠯ

ᠨᠥᠬᠦᠪᠦᠷᠢ ᠮᠥᠩᠭᠦ ᠶᠢ ︽ᠨᠡᠪᠳᠡᠷᠭᠡᠢ ᠤ ᠺᠠᠷᠲ︾ ᠲᠤ ᠰᠢᠭᠤᠳ ᠤᠷᠤᠭᠤᠯᠵᠤ ᠦᠭᠬᠦᠨ᠎ᠠ᠃

      ᠨᠠᠢᠮᠠᠳᠤᠭᠠᠷ ᠵᠦᠢᠯ   ᠪᠤᠰᠤᠳ ᠪᠠᠶᠢᠳᠠᠯ᠄

      ⒈ ᠬᠡᠷᠪᠡ ᠲᠥᠷᠥᠯ ᠵᠦᠢᠯ ᠢ ᠬᠡᠷᠡᠭᠵᠢᠭᠦᠯᠦᠭᠡᠳ ᠲᠣᠰ ᠵᠢᠯ ᠤᠨ ᠰᠢᠯᠭᠠᠨ ᠳ᠋ᠦᠩᠨᠡᠯᠳᠠ ᠳᠤ ᠬᠢᠷᠢ ᠲᠡᠩᠴᠡᠬᠦ ᠦᠭᠡᠢ ᠪᠣᠯ ᠵᠠᠷᠴᠢᠮ ᠳᠡᠭᠡᠷ᠎ᠡ ᠪᠠᠨ ᠵᠥᠪᠬᠡᠨ

ᠨᠢᠭᠡ ᠵᠢᠯ ᠤᠷᠳᠤᠳᠬᠠᠨ᠂ ᠵᠢᠯ ᠤᠨ ᠳᠠᠷᠠᠭ᠎ᠠ ᠬᠢᠷᠢ ᠲᠡᠩᠴᠡᠭᠰᠠᠠ ᠤ ᠲᠠᠷᠠᠭ᠎ᠠ ᠨᠦᠬᠦᠪᠤᠷᠢ ᠤᠯᠭᠤᠨ᠎ᠠ᠂ ᠡᠰᠡ ᠲᠡᠭᠡᠪᠡᠯ ᠲᠥᠷᠥᠯ ᠵᠦᠢᠯ ᠤᠨ ᠨᠥᠬᠦᠪᠦᠷᠢ ᠤᠯᠭᠤᠬᠤ

ᠦᠭᠡᠢ᠃

      ⒉ ︽ᠤᠷᠢᠳᠠᠪᠠᠷ ᠪᠠᠶᠢᠭᠤᠯᠵᠤ ᠳᠠᠷᠠᠭ᠎ᠠ ᠨᠢ ᠨᠥᠬᠦᠪᠦᠷᠢᠯᠡᠬᠦ︾ ᠤᠷᠤᠯᠴᠠᠭᠰᠠᠠ ᠲᠥᠷᠥᠯ ᠵᠦᠢᠯ ᠤᠨ ᠤᠨᠳᠤᠷᠠᠯᠳᠠ ᠶᠢᠨ ᠨᠤᠷᠮ᠎ᠠ ᠨᠢ ᠵᠢᠯ ᠤᠨ ᠰᠢᠯᠭᠠᠨ

ᠳ᠋ᠦᠩᠨᠡᠯᠳᠠ ᠳᠤ ᠬᠢᠷᠢ ᠲᠡᠩᠴᠡᠬᠦ ᠦᠭᠡᠢ᠂ ᠴᠢᠬᠢ ᠮᠣᠳᠣᠨ ᠤ ᠤᠷᠭᠤᠯᠲᠠ ᠨᠢ ᠤᠳᠠᠭᠠᠨ᠂ ᠡᠪᠡᠳᠴᠢᠨ ᠬᠤᠷᠣᠬᠠᠢ ᠶᠢᠨ ᠭᠠᠮᠰᠢᠭ ᠣᠯᠠᠨ᠂ ᠤᠷᠭᠤᠯᠲᠠ ᠶᠢᠨ

ᠪᠠᠶᠢᠳᠠᠯ ᠨᠢ ᠪᠠᠶᠢᠭᠠᠯᠢ ᠶᠢᠨ ᠣᠶ ᠶᠢᠨ ᠬᠢ ᠠᠴᠠ ᠢᠯᠡᠷᠬᠡᠢ ᠳᠣᠣᠷ᠎ᠠ ᠪᠠᠶᠢᠪᠠᠯ᠂ ᠲᠥᠷᠥᠯ ᠵᠦᠢᠯ ᠢ ᠬᠡᠷᠡᠭᠵᠢᠭᠦᠯᠬᠦ ᠭᠤᠣᠯ ᠴᠣᠭᠴᠠ ᠨᠢ ᠡᠷᠬᠡᠪᠰᠢ ᠠᠷᠠᠴᠢᠯᠠᠭ᠎ᠠ

ᠳᠣᠳᠤᠮᠳᠠᠯᠭ᠎ᠠ ᠪᠠᠨ ᠴᠢᠩᠭᠠᠳᠬᠠᠵᠤ᠂ ᠴᠠᠭ ᠲᠤᠬᠠᠢ ᠳᠤᠨᠢ ᠨᠥᠬᠦᠵᠦ ᠳᠠᠷᠢᠵᠤ ᠣᠶᠢᠵᠢᠭᠤᠯᠬᠤ ᠶᠢᠨ ᠬᠠᠮᠲᠤ ᠦᠭᠡᠷ᠎ᠡ ᠰᠢᠨ᠎ᠡ ᠡᠭᠦᠷᠭᠡ ᠬᠤᠪᠢᠶᠠᠷᠢᠯᠠᠵᠤ ᠥᠭᠬᠦ

ᠦᠭᠡᠢ᠃

      ⒊ ᠣᠶ ᠰᠢᠭᠤᠢ ᠨᠤᠲᠤᠭ ᠪᠡᠯᠴᠢᠭᠡᠷ ᠤᠨ ᠬᠠᠮᠢᠶ᠎ᠠ ᠪᠦᠬᠦᠢ ᠬᠠᠤᠯᠢ ᠴᠠᠭᠠᠵᠠ ᠬᠠᠤᠯᠢ ᠲᠣᠭᠲᠠᠭᠠᠯ ᠢ ᠦᠨᠳᠦᠰᠦᠯᠡᠪᠡᠯ᠂ ᠮᠠᠨ ᠤ ᠬᠤᠰᠢᠭᠤᠨ ᠳᠤ

ᠬᠡᠷᠡᠭᠵᠢᠭᠦᠯᠵᠦ ᠪᠠᠶᠢᠭ᠎ᠠ ᠬᠥᠮᠥᠨ ᠤ ᠬᠦᠴᠦ ᠪᠠᠷ ᠣᠶᠢᠵᠢᠭᠤᠯᠵᠤ ᠡᠪᠡᠰᠦ ᠳᠠᠷᠢᠬᠤ ᠲᠥᠷᠥᠯ ᠵᠦᠢᠯ ᠪᠦᠬᠦᠨ ᠢ ᠴᠥᠮ ᠣᠶ ᠰᠢᠭᠤᠢ ᠡᠪᠡᠰᠦ ᠪᠡᠯᠴᠢᠭᠡᠷ ᠤᠨ ᠡᠬᠢ

ᠪᠠᠶᠠᠯᠢᠭ ᠤᠨ ᠶᠣᠰᠣᠭᠠᠷ ᠬᠠᠮᠢᠶᠠᠷᠴᠤ᠂ ᠭᠠᠵᠠᠷ ᠰᠢᠷᠣᠢ ᠶᠢᠨ ᠬᠡᠷᠡᠭᠴᠡᠭᠡ ᠶᠢ ᠳᠤᠷ᠎ᠠ ᠪᠠᠷ ᠢᠶᠠᠨ ᠡᠪᠳᠡᠬᠦ ᠪᠤᠶᠤ ᠬᠤᠪᠢᠷᠠᠭᠤᠯᠵᠤ ᠪᠣᠯᠬᠤ ᠦᠭᠡᠢ᠃ ᠬᠥᠮᠥᠨ ᠤ

ᠬᠦᠴᠦ ᠪᠠᠷ ᠣᠶᠢᠵᠢᠭᠤᠯᠬᠤ ᠰᠢᠯᠭᠠᠨ ᠳ᠋ᠦᠩᠨᠠᠯᠳᠠ ᠳᠤ ᠬᠢᠷᠢ ᠲᠡᠩᠴᠡᠪᠡᠯ ᠣᠶ ᠰᠢᠭᠤᠢ ᠡᠪᠡᠰᠦ ᠪᠡᠯᠴᠢᠭᠡᠷ ᠤᠨ ᠢᠨᠵᠧᠨᠧᠷᠢᠩ ᠳᠤ ᠣᠷᠣᠭᠤᠯᠵᠤ᠂ ᠣᠶ ᠰᠢᠭᠤᠢ

ᠡᠪᠡᠰᠦ ᠪᠡᠯᠴᠢᠭᠡᠷ ᠤᠨ ᠭᠤᠣᠯᠳᠠᠯᠭ᠎ᠠ ᠲᠠᠢ ᠢᠨᠵᠧᠨᠧᠷᠢᠩ ᠤᠨ ᠬᠠᠮᠢᠶᠠᠷᠤᠯᠲᠠ ᠶᠢᠨ ᠠᠷᠭ᠎ᠠ ᠶᠢᠨ ᠶᠣᠰᠣᠭᠠᠷ ᠰᠡᠭᠦᠯᠴᠢ ᠶᠢᠨ ᠲᠥᠷᠥᠯ ᠵᠦᠢᠯ ᠤᠨ ᠭᠠᠵᠠᠷ ᠲᠤ ᠮᠠᠯ

ᠬᠠᠷᠢᠭᠤᠯᠬᠤ ᠶᠢ ᠴᠢᠩᠭ᠎ᠠ ᠬᠤᠷᠢᠭᠯᠠᠵᠤ᠂ ᠡᠯ᠎ᠡ ᠲᠥᠷᠥᠯ ᠤᠨ ᠤᠷᠭᠤᠮᠠᠯ ᠤᠨ ᠡᠬᠢ ᠪᠠᠶᠠᠯᠢᠭ ᠢ ᠬᠠᠤᠯᠢ ᠪᠤᠰᠤ ᠪᠠᠷ ᠮᠠᠯᠲᠠᠬᠤ ᠶᠢ ᠴᠢᠩᠭ᠎ᠠ ᠬᠤᠷᠢᠭᠯᠠᠨ᠂ ᠬᠠᠤᠯᠢ

 ᠠᠴᠠ ᠵᠥᠷᠢᠴᠡᠨ ᠡᠵᠡᠯᠡᠨ ᠬᠡᠷᠡᠭᠯᠡᠬᠦ ᠶᠢ ᠴᠢᠩᠭ᠎ᠠ ᠬᠤᠷᠢᠭᠯᠠᠵᠤ᠂ ᠲᠡᠭᠡᠷᠡᠬᠢ ᠪᠠᠶᠢᠳᠠᠯ ᠢᠯᠡᠷᠡᠪᠠᠯ ᠬᠠᠤᠯᠢ ᠶᠤᠰᠤᠭᠠᠷ ᠬᠠᠷᠢᠭᠤᠴᠠᠯᠭ᠎ᠠ ᠨᠡᠭᠡᠮᠵᠢᠯᠠᠨ᠎ᠠ᠃

       ⒋ ᠲᠣᠰ ᠠᠷᠭ᠎ᠠ ᠶᠢ ᠬᠡᠷᠡᠭᠵᠢᠭᠦᠯᠬᠦ ᠬᠤᠭᠤᠴᠠᠭᠠᠨ ᠳᠤ᠂ ᠲᠥᠷᠥᠯ ᠵᠦᠢᠯ ᠢ ᠬᠡᠷᠡᠭᠵᠢᠭᠦᠯᠬᠦ ᠵᠠᠭᠪᠤᠷ ᠲᠤ ᠬᠡᠷᠪᠡ ᠬᠤᠪᠢᠷᠠᠯᠲᠠ ᠲᠠᠢ ᠪᠠᠶᠢᠪᠠᠯ᠂ ᠣᠶ ᠰᠢᠭᠤᠢ

ᠨᠤᠳᠤᠭ ᠪᠡᠯᠴᠢᠭᠡᠷ ᠤᠨ ᠰᠠᠯᠠᠭ᠎ᠠ ᠮᠥᠴᠢᠷ ᠠᠴᠠ ᠪᠢᠴᠢᠭ ᠤᠨ ᠬᠡᠯᠪᠡᠷᠢ ᠪᠠᠷ ᠡᠯ᠎ᠡ ᠲᠥᠷᠥᠯ ᠵᠦᠢᠯ ᠤᠨ ᠭᠤᠣᠯ ᠴᠣᠭᠴᠠ ᠳᠤ ᠮᠡᠳᠡᠭᠳᠡᠨ᠎ᠡ᠃ ᠲᠣᠰ ᠠᠷᠭ᠎ᠠ ᠳᠤ

ᠲᠥᠷᠥᠯ ᠵᠦᠢᠯ ᠢ ᠬᠡᠷᠡᠭᠵᠢᠭᠦᠯᠬᠦ ᠪᠣᠳᠠᠲᠠᠢ ᠲᠣᠬᠢᠷᠠᠭᠤᠯᠬᠤ ᠵᠠᠭᠪᠤᠷ ᠲᠤ ᠲᠤᠰ ᠳᠤᠨᠢ ᠲᠣᠭᠲᠠᠭᠠᠯ ᠭᠠᠷᠭᠠᠬᠤ ᠦᠭᠡᠢ᠂ ᠪᠣᠳᠠᠲᠠᠢ ᠵᠦᠢᠯ ᠢ ᠣᠶ ᠰᠢᠭᠤᠢ ᠨᠤᠳᠤᠭ

ᠪᠡᠯᠴᠢᠭᠡᠷ ᠤᠨ ᠲᠣᠪᠴᠢᠶ᠎ᠠ ᠠᠴᠠ ᠬᠠᠮᠢᠶ᠎ᠠ ᠪᠦᠬᠦᠢ ᠮᠡᠷᠭᠡᠵᠢᠯ ᠤᠨ ᠳᠦᠷᠢᠮ᠂ ᠲᠥᠷᠥᠯ ᠵᠦᠢᠯ ᠤᠨ ᠱᠠᠭᠠᠷᠳᠠᠯᠭ᠎ᠠ ᠪᠠ ᠪᠣᠳᠠᠲᠠᠢ ᠦᠢᠯᠡᠳᠪᠦᠷᠢᠯᠡᠯ ᠤᠨ ᠬᠡᠷᠡᠭᠴᠡᠭᠡ ᠶᠢ

ᠦᠨᠳᠦᠰᠦᠯᠡᠨ ᠲᠣᠭᠲᠠᠭᠠᠨ᠎ᠠ᠃

       ⒌ᠲᠣᠰ ᠠᠷᠭ᠎ᠠ ᠶᠢ ᠤᠷᠠᠳ ᠤᠨ ᠬᠤᠶᠢᠲᠤ ᠬᠤᠰᠢᠭᠤᠨ ᠤ ᠪᠥᠬᠦ ᠣᠷᠣᠨ ᠪᠦᠰᠡ ᠶᠢᠨ ︽ᠭᠤᠷᠪᠠᠨ ᠤᠮᠠᠷᠠᠲᠤ︾ ᠶᠢᠨ ᠢᠨᠵᠧᠨᠧᠷᠢᠩ ᠤᠨ

ᠰᠢᠪᠲᠤᠯᠤᠯᠲᠠ ᠶᠢᠨ ᠲᠡᠶᠢᠨ ᠤ ᠪᠦᠲᠦᠭᠡᠨ ᠪᠠᠶᠢᠭᠤᠯᠤᠯᠲᠠ ᠵᠢᠴᠢ ᠬᠡᠷᠡᠭᠵᠢᠭᠦᠯᠬᠦ ᠲᠥᠷᠥᠯ ᠵᠦᠢᠯ ᠳᠤ ᠬᠡᠷᠡᠭᠯᠡᠨ᠎ᠡ᠃ ᠬᠡᠷᠡᠭᠵᠢᠭᠦᠯᠬᠦ ᠶᠠᠪᠤᠴᠠ ᠳᠤ᠂ ᠬᠡᠷᠪᠡ ᠳᠡᠭᠡᠳᠦ

ᠱᠠᠲᠤ ᠪᠤᠶᠤ ᠠᠵᠢᠯ ᠲᠦᠷᠦᠯ ᠤᠨ ᠡᠷᠬᠢᠯᠡᠨ ᠬᠠᠮᠢᠶᠠᠷᠬᠤ ᠰᠠᠯᠠᠭ᠎ᠠ ᠮᠥᠴᠢᠷ ᠠᠴᠠ ᠰᠢᠨ᠎ᠡ ᠲᠣᠭᠲᠠᠭᠠᠯ ᠲᠠᠢ ᠪᠠᠶᠢᠪᠠᠯ ᠲᠡᠷᠡ ᠲᠣᠭᠲᠠᠭᠠᠯ ᠢ ᠵᠢᠷᠤᠮᠯᠠᠨ᠎ᠠ᠃

       ⒍ ᠲᠣᠰ ᠠᠷᠭ᠎ᠠ ᠶᠢ ᠬᠤᠰᠢᠭᠤᠨ ᠣᠶ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ ᠠᠴᠠ ᠲᠠᠶᠢᠯᠪᠤᠷᠢᠯᠠᠨ ᠲᠣᠳᠣᠷᠬᠠᠶᠢᠯᠠᠨ᠎ᠠ᠃

 

ᠢᠷᠡᠯᠲᠡ᠄ ᠤᠷᠠᠳ ᠤᠨ ᠬᠤᠶᠢᠲᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ