ᠬᠦᠬᠡᠨ᠋ᠦ᠋ᠠᠳᠤᠷ ᠪᠠᠯᠭᠠᠰᠤᠨ ᠤ ︽  ᠵᠢᠵᠢᠭ ᠴᠡᠴᠡᠭᠲᠦ ᠮᠥᠭᠦ︾  ᠶᠢᠨ ᠠᠵᠤ ᠦᠢᠯᠡᠰ ᠲᠠᠷᠢᠶᠠᠴᠢᠳ ᠢ ᠬᠠᠮᠲᠤ ᠪᠠᠷ ᠪᠠᠶᠠᠵᠢᠨ ᠴᠢᠨᠡᠭᠡᠯᠢᠭᠵᠢᠬᠦ ᠲᠠᠪᠴᠠᠩ ᠳᠤ  ᠭᠠᠷᠭᠠᠪᠠ
ᠨᠡᠶᠢᠲᠡᠯᠡᠭᠰᠡᠨ ᠴᠠᠭ᠄
2023/8/22

       ᠭᠤᠸᠠᠩ ᠯᠢᠨ ᠲᠣᠰᠬᠤᠨ ᠪᠣᠯ  ᠬᠦᠬᠡᠨ᠋ᠦ᠋ᠠᠳᠤᠷ ᠪᠠᠯᠭᠠᠰᠤ ᠶᠢᠨ ᠡᠮᠦᠨ᠎ᠡ ᠪᠠᠶᠢᠷᠢᠰᠢᠵᠤ᠂ ᠪᠥᠬᠦ ᠬᠤᠰᠢᠭᠤᠨ ᠤ ᠬᠥᠳᠡᠭᠡ ᠲᠣᠰᠬᠤᠨ ᠢ ᠬᠥᠭᠵᠢᠭᠦᠯᠦᠨ

ᠮᠠᠨᠳᠤᠭᠤᠯᠬᠤ ᠥᠯᠢᠭᠡᠷ ᠳᠠᠭᠤᠷᠢᠶᠠᠯ ᠲᠣᠰᠬᠤᠨ ᠪᠣᠯᠣᠨ᠎ᠠ᠃ 2022 ᠣᠨ ᠳᠤ᠂ ᠭᠤᠸᠠᠩ ᠯᠢᠨ ᠲᠣᠰᠬᠤᠨ ᠴᠡᠴᠡᠭ ᠮᠥᠭᠦ ᠶᠢᠨ ᠠᠵᠤ ᠦᠢᠯᠡᠰ ᠢ

ᠬᠥᠭᠵᠢᠭᠦᠯᠬᠦ ᠪᠠᠷ ᠳᠡᠮᠵᠢᠨ᠂ ᠲᠤᠬᠠᠢ ᠶᠢᠨ ᠭᠠᠵᠠᠷ ᠤᠨ  ᠲᠡᠷᠢᠶᠠᠴᠢᠨ ᠡᠷᠦᠬᠡ ᠶᠢᠨ ᠣᠷᠣᠯᠭ᠎ᠠ ᠳᠤᠮᠳᠠᠴᠢ ᠪᠠᠷ 3 ᠲᠦᠮᠡᠨ ᠲᠥᠭᠦᠷᠢᠭ ᠨᠡᠮᠡᠭᠳᠡᠬᠦ ᠳᠤ ᠬᠦᠴᠦᠨ

ᠨᠡᠮᠡᠷᠢᠯᠡᠪᠡ᠃2023 ᠣᠨ ᠳᠤ ᠭᠤᠸᠠᠩ ᠯᠢᠨ ᠲᠣᠰᠬᠤᠨ ᠤ ᠬᠢᠨ  ᠠᠵᠤ ᠦᠢᠯᠡᠰ ᠤᠨ ᠳᠡᠮᠵᠢᠯᠭᠡ ᠶᠢᠨ ᠪᠡᠯᠡ ᠮᠥᠩᠭᠦ ᠶᠢ 500 ᠲᠦᠮᠡᠨ ᠲᠥᠭᠦᠷᠢᠭ 

ᠭᠤᠶᠤᠴᠢᠯᠠᠨ ᠤᠯᠵᠤ᠂  ᠴᠡᠴᠡᠭᠳᠤ ᠮᠥᠭᠦ  ᠶᠢᠨ ᠲᠠᠷᠢᠮᠠᠯ ᠤᠨ ᠲᠥᠷᠥᠯ ᠵᠦᠢᠯ  ᠤᠨ ᠪᠠᠶᠢᠭᠤᠯᠤᠯᠳᠠ ᠳᠤ ᠬᠡᠷᠡᠭᠵᠢᠬᠦᠯᠪᠠ᠃ ᠲᠥᠷᠥᠯ ᠵᠦᠢᠯ ᠤᠨ ᠶᠡᠷᠦᠩᠬᠡᠢ

ᠲᠠᠯᠠᠪᠠᠶ ᠨᠢ 30 ᠮᠦ ᠪᠠᠶᠢᠵᠤ᠂ ᠪᠦᠲᠦᠭᠡᠨ ᠪᠠᠶᠢᠭᠤᠯᠤᠯᠲᠠ ᠶᠢᠨ ᠠᠭᠤᠯᠭ᠎ᠠ ᠳᠤ ᠴᠡᠴᠡᠭ ᠤᠨ ᠮᠥᠭᠦ ᠶᠢᠨ ᠪᠠᠺᠲ᠋ᠧᠷᠢ ᠪᠣᠶᠢᠵᠢᠭᠤᠯᠬᠤ ᠰᠠᠷᠠᠪᠴᠢ 15 ᠰᠠᠭᠤᠷᠢ᠂

1450 ᠲᠡᠭᠰᠢ ᠳᠥᠷᠪᠡᠯᠵᠢᠨ ᠮᠧᠲᠷ ᠤᠨ ᠮᠦᠬᠦ ᠶᠢᠨ ᠰᠢᠳᠠᠮ ᠤᠨ ᠦᠢᠯᠡᠳᠪᠦᠷᠢᠯᠡᠯ ᠤᠨ ᠲᠠᠰᠤᠭ᠂ ᠭᠦᠸᠧᠯᠦ ᠶᠢᠨ ᠭᠡᠷ᠂ ᠪᠠᠺᠲ᠋ᠧᠷᠢ ᠤᠰᠠᠳᠬᠠᠬᠤ ᠭᠡᠷ ᠵᠢᠴᠢ

ᠢᠵᠢ ᠪᠦᠷᠢᠳᠦᠭᠰᠡᠨ ᠰᠠᠭᠤᠷᠢ ᠪᠡᠯᠡᠳᠬᠡᠮᠵᠢ ᠶᠢᠨ ᠪᠦᠲᠦᠭᠡᠨ ᠪᠠᠶᠢᠭᠤᠯᠤᠯᠲᠠ ᠶᠢ ᠪᠠᠭᠲᠠᠭᠠᠨ᠎ᠠ᠃ ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠯ ᠳᠤ 80

ᠲᠦᠮᠡᠨ ᠮᠦᠬᠦ ᠶᠢᠨ ᠰᠢᠳᠠᠮ ᠢ ᠦᠢᠯᠡᠳᠪᠦᠷᠢᠯᠡᠵᠦ᠂ ᠬᠠᠮᠲᠤ ᠶᠢᠨ ᠠᠵᠤ ᠠᠬᠤᠢ ᠶᠢᠨ ᠵᠢᠯ ᠳᠤ 50 ᠲᠦᠮᠡᠨ ᠲᠥᠭᠦᠷᠢᠭ ᠤᠨ ᠣᠷᠣᠯᠭ᠎ᠠ  ᠶᠢᠨ  ᠨᠡᠮᠡᠭᠳᠠᠯ ᠢ 

ᠪᠡᠶᠡᠯᠡᠭᠦᠯᠪᠡ᠃

 

ᠢᠷᠡᠯᠲᠡ᠄ ᠤᠷᠠᠳ ᠤᠨ ᠬᠤᠶᠢᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ