ᠡᠨᠠ ᠺᠤᠮᠫᠠᠨᠢ 68 ᠡᠷᠤᠬᠡ ᠮᠠᠯᠴᠢᠳ ᠲᠤ158 ᠲᠦᠮᠡᠨ ᠲᠦᠬᠦᠷᠢᠭ ᠲᠠᠷᠬᠠᠭᠠᠯ᠎ᠠ
ᠨᠡᠶᠢᠲᠡᠯᠡᠭᠰᠡᠨ ᠴᠠᠭ᠄
2024/1/10
       ᠦᠢᠷ᠎ᠠ ᠳᠤ᠂ ᠤᠷᠠᠳ ᠤᠨ ᠬᠤᠶᠢᠳᠤ ᠬᠤᠰᠢᠭᠤᠨ ᠤ ᠪᠠᠶᠠᠠᠪᠤᠯᠠᠭ ᠪᠠᠯᠭᠠᠰᠤᠨ ᠤ ᠪᠠᠶᠢᠷᠢᠯᠠᠭ᠎ᠠ ᠦᠪᠤᠷ ᠮᠤᠩᠭᠤᠯ ᠤᠨ ᠢᠩᠬᠡᠨ ᠰᠦ ᠠᠮᠢᠳᠤ ᠪᠤᠳᠠᠰ ᠤᠨ ᠰᠢᠨᠵᠢᠯᠠᠬᠦ ᠤᠬᠠᠭᠠᠨ ᠮᠡᠷᠬᠡᠵᠢᠯ ᠤᠨ ᠺᠤᠮᠫᠠᠨᠢ ᠶᠢᠨ ᠨᠢᠬᠡᠳᠤᠬᠡᠷ ᠠᠰᠠᠷ ᠲᠤ 2023 ᠤᠨ ᠤ ᠰᠠᠭᠠᠯᠢ ᠶᠢᠨ ᠢᠩᠬᠡᠨ ᠤ ᠲᠦᠷᠢᠶᠠᠰᠤᠨ ᠮᠦᠩᠬᠦ ᠲᠠᠷᠬᠠᠭᠠᠬᠤ  ᠶᠤᠰᠤᠯᠠᠯ ᠶᠠᠪᠤᠬᠳᠠᠵᠠᠢ᠃ ᠲᠤᠬᠠᠢ ᠶᠢᠨ ᠲᠠᠯᠠᠪᠤᠷ ᠲᠤ 68 ᠡᠷᠤᠬᠡ ᠮᠠᠯᠴᠢᠨ ᠴᠤᠬᠯᠠᠷᠠᠨ ᠭᠠᠷ ᠤᠨ ᠦᠰᠦᠭ ᠵᠢᠷᠤᠵᠤ᠂  ᠨᠠᠶᠢᠳᠠ158 ᠲᠦᠮᠡᠨ ᠲᠦᠬᠦᠷᠢᠭ ᠤᠨ ᠲᠦᠷᠢᠶᠠᠰᠤᠨ ᠮᠦᠩᠬᠦ ᠶᠢ ᠬᠤᠪᠢᠳᠠᠵᠤ ᠤᠯᠵᠠᠢ᠃ ᠦᠢᠯᠠᠭᠠᠬᠰᠠᠨ ᠢᠶᠠᠷ᠂ ᠡᠨᠠ ᠪᠤᠯ ᠢᠩᠬᠡᠨ ᠰᠦ ᠺᠤᠮᠫᠠᠨᠢ ᠶᠢᠨ ᠰᠠᠭᠠᠯᠢ ᠶᠢᠨ ᠢᠩᠬᠡᠨ ᠤ ᠲᠦᠷᠢᠶᠠᠰᠤᠨ ᠮᠦᠩᠬᠦ ᠲᠠᠷᠬᠠᠭᠠᠵᠤ ᠪᠠᠶᠢᠭ᠎ᠠ ᠲᠦᠷᠪᠡᠳᠡᠬᠢ ᠵᠢᠯ ᠪᠤᠯᠤᠨ᠎ᠠ᠃

555.1.jpg

       ᠲᠤᠬᠠᠢ ᠶᠢᠨ ᠡᠳᠤᠷ ᠂ ᠮᠠᠯᠴᠢᠨ ᠪᠠᠭᠠᠨ᠎ᠠ 4 ᠲᠦᠮᠠ 2000 ᠲᠦᠬᠦᠷᠢᠭ ᠤᠨ ᠲᠦᠷᠢᠶᠠᠰᠤᠨ ᠮᠦᠩᠬᠦ ᠤᠯᠵᠠᠢ᠃ ᠲᠠᠷᠠ ᠡᠨᠠ ᠵᠢᠯ 20 ᠢᠩᠬᠡ ᠪᠠᠨ

ᠺᠤᠮᠫᠠᠨᠢ ᠶᠢᠨ ᠲᠡᠮᠡᠭᠡ ᠲᠠᠵᠢᠬᠡᠬᠦ ᠰᠠᠭᠤᠷᠢᠨ ᠭᠠᠵᠠᠷ ᠲᠤ ᠬᠦᠷᠬᠡᠵᠤ᠂ ᠠᠷᠠᠴᠢᠯᠠᠵᠤ ᠲᠤᠳᠤᠮᠳᠠᠬᠤ ᠴᠠᠭ ᠵᠢᠴᠢ ᠡᠪᠡᠰᠤ ᠪᠤᠷᠳᠤᠭ᠎ᠠ ᠪᠠᠨ ᠴᠦᠮ ᠠᠷᠪᠢᠯᠠᠵᠤ

ᠴᠢᠳᠠᠬᠰᠠᠨ ᠪᠠᠶᠢᠨ᠎ᠠ᠃ ᠲᠠᠬᠦᠨ ᠤ ᠬᠡᠯᠠᠬᠦ ᠪᠠᠷ ᠄ 《 ᠦᠨᠤ ᠵᠢᠯ ᠮᠠᠨ ᠤ ᠮᠠᠯᠴᠢᠳ ᠲᠤ ᠠᠪᠴᠤ ᠬᠡᠯᠠᠪᠠᠯ ᠪᠠᠰᠠ ᠬᠡᠴᠡᠬᠦᠤ ᠨᠢᠬᠡ ᠵᠢᠯ  ᠪᠤᠯᠤᠨ᠎ᠠ᠃  ᠲᠡᠮᠡᠬᠡᠨ ᠤ

ᠦᠨ᠎ᠠ ᠬᠠᠩᠰᠢ ᠪᠠᠷᠤᠬᠳᠠᠢ᠂ ᠡᠪᠡᠰᠤ ᠪᠤᠷᠳᠤᠭ᠎ᠠ ᠦᠨᠡᠳᠡᠢ᠂ ᠲᠡᠬᠡᠬᠦᠯᠠᠷ ᠢᠩᠬᠡᠨ ᠰᠦ ᠺᠤᠮᠫᠠᠨᠢ ᠳᠤ ᠦᠭᠪᠠᠯ ᠪᠠᠰᠠ 3--4 ᠲᠦᠮᠡᠨ ᠲᠦᠬᠦᠷᠢᠭ ᠤᠨ ᠤᠯᠵᠠ ᠲᠠᠢ

ᠪᠠᠶᠢᠬᠤ ᠴᠢᠨᠢ ᠲᠤᠩ ᠰᠠᠶᠢᠨ ᠬᠡᠷᠡᠭ ᠡ 》ᠬᠡᠪᠠ᠃

5555.2.png

        ᠤᠳᠤᠬᠠᠨ ᠳᠤ  ᠢᠩᠬᠡᠨ ᠰᠦ ᠺᠤᠮᠫᠠᠨᠢ ᠨᠡᠶᠢᠳᠠ ᠬᠤᠶᠠᠷ ᠵᠦᠢᠯ ᠤᠨ ᠵᠠᠬᠪᠤᠷ ᠢᠶᠠᠷ ᠮᠠᠯᠴᠢᠳ ᠤᠨ ᠲᠡᠮᠡᠭᠡ ᠶᠢ ᠨᠠᠶᠢᠳᠠᠨ ᠬᠠᠮᠢᠶᠠᠷᠴᠤ ᠪᠠᠶᠢᠨ᠎ᠠ᠃

ᠨᠢᠬᠡᠳᠤᠬᠡᠷ ᠵᠠᠬᠪᠤᠷ ᠨᠢ ᠪᠦᠷᠢᠨ ᠬᠠᠮᠢᠶᠠᠷᠬᠤ ᠵᠠᠬᠪᠤᠷ᠃ ᠮᠠᠯᠴᠢᠳ ᠪᠤᠳᠤᠭᠤ ᠲᠠᠢ ᠢᠩᠬᠡ ᠪᠠᠨ ᠺᠤᠮᠫᠠᠨᠢ ᠶᠢᠨ ᠲᠡᠮᠡᠭᠡ ᠲᠡᠵᠢᠬᠡᠬᠦ ᠰᠠᠭᠤᠷᠢᠨ ᠭᠠᠵᠠᠷ ᠲᠤ ᠬᠦᠷᠬᠡᠵᠤ᠂

ᠺᠤᠮᠫᠠᠨᠢ ᠠᠴᠠ ᠲᠦᠷᠢᠶᠠᠰᠤᠨ ᠮᠦᠩᠬᠦ ᠠᠪᠤᠨ᠎ᠠ᠃ ᠲᠦᠷᠢᠶᠠᠰᠤᠯᠠᠬᠦ ᠬᠤᠭᠤᠴᠠᠭᠠᠨ ᠳᠤ ᠢᠩᠬᠡᠨ ᠰᠦ ᠪᠠ ᠲᠡᠮᠡᠬᠡᠨ ᠨᠤᠤᠰᠤ ᠶᠢ ᠴᠦᠮ ᠺᠤᠮᠫᠠᠨᠢ ᠠᠪᠤᠨ᠎ᠠ᠃

ᠬᠤᠶᠠᠳᠤᠭᠠᠷ ᠵᠠᠬᠪᠤᠷ ᠨᠢ ᠬᠠᠮᠳᠤᠷᠠᠬᠴᠢ ᠪᠤᠯᠬᠤ ᠵᠠᠬᠪᠤᠷ᠃ ᠮᠠᠯᠴᠢᠳ ᠢᠩᠬᠡᠨ ᠰᠦ ᠶᠢᠨ ᠲᠡᠵᠢᠬᠡᠨ ᠦᠷᠡᠵᠢᠬᠦᠯᠬᠦ ᠲᠤᠰᠬᠠᠢ ᠬᠤᠷᠰᠢᠶᠠᠵᠢᠯ ᠳᠤ ᠬᠠᠮᠳᠤᠷᠠᠬᠴᠢ ᠪᠠᠷ

ᠤᠷᠤᠵᠤ᠂ ᠰᠠᠭᠠᠯᠢ ᠶᠢᠨ ᠢᠩᠬᠡ ᠲᠦᠷᠢᠶᠠᠰᠤᠯᠠᠵᠤ᠂ ᠦᠪᠡᠷᠳᠡᠬᠡᠨ ᠪᠤᠶᠤ ᠬᠦᠮᠤᠨ ᠬᠦᠯᠤᠰᠤᠯᠠᠵᠤ ᠲᠠᠵᠢᠬᠡᠨ᠎ᠠ᠃ ᠰᠦ ᠶᠢᠨ ᠴᠢᠨᠠᠷ ᠢ ᠪᠠᠳᠤᠯᠠᠬᠤ ᠶᠢᠨ ᠲᠦᠯᠤᠬᠡ

ᠲᠡᠮᠡᠬᠡᠨ ᠤ ᠲᠡᠵᠢᠬᠡᠯ ᠪᠤᠷᠳᠤᠭ᠎ᠠ᠂ ᠰᠦ ᠰᠠᠭᠠᠬᠤ ᠲᠦᠬᠦᠬᠡᠷᠤᠮᠵᠢ ᠵᠡᠷᠬᠡ ᠶᠢ ᠺᠤᠮᠫᠠᠨᠢ ᠠᠴᠠ ᠬᠠᠩᠭᠠᠨ᠎ᠠ᠃ ᠮᠥᠨ ᠬᠦ᠋ ᠰᠠᠭᠠᠬᠰᠠᠨ ᠰᠦ ᠶᠢ ᠺᠤᠮᠫᠠᠨᠢ ᠠᠴᠠ ᠵᠠᠬ᠎ᠠ

ᠲᠡᠯᠬᠡᠬᠦᠷ ᠠᠴᠠ ᠲᠤᠤᠷ᠎ᠠ ᠦᠬᠡᠢ ᠦᠨ᠎ᠠ ᠪᠠᠷ ᠨᠢᠬᠡᠳᠤᠯᠳᠠᠢ ᠬᠤᠳᠠᠯᠳᠤᠵᠤ ᠠᠪᠤᠨ᠎ᠠ᠃

555.3.png

5555.4.png

5555.5.png

       

5555.6.jpg

ᠦᠪᠤᠷ ᠮᠤᠩᠭᠤᠯ ᠤᠨ ᠢᠩᠬᠡᠨ ᠰᠦ ᠠᠮᠢᠳᠤ ᠪᠤᠳᠠᠰ ᠤᠨ ᠰᠢᠨᠵᠢᠯᠠᠬᠦ ᠤᠬᠠᠭᠠᠨ ᠮᠡᠷᠬᠡᠵᠢᠯ ᠤᠨ ᠺᠤᠮᠫᠠᠨᠢ ᠶᠢᠨ ᠲᠡᠳ᠋ ᠶᠠᠷᠤᠩᠬᠡᠢ ᠲᠠᠭᠠᠭᠠᠮᠠᠯ ᠸᠠᠩ ᠹᠧᠢ ᠶᠢᠨ

ᠲᠠᠨᠢᠯᠴᠠᠭᠤᠯᠤᠬᠰᠠᠨ ᠢᠶᠠᠷ᠄《 ᠤᠳᠤᠬᠠᠨ ᠳᠤ ᠪᠢᠳᠠ208  ᠡᠷᠤᠬᠡ ᠮᠠᠯᠴᠢᠳ ᠲᠠᠢ ᠬᠠᠮᠳᠤᠷᠠᠨ ᠠᠵᠢᠯᠯᠠᠵᠤ ᠪᠠᠶᠢᠨ᠎ᠠ᠃ 2024 ᠤᠨ ᠳᠤ ᠪᠢᠳᠠ4000

ᠲᠡᠮᠡᠬᠡᠨ ᠤ ᠠᠷᠠᠴᠢᠯᠠᠨ ᠲᠠᠵᠢᠬᠡᠬᠦ ᠰᠠᠭᠤᠷᠢᠨ ᠭᠠᠵᠠᠷ ᠢ ᠠᠵᠢᠯᠯᠠᠭᠤᠯᠵᠤ᠂ ᠨᠠᠩ ᠤᠯᠠᠨ ᠮᠠᠯᠴᠢᠳ ᠲᠠᠢ ᠬᠠᠮᠳᠤᠷᠠᠵᠤ᠂ ᠨᠠᠩ ᠤᠯᠠᠨ ᠮᠠᠯᠴᠢᠳ ᠲᠤ ᠠᠰᠢᠭ

ᠬᠤᠨᠵᠢᠪᠤᠷᠢ ᠠᠪᠴᠢᠷᠠᠬᠤ ᠪᠤᠯᠤᠨ᠎ᠠ》ᠬᠡᠵᠠᠢ᠃

 

ᠢᠷᠡᠯᠲᠡ᠄ ᠤᠷᠠᠳ ᠤᠨ ᠬᠤᠶᠢᠳᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠬᠡᠷ