ᠣᠶᠢᠷ᠎ᠠ ᠳᠤ᠂ 24 ᠵᠢᠯ ᠳᠤᠲᠠᠭᠠᠭᠰᠠᠨ ᠰᠢᠶᠧ ᠣᠪᠣᠭᠲᠤ ᠶᠢ ᠴᠠᠭᠳᠠᠭ᠎ᠠ ᠪᠠᠷᠢᠪᠴᠢᠯᠠᠵᠠᠶ᠃ | ᠱᠠᠨ ᠰᠢ ᠶᠢᠨ ᠶᠦᠨᠴᠧᠩ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠬᠡᠷᠡᠭ ᠤᠨ ᠰᠦᠪᠡᠭᠴᠢ ᠶᠢ ᠴᠤᠭᠯᠠᠭᠤᠯᠤᠨ ᠡᠮᠬᠢᠯᠡᠵᠦ᠂ ᠣᠯᠠᠨ ᠮᠤᠵᠢ | ᠬᠤᠲᠠ ᠳᠤ ᠬᠠᠮᠵᠢᠯᠴᠠᠨ ᠪᠠᠶᠢᠴᠠᠭᠠᠬᠤ ᠮᠡᠳᠡᠭᠳᠡᠯ ᠪᠠᠭᠤᠯᠭᠠᠵᠤ᠂ ᠡᠴᠦᠰ ᠲᠡᠭᠡᠨ ᠵᠢᠶᠠᠩᠰᠦ ᠶᠢᠨ ᠰᠢᠦ᠋ᠢᠵᠸᠦ ᠶᠢᠨ ᠨᠢᠭᠡᠨ ᠢᠳᠡᠰᠢᠨ ᠨᠣᠭᠤᠭ᠎ᠠ ᠶᠢᠨ ᠵᠠᠬ᠎ᠠ | ᠳᠡᠯᠭᠡᠭᠦᠷ ᠠᠴᠠ ᠰᠢᠶᠧ ᠣᠪᠣᠭᠲᠤ ᠶᠢ ᠪᠠᠷᠢᠪᠴᠢᠯᠠᠭᠰᠠᠨ ᠪᠥᠭᠡᠳ 7 ᠰᠠᠷ᠎ᠠ ᠶᠢᠨ 26 ᠤ ᠣᠷᠣᠶ ᠶᠦᠨᠴᠧᠩ ᠳᠤ ᠪᠠᠷᠢᠵᠤ ᠬᠦᠷᠭᠡᠪᠡ᠃ | 1999 ᠣᠨ ᠤ 7 ᠰᠠᠷ᠎ᠠ ᠶᠢᠨ 7 ᠤ ᠡᠳᠦᠷ ᠤᠨ ᠤᠷᠤᠢ᠂ ᠱᠠᠨ ᠰᠢ ᠶᠢᠨ ᠬᠦᠩᠭᠡᠨ ᠴᠠᠭᠠᠨ ᠤ ᠰᠠᠭᠤᠷᠢᠨ ᠭᠠᠵᠠᠷ ᠤᠨ ᠣᠷᠣᠨ ᠰᠠᠭᠤᠴᠠ ᠶᠢᠨ | ᠲᠣᠭᠤᠷᠢᠭ ᠲᠤ ᠨᠢᠭᠡ ᠬᠥᠮᠦᠨ ᠦᠬᠦᠵᠦ ᠨᠢᠭᠡ ᠬᠥᠮᠦᠨ ᠰᠢᠷᠬᠠᠲᠤᠭᠰᠠᠨ ᠬᠦᠨᠳᠦ ᠶᠡᠭᠡ ᠡᠷᠡᠭᠦᠦ ᠶᠢᠨ ᠬᠡᠷᠡᠭ ᠭᠠᠷᠪᠠ᠃ ᠳᠡᠩᠨᠡᠨ ᠪᠠᠶᠢᠴᠠᠭᠠᠬᠤ ᠪᠠᠷ ᠳᠠᠮᠵᠢᠭᠠᠳ | ᠬᠤᠤ ᠣᠪᠣᠭᠲᠤ᠂ ᠰᠢᠶᠧ ᠣᠪᠣᠭᠲᠤ ᠬᠤᠶᠠᠭᠤᠯᠠ ᠬᠡᠷᠡᠭ ᠦᠢᠯᠡᠳᠦᠭᠰᠡᠨ ᠰᠡᠵᠢᠭ ᠲᠠᠢ ᠪᠠᠶᠢᠬᠤ ᠶᠢ ᠮᠡᠳᠡᠵᠡᠢ᠂ ᠡᠨᠡ ᠬᠤᠶᠠᠭᠤᠯᠠ ᠬᠡᠷᠡᠭ ᠦᠢᠯᠡᠳᠦᠭᠰᠡᠨ ᠤ ᠪᠠᠨ | ᠳᠠᠷᠠᠭ᠎ᠠ ᠳᠤᠲᠠᠭᠠᠵᠠᠶ᠃ | 2013 ᠣᠨ ᠤ 3 ᠰᠠᠷ᠎ᠠ ᠳᠤ ᠶᠦᠨᠴᠧᠩ ᠬᠤᠲᠠ ᠶᠢᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠵᠢᠶᠧ ᠰᠢᠤ ᠬᠤᠲᠠ ᠳᠤ ᠬᠤᠤ ᠣᠪᠣᠭᠲᠤ ᠶᠢ | ᠪᠠᠷᠢᠵᠤ ᠠᠪᠴᠠᠶ᠂ ᠲᠡᠷᠡ ᠰᠢᠶᠧ ᠣᠪᠣᠭᠲᠤ ᠲᠠᠢ ᠬᠠᠮᠰᠠᠨ ᠬᠡᠷᠡᠭ ᠦᠢᠯᠡᠳᠦᠭᠰᠡᠨ ᠪᠣᠳᠠᠲᠤ ᠶᠠᠪᠤᠳᠠᠯ ᠢᠶᠠᠨ ᠥᠴᠢᠭᠯᠡᠨ ᠮᠡᠳᠡᠷᠡᠵᠡᠶ᠃ ᠴᠠᠭᠳᠠᠭᠠᠨ ᠤ | ᠲᠠᠯ᠎ᠠ ᠶᠢᠨ ᠬᠢᠨ ᠰᠢᠶᠧ ᠣᠪᠣᠭᠲᠤ ᠶᠢ ᠨᠡᠬᠡᠮᠵᠢᠯᠡᠨ ᠪᠠᠷᠢᠪᠴᠢᠯᠠᠬᠤ ᠠᠯᠬᠤᠭ᠎ᠠ ᠪᠠᠨ ᠨᠢᠭᠡ ᠮᠥᠴᠡ ᠴᠦ ᠵᠣᠭᠰᠣᠭᠰᠠᠨ ᠥᠬᠡᠶ᠂ ᠣᠯᠠᠨ ᠤᠳᠠᠭ᠎ᠠ ᠴᠠᠭᠳᠠᠭ᠎ᠠ | ᠵᠣᠬᠢᠶᠠᠨ ᠪᠠᠶᠢᠭᠤᠯᠵᠤ ᠨᠡᠬᠡᠮᠵᠢᠯᠡᠨ ᠪᠠᠷᠢᠪᠴᠢᠯᠠᠪᠠ᠃ | 2020 ᠣᠨ ᠤ 1 ᠰᠠᠷ᠎ᠠ ᠶᠢᠨ 3 ᠤ ᠡᠳᠦᠷ᠂ ᠶᠦᠨᠴᠧᠩ ᠬᠤᠳᠠ ᠶᠢᠨ ᠳᠣᠲᠣᠭᠠᠳᠤ ᠶᠢ ᠬᠠᠮᠠᠭᠠᠯᠠᠬᠤ ᠲᠣᠪᠴᠢᠶ᠎ᠠᠶᠢᠨ ᠢᠦᠢ ᠮᠧᠨ ᠬᠤᠪᠢᠶᠠᠷᠢ | ᠲᠣᠪᠴᠢᠶ᠎ᠠ ᠠᠯᠪᠠᠨ ᠵᠠᠷᠯᠠᠯ ᠨᠡᠶᠢᠲᠡᠯᠡᠵᠦ᠂ 2020 ᠣᠨ ᠳᠤ ᠴᠠᠢ ᠪᠦᠦ ᠵᠢᠶᠦ᠋ᠨ᠂ ᠰᠢᠶᠧ ᠯᠢ ᠫᠢᠩ ᠵᠡᠷᠭᠡ 2 ᠣᠷᠭᠤᠭᠰᠠᠨ ᠬᠡᠷᠡᠭ ᠤᠨ ᠰᠡᠵᠢᠭᠳᠡᠨ ᠢ | ᠦᠷᠭᠦᠯᠵᠢᠯᠡᠨ ᠨᠡᠬᠡᠮᠵᠢᠯᠡᠨ ᠪᠠᠷᠢᠪᠴᠢᠯᠠᠵᠤ᠂ ᠬᠤᠶᠠᠭᠤᠯᠠ ᠶᠢᠨ ᠱᠠᠩᠨᠠᠯ ᠵᠠᠷᠯᠠᠨ ᠪᠠᠷᠢᠪᠴᠢᠯᠠᠬᠤ ᠮᠥᠩᠭᠦ ᠶᠢ ᠡᠭᠦᠨ ᠠᠴᠠ ᠡᠮᠦᠨᠡᠬᠢ 3 ᠲᠦᠮᠡᠨ ᠲᠥᠭᠦᠷᠢᠭ | ᠪᠠᠶᠢᠭᠰᠠᠨ ᠠᠴᠠ ᠨᠡᠮᠡᠭᠡᠳ 10 ᠲᠦᠮᠡᠨᠲ᠋ᠥ᠋ᠭᠦᠷᠢᠭ ᠪᠣᠯᠭᠠᠵᠠᠢ᠃ | 2020 ᠣᠨ ᠤ 1 ᠰᠠᠷ᠎ᠠ ᠶᠢᠨ 4 ᠤ ᠡᠳᠦᠷ᠂ ᠢᠦᠢ ᠮᠧᠨ ᠬᠤᠪᠢᠶᠠᠷᠢ ᠲᠣᠪᠴᠢᠶ᠎ᠠ ᠶᠢᠨ ᠳᠠᠷᠤᠭ᠎ᠠ ︽ᠢᠦᠢ ᠮᠧᠨ ᠬᠤᠪᠢᠶᠠᠷᠢ ᠲᠣᠪᠴᠢᠶ᠎ᠠ ᠠᠴᠠ ᠤᠷᠭᠤᠨ | ᠳᠤᠲᠠᠭᠠᠭᠰᠠᠳ ᠵᠢᠴᠢ ᠲᠡᠳᠡᠨ ᠤ ᠲᠦᠷᠦᠯ ᠰᠠᠲᠤᠨ ᠳᠤ ᠥᠭᠭᠦᠭᠰᠡᠨ ᠨᠢᠭᠡᠨ ᠬᠤᠪᠢ ᠢᠯᠡ ᠵᠠᠬᠢᠳᠠᠯ︾ ᠢ ᠨᠡᠶᠢᠲᠡᠯᠡᠵᠦ᠂ ᠤᠷᠭᠤᠨ ᠳᠤᠲᠠᠭᠠᠭᠰᠠᠨ ᠰᠡᠵᠢᠭᠳᠡᠨ | ᠰᠢᠶᠧ ᠯᠢ ᠫᠢᠩ ᠵᠢᠴᠢ ᠴᠠᠢ ᠪᠦᠦ ᠵᠢᠶᠦ᠋ᠨ ᠢ ᠶᠠᠯ᠎ᠠ ᠪᠠᠨ ᠮᠡᠳᠡᠷᠡᠵᠦ ᠪᠡᠶ᠎ᠡ ᠪᠠᠨ ᠲᠤᠰᠢᠶᠠᠬᠤ ᠶᠢ ᠢᠳᠬᠠᠪᠠ᠃ | 2020 ᠣᠨ ᠤ 4 ᠰᠠᠷ᠎ᠠ ᠶᠢᠨ 8 ᠤ ᠡᠳᠦᠷ ᠤᠨ 20 ᠴᠠᠭ 14 ᠮᠢᠨᠦ᠋ᠲ ᠲᠤ᠂ ᠴᠠᠢ ᠪᠦᠦ ᠵᠢᠶᠦ᠋ᠨ ᠪᠠᠷᠢᠪᠴᠢᠯᠠᠭᠳᠠᠪᠠ᠃ ᠲᠤᠰ ᠡᠳᠦᠷ᠂ | ᠴᠠᠭᠳᠠᠭᠠᠨ ᠤ ᠲᠠᠯ᠎ᠠ ᠶᠢᠨ ᠬᠢᠨ ᠰᠢᠶᠧ ᠯᠢ ᠫᠢᠩ ᠳᠤ ᠪᠡᠶ᠎ᠡ ᠪᠠᠨ ᠲᠤᠰᠢᠶ᠎ᠠ ᠭᠡᠵᠦ ᠳᠠᠬᠢᠨ ᠢᠳᠬᠠᠪᠠ᠃ | | | | | |