ᠤᠷᠠᠳ ᠤᠨ ᠬᠤᠶᠢᠳᠤ ᠬᠤᠰᠢᠭᠤ 15 ᠰᠠᠯᠬᠢᠨ ᠬᠦᠴᠦᠨ ᠤ ᠮᠠᠰᠢᠨ ᠤ ᠪᠥᠬᠦ ᠪᠠᠭᠲᠠᠭᠠᠮᠵᠢ ᠶᠢ ᠲᠣᠣᠷ ᠲᠤ ᠨᠡᠶᠢᠯᠡᠭᠦᠯᠦᠨ ᠴᠠᠬᠢᠯᠭᠠᠨ ᠭᠠᠷᠭᠠᠬᠤ ᠶᠢ ᠤᠷᠤᠭᠰᠢᠲᠠᠢ ᠪᠡᠶᠡᠯᠡᠭᠦᠯᠵᠡᠢ
ᠨᠡᠶᠢᠲᠡᠯᠡᠭᠰᠡᠨ ᠴᠠᠭ᠄
2023/8/14

      ᠰᠠᠯᠬᠢᠨ ᠬᠦᠴᠦᠨ ᠤ ᠮᠠᠰᠢᠨ ᠤ ᠢᠯᠲᠠᠰᠤ ᠶᠢᠨ ᠠᠭᠠᠵᠢᠮ ᠢᠶᠠᠷ ᠡᠷᠭᠢᠯᠳᠦᠬᠦ ᠶᠢ ᠳᠠᠭᠠᠯᠳᠤᠨ᠂ ᠤᠷᠠᠳ ᠤᠨ ᠬᠤᠶᠢᠲᠤ ᠬᠤᠰᠢᠭᠤᠨ ᠤ  ᠴᠤᠬᠠᠦ᠋ᠨᠳᠦ᠋ᠷ

ᠪᠠᠯᠭᠠᠰᠤᠨ ᠤ  ᠴᠠᠭᠠᠨᠬᠤᠪᠤᠭ᠎ᠠ ᠭᠠᠴᠠᠭ᠎ᠠ ᠶᠢᠨ ᠬᠢᠯᠢ ᠳᠠᠬᠢ ᠤᠷᠠᠳ ᠤᠨ ᠬᠤᠶᠢᠲᠤ ᠬᠤᠰᠢᠭᠤᠨ ᠤ ᠤᠯᠤᠰ ᠤᠨ ᠴᠠᠬᠢᠯᠭᠠᠨ ᠬᠦᠴᠦᠨ ᠤ ᠦᠯᠵᠡᠢ ᠶᠢᠨ ᠭᠤᠷᠪᠠᠳᠤᠭᠠᠷ

ᠬᠤᠭᠤᠴᠠᠭᠠᠨ ᠤ 100 ᠰᠠᠶ᠎ᠠ ᠸᠠᠲ ᠤᠨ ᠰᠠᠯᠬᠢᠨ ᠬᠦᠴᠦᠨ ᠤ ᠴᠠᠬᠢᠯᠭᠠᠨ ᠤ ᠲᠥᠷᠥᠯ ᠵᠦᠢᠯ ᠲᠦᠷᠦᠭᠦᠬᠡᠨ 15 ᠰᠠᠯᠬᠢᠨ ᠬᠦᠴᠦᠨ ᠤ ᠮᠠᠰᠢᠨ ᠤ ᠪᠥᠬᠦ

ᠪᠠᠭᠲᠠᠭᠠᠮᠵᠢ ᠶᠢ ᠲᠣᠣᠷ ᠲᠤ ᠨᠡᠶᠢᠯᠡᠭᠦᠯᠦᠨ ᠴᠠᠬᠢᠯᠭᠠᠨ ᠭᠠᠷᠭᠠᠬᠤ ᠶᠢ ᠤᠷᠤᠭᠰᠢᠲᠠᠢ ᠪᠡᠶᠡᠯᠡᠭᠦᠯᠵᠡᠢ᠃

      ᠲᠣᠰ ᠲᠥᠷᠥᠯ ᠵᠦᠢᠯ ᠢ ᠤᠯᠤᠰ ᠤᠨ ᠴᠠᠬᠢᠯᠭᠠᠨ ᠬᠦᠴᠦᠨ ᠤ ᠤᠷᠠᠳ ᠤᠨ ᠬᠤᠶᠢᠲᠤ ᠬᠤᠰᠢᠭᠤᠨ ᠤ ᠰᠠᠯᠬᠢᠨ ᠬᠦᠴᠦᠨ ᠤ ᠴᠠᠬᠢᠯᠭᠠᠨ ᠭᠠᠷᠭᠠᠬᠤ

ᠬᠢᠵᠠᠭᠠᠷᠲᠤ ᠺᠣᠮᠫᠠᠨᠢ ᠠᠴᠠ ᠪᠡᠯᠡ ᠣᠷᠣᠭᠤᠯᠤᠨ ᠪᠦᠲᠦᠭᠡᠨ ᠪᠠᠶᠢᠭᠤᠯᠵᠤ᠂ ᠲᠥᠷᠥᠯ ᠵᠦᠢᠯ ᠤᠨ ᠶᠡᠷᠦᠩᠬᠡᠢ ᠪᠡᠯᠡ ᠣᠷᠣᠭᠤᠯᠤᠯᠲᠠ ᠨᠢ 7.03 ᠳ᠋ᠦᠩᠰᠢᠭᠤᠷ

ᠲᠥᠭᠦᠷᠢᠭ᠂ ᠶᠡᠷᠦᠩᠬᠡᠢ ᠮᠠᠰᠢᠨ ᠴᠣᠭᠴᠠᠯᠠᠪᠤᠷᠢ ᠶᠢᠨ ᠪᠠᠭᠲᠠᠭᠠᠮᠵᠢ ᠨᠢ 100 ᠰᠠᠶ᠎ᠠ ᠸᠠᠲ ᠪᠠᠶᠢᠵᠤ᠂ ᠨᠡᠶᠢᠲᠡ 15 ᠰᠠᠯᠬᠢᠨ ᠤ ᠬᠦᠴᠦᠨ ᠤ ᠴᠠᠬᠢᠯᠭᠠᠨ ᠭᠠᠷᠭᠠᠬᠤ

ᠮᠠᠰᠢᠨ ᠴᠣᠭᠴᠠᠯᠠᠪᠤᠷᠢ ᠶᠢ ᠤᠭᠰᠠᠷᠠᠬᠤ ᠶᠢᠨ ᠬᠠᠮᠲᠤ 30 ᠰᠠᠶ᠎ᠠ ᠸᠠᠲ/60 ᠰᠠᠶ᠎ᠠ ᠸᠠᠲ ᠴᠠᠭ ᠤᠨ ᠡᠨᠧᠷᠭᠢ ᠬᠠᠳᠠᠭᠠᠯᠠᠬᠤ ᠰᠢᠰᠲ᠋ᠧᠮ ᠢ ᠢᠵᠢ ᠪᠦᠷᠢᠳᠦᠭᠦᠯᠦᠨ

ᠪᠦᠲᠦᠭᠡᠨ ᠪᠠᠶᠢᠭᠤᠯᠤᠨ᠎ᠠ᠃ ᠲᠥᠷᠥᠯ ᠵᠦᠢᠯ ᠪᠠᠶᠢᠭᠤᠯᠤᠭᠳᠠᠭᠰᠠᠨ ᠤ ᠳᠠᠷᠠᠭ᠎ᠠ᠂ ᠵᠢᠱᠢᠯᠲᠡ ᠪᠠᠷ ᠵᠢᠯ ᠪᠦᠷᠢ ᠴᠠᠬᠢᠯᠭᠠᠨ ᠲᠣᠣᠷ ᠲᠤ ᠴᠡᠪᠡᠷ ᠴᠠᠬᠢᠯᠭᠠᠨ ᠡᠨᠧᠷᠭᠢ ᠶᠢ

3.15 ᠳ᠋ᠦᠩᠰᠢᠭᠤᠷ ᠺᠢᠯᠣᠸᠠᠲ ᠴᠠᠭ ᠬᠠᠩᠭᠠᠵᠤ᠂ ᠤᠯᠠᠮᠵᠢᠯᠠᠯᠲᠤ ᠢᠯᠴᠢ ᠶᠢᠨ ᠴᠠᠬᠢᠯᠭᠠᠨ ᠤ ᠠᠵᠤ ᠠᠬᠤᠶᠢᠯᠠᠯ ᠲᠠᠢ ᠬᠠᠷᠢᠴᠠᠭᠤᠯᠪᠠᠯ᠂ ᠵᠢᠯ ᠪᠦᠷᠢ ᠪᠠᠷᠢᠮᠵᠢᠶᠠᠲᠤ

ᠨᠡᠭᠦᠷᠡᠰᠦ ᠶᠢ ᠪᠠᠷᠤᠭ 9.63 ᠲᠦᠮᠡᠨ ᠲᠣᠨ ᠠᠷᠪᠢᠯᠠᠵᠤ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠭᠠᠳᠠᠭᠰᠢᠯᠠᠭᠤᠯᠤᠯᠲᠠ ᠶᠢ ᠪᠠᠷᠤᠭ 24.86 ᠲᠦᠮᠡᠨ

ᠲᠣᠨ ᠪᠠᠭᠠᠰᠬᠠᠵᠤ᠂ ᠠᠵᠤ ᠠᠬᠤᠢ ᠶᠢᠨ ᠦᠷ᠎ᠡ ᠠᠰᠢᠭ ᠪᠠ ᠡᠨᠧᠷᠭᠢ ᠠᠷᠪᠢᠯᠠᠵᠤ ᠪᠣᠬᠢᠷᠲᠤᠯ ᠪᠣᠳᠠᠰ ᠭᠠᠳᠠᠭᠰᠢᠯᠠᠭᠤᠯᠬᠤ ᠬᠡᠮᠵᠢᠶ᠎ᠡ ᠶᠢ ᠪᠠᠭᠠᠰᠬᠠᠬᠤ ᠦᠷ᠎ᠡ ᠠᠰᠢᠭ

ᠢᠯᠡᠳᠲᠡ ᠪᠣᠯᠬᠤ ᠪᠣᠯᠣᠨ᠎ᠠ᠃

      ᠥᠯᠵᠡᠢ ᠶᠢᠨ ᠰᠠᠯᠬᠢᠨ ᠬᠦᠴᠦᠨ ᠤ ᠴᠠᠬᠢᠯᠭᠠᠨ ᠤ ᠲᠠᠯᠠᠪᠠᠢ ᠶᠢᠨ ᠤᠲᠤ ᠪᠠᠶᠢᠭ᠎ᠠ 99 ᠰᠠᠶ᠎ᠠ ᠸᠠᠲ ᠤᠨ ᠰᠠᠯᠬᠢᠨ ᠬᠦᠴᠦᠨ ᠤ ᠴᠠᠬᠢᠯᠭᠠᠨ ᠤ ᠮᠠᠰᠢᠨ

ᠴᠣᠭᠴᠠᠯᠠᠪᠤᠷᠢ ᠶᠢ ᠦᠷᠭᠦᠯᠵᠢᠯᠡᠨ ᠪᠠᠶᠢᠭᠤᠯᠬᠤ ᠢᠨᠵᠧᠨᠧᠷᠢᠩ ᠪᠣᠯᠤᠭᠰᠠᠨ ᠤ ᠬᠤᠪᠢ ᠳᠤ᠂ ᠤᠷᠠᠳ ᠤᠨ ᠬᠤᠶᠢᠲᠤ ᠬᠤᠰᠢᠭᠤ ᠳᠡᠭᠡᠳᠦ ᠬᠡᠮᠵᠢᠶ᠎ᠡ ᠪᠠᠷ ᠴᠢᠬᠤᠯᠠᠴᠢᠯᠠᠨ

ᠦᠵᠡᠵᠦ᠂ ᠰᠠᠨᠠᠭᠠᠴᠢᠯᠠᠭ᠎ᠠ ᠠᠴᠠ ᠪᠠᠨ ᠦᠢᠯᠡᠴᠢᠯᠡᠵᠦ᠂ ᠲᠦᠷᠦᠯ ᠵᠦᠢᠯ ᠤᠨ ᠡᠮᠦᠨᠡᠬᠢ ᠬᠤᠭᠤᠴᠠᠭᠠᠨ ᠤ ᠡᠯ᠎ᠡ ᠵᠦᠢᠯ ᠤᠨ ᠭᠠᠷ ᠭᠦᠢᠴᠡᠳᠬᠡᠯ ᠢ ᠭᠦᠢᠴᠡᠳᠬᠡᠬᠦ

ᠠᠵᠢᠯ ᠢ ᠡᠮᠬᠢ ᠵᠢᠷᠤᠮ ᠲᠠᠢ ᠠᠬᠢᠭᠤᠯᠵᠤ᠂ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠠᠬᠢᠴᠠ ᠶᠢ ᠨᠢᠭᠲᠠ ᠠᠩᠬᠠᠷᠴᠤ ᠪᠠᠶᠢᠨ᠎ᠠ᠃ᠠᠵᠤ ᠠᠬᠤᠶᠢᠯᠠᠯ ᠲᠠᠢ

ᠢᠳᠡᠪᠬᠢᠲᠡᠢ ᠪᠠᠷ ᠨᠡᠪᠲᠡᠷᠡᠯᠴᠡᠵᠦ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠳᠤᠮᠳᠠ ᠲᠤᠯᠭᠠᠷᠠᠭᠰᠠᠨ ᠠᠰᠠᠭᠤᠳᠠᠯ ᠪᠠ ᠬᠦᠴᠢᠷᠳᠡᠯ ᠢ ᠪᠥᠬᠦ

ᠬᠦᠴᠦᠨ ᠢᠶᠠᠷ ᠢᠶᠠᠨ ᠵᠣᠬᠢᠴᠠᠭᠤᠯᠤᠨ ᠰᠢᠢᠳᠪᠦᠷᠢᠯᠡᠵᠦ᠂ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠤᠨ᠎ᠠ᠃

      ᠬᠤᠶᠢᠰᠢᠳᠠ᠂ ᠤᠷᠠᠳ ᠤᠨ ᠬᠤᠶᠢᠲᠤ ᠬᠤᠰᠢᠭᠤ ᠡᠨᠧᠷᠭᠢ ᠶᠢᠨ ᠲᠥᠯᠦᠪᠵᠢᠭᠦᠯᠭᠡ ᠶᠢ ᠦᠷᠭᠦᠯᠵᠢᠯᠡᠨ ᠰᠠᠶᠢᠲᠤᠷ ᠬᠢᠵᠦ᠂ ᠰᠢᠨ᠎ᠡ ᠡᠨᠧᠷᠭᠢ ᠶᠢᠨ ᠪᠦᠲᠦᠭᠡᠨ

ᠪᠠᠶᠢᠭᠤᠯᠤᠯᠲᠠ ᠶᠢ ᠰᠢᠨᠵᠢᠯᠡᠬᠦ ᠤᠬᠠᠭᠠᠨᠴᠢ ᠪᠠᠷ ᠪᠠᠶᠢᠷᠢᠯᠠᠭᠤᠯᠵᠤ᠂ ᠰᠢᠨ᠎ᠡ ᠡᠨᠧᠷᠭᠢ ᠶᠢᠨ ᠲᠣᠣᠷ ᠲᠤ ᠵᠠᠯᠭᠠᠬᠤ ᠦᠢᠯᠡᠴᠢᠯᠡᠭᠡᠨ ᠤ ᠠᠵᠢᠯ ᠢ ᠪᠥᠬᠦ

ᠬᠦᠴᠦᠨ ᠢᠶᠠᠷ ᠢᠶᠠᠨ ᠰᠠᠶᠢᠲᠤᠷ ᠬᠢᠵᠦ᠂ ᠤᠯᠤᠰ ᠤᠨ ︽ᠬᠤᠣᠰ ᠨᠡᠭᠦᠷᠡᠰᠦᠲᠥ᠋ᠷᠥᠭᠴᠢ︾ ᠶᠢᠨ ᠬᠠᠷᠠᠯᠲᠠ ᠳᠤ ᠦᠢᠯᠡᠴᠢᠯᠡᠨ ᠨᠠᠶᠢᠳᠠᠪᠤᠷᠢᠵᠢᠭᠤᠯᠵᠤ᠂ ᠡᠨᠧᠷᠭᠢ ᠶᠢᠨ

ᠪᠣᠬᠢᠷᠲᠤᠯ ᠦᠭᠡᠢ ᠨᠡᠭᠦᠷᠡᠰᠦᠲᠥ᠋ᠷᠥᠭᠴᠢ ᠪᠠᠭ᠎ᠠ ᠬᠡᠯᠪᠡᠷᠢ ᠶᠢᠨ ᠬᠤᠪᠢᠷᠠᠭᠤᠯᠤᠯᠲᠠ ᠶᠢ ᠲᠤᠯᠭᠠᠭᠤᠷᠢᠯᠠᠬᠤ ᠳᠤ ᠰᠢᠨ᠎ᠡ ᠬᠤᠪᠢ ᠨᠡᠮᠡᠷᠢ ᠦᠵᠡᠭᠦᠯᠦᠨ᠎ᠡ᠃

 

ᠢᠷᠡᠯᠲᠡ᠄ ᠤᠷᠠᠳ ᠤᠨ ᠬᠤᠶᠢᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ