ᠳᠡᠯᠬᠡᠷ ᠵᠣᠨ ᠤ ᠬᠦᠭᠵᠢᠶᠡᠳᠦ ᠨᠠᠭᠠᠳᠣᠮ
ᠨᠡᠶᠢᠲᠡᠯᠡᠭᠰᠡᠨ ᠴᠠᠭ᠄
2023/7/23

        7 ᠰᠠᠷ᠎ᠠ ᠶᠢᠨ 11 ᠤ ᠡᠳᠦᠷ᠂ ᠪᠠᠶᠠᠠᠴᠢᠠᠳᠠᠮᠣᠨᠢ ᠰᠤᠮᠤᠨ ᠤ ᠪᠠᠶᠠᠨᠭᠤᠣᠯ ᠭᠠᠴᠠᠭᠠᠨ ᠳᠤ ᠮᠠᠯᠴᠢᠳ ᠤᠨ ᠨᠠᠭᠠᠳᠤᠮ ᠤᠨ ᠬᠤᠷᠠᠯ ᠪᠣᠯᠵᠣ᠂  ᠣᠪᠣᠭ᠎ᠠ

ᠰᠠᠬᠢᠭᠤᠰᠣ ᠪᠠᠨ ᠳᠠᠬᠢᠵᠣ᠂  ᠨᠣᠲᠤᠭ ᠣᠰᠣᠨ ᠤ ᠨᠠᠪᠳᠠᠭ ᠰᠠᠪᠳᠠᠭ ᠢᠶᠠᠨ ᠪᠠᠶᠠᠷᠯᠠᠭᠤᠯᠣᠨ᠂ ᠨᠠᠮ ᠰᠡᠯᠡᠭᠦᠨ ᠲᠠᠯ᠎ᠠ ᠨᠤᠲᠤᠭ  ᠬᠦᠷ ᠨᠠᠷᠭᠢᠶᠠᠨ ᠢᠶᠠᠷ ᠪᠢᠯᠬᠠᠵᠤ

ᠪᠠᠶᠢᠯ᠎ᠠ᠃

        ᠨᠠᠭᠠᠳᠤᠮ ᠤᠨ ᠡᠬᠢᠯᠡᠯᠲᠡ ᠶᠢᠨ ᠶᠣᠰᠣᠯᠠᠯ ᠳᠤ᠂ ᠮᠠᠯᠴᠢᠳ ᠤᠨ ᠲᠥᠯᠥᠭᠡᠯᠡᠭᠴᠢᠳ ᠤᠨ ᠡᠩᠨᠡᠭᠡ᠂ ᠰᠤᠷ ᠬᠠᠷᠪᠤᠯᠲᠠ ᠶᠢᠨ ᠡᠩᠨᠡᠭᠡ᠂ ᠡᠷᠦᠬᠡ ᠶᠢᠨ ᠴᠡᠷᠢᠭ

 ᠤᠨ ᠡᠩᠨᠡᠭᠡ ᠵᠡᠷᠭᠡ ᠤᠷᠤᠯᠳᠤᠭᠠᠨ ᠤ ᠪᠦᠯᠬᠦᠮ ᠤᠨ ᠬᠢᠨ ᠲᠠᠯᠠᠪᠠᠢ ᠳᠤ ᠣᠷᠣᠪᠠ᠃ ᠮᠠᠯᠴᠢᠨ ᠲᠦᠮᠡᠨ ᠮᠠᠨᠢ ᠤᠯᠠᠮᠵᠢᠯᠠᠯᠲᠤ ᠬᠤᠪᠴᠠᠰᠤ ᠵᠠᠰᠠᠯ ᠢᠶᠠᠷ ᠢᠶᠠᠨ

ᠭᠤᠶᠣᠯᠠᠵᠣ᠂ ᠲᠦᠷᠪᠡᠨ ᠵᠦᠭ ᠨᠠᠢᠮᠠᠨ ᠵᠣᠪᠬᠢᠰ ᠠᠴᠠ ᠬᠦᠷᠦᠯᠴᠡᠨ ᠢᠷᠡᠵᠤ᠂  ᠳᠡᠯᠬᠡᠷ ᠨᠠᠭᠠᠳᠣᠮ ᠢᠶᠠᠨ ᠴᠢᠮᠠᠯ᠎ᠠ᠃

         ᠨᠠᠭᠠᠳᠣᠮ ᠤᠨ ᠶᠡᠭᠡ ᠬᠤᠷᠠᠯ ᠤᠨ ᠡᠬᠢᠯᠡᠯᠳᠡ ᠶᠢᠨ ᠶᠣᠰᠣᠯᠠᠯ ᠤᠨ ᠳᠠᠷᠠᠭ᠎ᠠ ᠮᠣᠷᠢᠨ ᠤ ᠣᠷᠣᠯᠳᠣᠭᠠᠨ ᠶᠠᠪᠣᠭᠳᠠᠯ᠎ᠠ᠂ ᠭᠠᠵᠠᠷ ᠭᠠᠵᠠᠷ᠂ ᠨᠣᠲᠤᠭ ᠨᠣᠲᠤᠭ

 ᠤᠨ ᠰᠢᠯᠢᠳᠡᠭ ᠰᠠᠶᠢᠨ ᠣᠶᠠᠭᠠᠴᠢᠳ ᠰᠢᠭᠰᠢᠮᠡᠯ ᠰᠠᠶᠢᠨ ᠬᠦᠯᠦᠭ ᠮᠣᠷᠢᠳ ᠢᠶᠠᠨ ᠠᠪᠴᠢᠷᠠᠵᠣ᠂ ᠦᠷᠢᠶ᠎ᠠ ᠮᠣᠷᠢᠳ ᠤᠨ ᠣᠷᠣᠯᠳᠣᠭᠠᠨ᠂ ᠬᠠᠳᠠᠷᠢᠶ᠎ᠠ ᠵᠢᠷᠤᠭ᠎ᠠ

ᠮᠣᠷᠢᠨ ᠤ ᠣᠷᠣᠯᠳᠣᠭᠠᠨ᠂ ᠡᠷᠯᠢᠰᠠ ᠮᠣᠷᠢᠳ ᠤᠨ ᠣᠷᠣᠯᠳᠣᠭᠠᠨ ᠳᠤ ᠪᠠᠨ ᠣᠷᠣᠯᠴᠠᠵᠣ᠂  ᠣᠷᠣᠯᠳᠣᠭᠠᠨ ᠮᠣᠷᠢᠳ ᠭᠠᠩ ᠲᠦᠷᠪᠡᠨ ᠳᠣᠭᠤᠷᠠᠢ ᠪᠠᠷ ᠢᠶᠠᠨ ᠭᠠᠵᠠᠷ

ᠪᠦᠮᠪᠦᠷᠢᠳᠦᠨ᠂ ᠪᠠᠶᠠᠠᠭᠤᠣᠯ ᠤᠨ ᠳᠡᠭᠷᠢ ᠳᠣᠣᠷ᠎ᠠ ᠠᠯᠳᠠᠨ ᠳᠣᠭᠤᠰᠣ ᠪᠠᠨ ᠡᠷᠬᠦᠵᠦ᠂ ᠬᠤᠷᠴᠠ ᠰᠢᠷᠦᠬᠦᠨ ᠦᠷᠢᠰᠦᠯᠳᠦᠬᠡᠨ ᠢᠶᠠᠷ ᠳᠠᠮᠵᠢᠵᠣ᠂ ᠣᠷᠠᠳ ᠤᠨ

ᠳᠣᠮᠳᠠᠳᠣ ᠬᠤᠰᠢᠭᠤᠨ ᠤ ᠬᠡᠷᠡᠯᠵᠠᠮ ᠤᠨ ᠬᠡᠬᠡᠷ ᠦᠷᠢᠶ᠎ᠠ᠂ ᠦᠷᠢᠶ᠎ᠠ ᠮᠣᠷᠢᠳ ᠤᠨ ᠣᠷᠣᠯᠳᠣᠭᠠᠨ ᠤ ᠲᠦᠷᠦᠬᠦᠦ ᠮᠠᠩᠨᠠᠢ ᠳᠤ ᠬᠤᠷᠳᠣᠯᠠᠵᠣ᠂ ᠠᠯᠠᠱᠠ ᠠᠶᠢᠮᠠᠭ ᠤᠨ

ᠪᠠᠭᠠᠳᠣᠷ ᠤᠨ ᠬᠦᠷᠡᠩ ᠮᠣᠷᠢ ᠵᠢᠷᠤᠭ᠎ᠠ ᠮᠣᠷᠢᠨ ᠤ ᠣᠷᠣᠯᠳᠣᠭᠠᠨ ᠳᠤ ᠳᠠᠷᠢᠬᠦᠯᠡᠨ᠂ ᠮᠦᠨ ᠣᠷᠠᠳ ᠤᠨ ᠳᠣᠮᠳᠠᠳᠣ ᠬᠤᠰᠢᠭᠤᠨ ᠤ ᠬᠡᠷᠡᠯᠵᠡᠮ ᠤᠨ ᠬᠡᠬᠡᠷ ᠮᠣᠷᠢ

ᠡᠷᠯᠢᠰᠠ ᠮᠣᠷᠢᠳ ᠤᠨ ᠣᠷᠣᠯᠳᠣᠭᠠᠨ ᠳᠤ ᠳᠠᠷᠢᠬᠦᠯᠡᠵᠦ ᠳᠣᠳᠣ ᠮᠠᠩᠨᠠᠢ ᠳᠣᠷᠭᠠᠨ ᠵᠢᠯᠣᠭᠤ ᠡᠷᠬᠦᠬᠦᠯᠦᠯ᠎ᠡ᠃

        ᠦᠳᠡᠰᠢ ᠶᠢᠨ ᠪᠦᠷᠦᠢ ᠪᠣᠯᠬᠤ ᠳᠤ᠂ ᠨᠢᠭᠡ ᠡᠳᠦᠷ ᠤᠨ ᠤᠷᠤᠯᠳᠤᠭᠠᠨ ᠢᠶᠠᠨ ᠲᠡᠭᠦᠰᠬᠡᠵᠦ᠂  ᠮᠠᠯᠴᠢᠳ ᠤᠨ ᠳᠠᠭᠤᠨ ᠤ ᠤᠷᠤᠯᠳᠤᠭᠠᠨ ᠢ ᠶᠠᠪᠣᠭᠳᠠᠭᠤᠯᠪᠠ

᠃ ᠳᠠᠭᠤᠴᠢᠳ ᠮᠠᠨᠢ ᠢᠷᠠᠭᠤ ᠰᠠᠶᠢᠬᠠᠨ ᠤᠷᠠᠳ ᠠᠷᠠᠳ ᠤᠨ ᠳᠠᠭᠤᠤ ᠪᠠᠨ ᠳᠠᠭᠤᠯᠠᠵᠤ᠂  ᠮᠣᠷᠢᠨ ᠬᠤᠭᠤᠷ ᠤᠨ ᠣᠶᠠᠩᠭᠠᠳᠣ ᠬᠦᠭ ᠠᠶᠠᠰ ᠢᠶᠠᠷ᠂ ᠨᠠᠮ ᠪᠣᠯᠣᠨ

ᠡᠬᠡ ᠤᠯᠤᠰ ᠲᠠᠭᠠᠨ ᠬᠠᠨᠳᠤᠭᠤᠯᠤᠭᠰᠠᠨ ᠬᠢᠵᠠᠭᠠᠯᠠᠰᠢ ᠦᠭᠡᠢ ᠬᠠᠶᠢᠷ᠎ᠠ ᠰᠡᠳᠬᠢᠯᠭᠡ ᠶᠢ ᠬᠠᠷᠠᠭᠤᠯᠣᠨ᠂ ᠨᠤᠲᠤᠭ ᠤᠰᠤᠨ ᠳᠠᠭᠠᠨ ᠬᠠᠨᠳᠤᠭᠤᠯᠤᠭᠰᠠᠨ ᠮᠥᠷᠥᠭᠡᠳᠦᠯ

ᠪᠣᠯᠣᠨ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠢᠵᠠᠭᠠᠯᠠᠰᠢ ᠦᠭᠡᠢ ᠬᠦᠰᠡᠯ ᠡᠷᠡᠮᠡᠯᠵᠡᠯ ᠢ ᠳᠠᠭᠤᠯᠠᠪᠠ᠃

        ᠲᠣᠰ ᠤᠳᠠᠭᠠᠨ ᠤ ᠨᠠᠭᠠᠳᠤᠮ ᠤᠨ ᠬᠤᠷᠠᠯ ᠨᠢ ᠬᠤᠶᠠᠷ ᠡᠳᠦᠷ ᠶᠠᠪᠤᠭᠳᠠᠵᠤ᠂ 7 ᠰᠠᠷ᠎ᠠ ᠶᠢᠨ 12 ᠤᠨ ᠡᠳᠦᠷ ᠪᠠᠰᠠ ᠤᠯᠠᠮᠵᠢᠯᠠᠯᠲᠤ ᠮᠣᠷᠢ ᠤᠷᠤᠯᠳᠤᠬᠤ

᠂ ᠲᠡᠮᠡᠭᠡ ᠤᠷᠤᠯᠳᠤᠬᠤ᠂ ᠪᠥᠬᠡ ᠪᠠᠷᠢᠯᠳᠤᠬᠤ ᠪᠠ ᠰᠤᠷ ᠬᠠᠷᠪᠤᠬᠤ ᠵᠡᠷᠭᠡ ᠤᠷᠤᠯᠳᠤᠭᠠᠨ ᠢ ᠶᠠᠪᠤᠭᠳᠠᠭᠤᠯᠵᠠᠢ᠃ 30 ᠭᠠᠵᠠᠷ ᠤᠨ ᠮᠣᠩᠭᠤᠯ ᠮᠣᠷᠢᠨ ᠤ 

ᠣᠷᠣᠯᠳᠣᠭᠠᠨ ᠳᠤ ᠭᠤᠴᠢᠭᠠᠳ ᠮᠣᠷᠢᠳ ᠪᠦᠷᠢᠳᠬᠡᠬᠦᠯᠵᠦ᠂ ᠣᠷᠠᠳ ᠤᠨ ᠬᠤᠶᠢᠳᠣ ᠬᠤᠰᠢᠭᠤᠨ ᠤ ᠵᠠᠯᠠᠭᠤ ᠣᠶᠠᠭᠠᠴᠢ ᠨᠠᠶᠠᠨᠳᠠᠢ ᠶᠢᠨ ᠬᠠᠯᠵᠠᠨ ᠬᠦᠷᠡᠩ ᠮᠣᠷᠢ

ᠮᠠᠩᠨᠠᠢ ᠳᠤ ᠳᠣᠭᠤᠰᠣ ᠦᠬᠡᠢ ᠲᠡᠷᠢᠬᠦᠯᠡᠵᠦ᠂ ᠣᠷᠠᠳ ᠤᠨ ᠬᠤᠶᠢᠳᠣ ᠬᠤᠰᠢᠭᠤᠨ ᠤ ᠬᠦᠬᠡᠴᠦ ᠰᠣᠮᠣᠨ ᠤ ᠣᠣᠪᠣᠯᠠᠭ ᠭᠠᠴᠠᠭᠠᠨ ᠤ ᠵᠠᠯᠠᠭᠤ ᠣᠶᠠᠭᠠᠴᠢ ᠵᠠᠶᠠᠭ᠎ᠠ

 ᠶᠢᠨ ᠮᠣᠷᠢ ᠠᠮᠠᠨ ᠬᠦᠵᠦᠬᠦᠳᠡᠵᠦ᠂ ᠣᠷᠠᠳ ᠤᠨ ᠳᠣᠮᠳᠠᠳᠣ ᠬᠤᠰᠢᠭᠤᠨ ᠤ ᠳᠠᠪᠰᠢᠯᠳᠣ ᠶᠢᠨ ᠬᠦᠷᠡᠩ ᠮᠣᠷᠢ ᠠᠶᠢᠷᠠᠭ ᠤᠨ ᠭᠤᠷᠪᠠ ᠳᠤ᠂ ᠣᠣᠪᠣᠯᠠᠭ ᠭᠠᠴᠠᠭᠠᠨ ᠤ

ᠬᠠᠰᠪᠠᠭᠠᠨ᠎ᠠ ᠶᠢᠨ ᠬᠠᠷ᠎ᠠ ᠮᠣᠷᠢ ᠠᠶᠢᠷᠠᠭ ᠤᠨ ᠲᠦᠷᠪᠡ ᠳᠤ᠂ ᠪᠣᠷᠪᠢ ᠭᠠᠴᠠᠭᠠᠨ ᠤ ᠪᠦᠰᠡᠬᠦᠢ ᠣᠶᠠᠭᠠᠴᠢ ᠰᠠᠷᠠᠨ᠎ᠠ ᠶᠢᠨ ᠬᠠᠷ᠎ᠠ ᠮᠣᠷᠢ ᠠᠶᠢᠷᠠᠭ ᠤᠨ ᠳᠠᠪᠤ ᠳᠤ

ᠳᠣᠰ ᠳᠣᠰ ᠬᠤᠷᠳᠣᠯᠠᠵᠣ᠂ ᠣᠶᠠᠭᠰᠠᠨ ᠡᠵᠡᠨ ᠣᠨᠣᠭᠰᠠᠨ ᠬᠡᠦᠬᠡᠳ ᠢᠶᠠᠨ ᠪᠠᠶᠠᠷᠯᠠᠭᠤᠯᠵᠠᠢ᠃

        ᠡᠨᠡ ᠣᠳᠠᠭᠠᠨ ᠤ ᠪᠠᠶᠠᠨᠭᠤᠣᠯ ᠭᠠᠴᠠᠭ᠎ᠠ ᠶᠢᠨ ᠨᠠᠭᠠᠳᠤᠮ ᠤᠨ ᠬᠤᠷᠠᠯ ᠨᠢ ᠤᠯᠠᠨ ᠲᠦᠮᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠥᠷᠭᠡᠨ

ᠤᠯᠠᠨ ᠲᠦᠮᠡᠨ ᠳᠤ ᠥᠪᠡᠷ ᠢ ᠪᠠᠨ ᠢᠯᠡᠷᠡᠭᠦᠯᠬᠦ᠂ ᠰᠣᠯᠢᠯᠴᠠᠭ᠎ᠠ ᠪᠠᠨ ᠴᠢᠩᠭᠠᠳᠬᠠᠬᠤ ᠲᠠᠪᠴᠠᠩ ᠬᠠᠩᠭᠠᠵᠠᠢ᠃ ᠡᠭᠦᠨ ᠤ ᠬᠠᠮᠲᠤ ᠪᠠᠰᠠ ᠥᠷᠭᠡᠨ ᠤᠯᠠᠨ

ᠮᠠᠯᠴᠢᠳ ᠢ ᠬᠥᠲᠥᠯᠥᠨ ᠳᠠᠭᠠᠭᠤᠯᠵᠤ ︽  ᠡᠬᠡ ᠪᠠᠶᠢᠭᠠᠯᠢ ᠲᠠᠢ ᠪᠠᠨ ᠵᠣᠬᠢᠴᠠᠵᠤ᠂ ᠡᠶ᠎ᠡ ᠵᠣᠬᠢᠴᠠᠩᠭᠤᠢ ᠪᠠᠷ ᠬᠠᠮᠲᠤ ᠣᠷᠣᠰᠢᠬᠤ︾ ᠮᠣᠩᠭᠤᠯ ᠮᠣᠷᠢᠨ ᠤ ᠵᠣᠷᠢᠭ

ᠰᠠᠨᠠᠭ᠎ᠠ ᠶᠢ ᠰᠠᠶᠢᠲᠤᠷ ᠤᠯᠠᠮᠵᠢᠯᠠᠨ ᠪᠠᠳᠠᠷᠠᠭᠤᠯᠵᠤ᠂ ᠡᠬᠡ ᠤᠯᠤᠰ ᠤᠨ ᠤᠮᠠᠷᠠᠲᠤ ᠶᠢᠨ ᠦᠵᠡᠮᠵᠢ ᠶᠢᠨ ᠣᠷᠣᠨ ᠢ ᠬᠠᠮᠲᠤᠪᠠᠷ ᠦᠵᠡᠰᠬᠦᠯᠡᠩᠲᠦ ᠰᠠᠶᠢᠬᠠᠨ ᠪᠣᠯᠭᠠᠨ

ᠴᠣᠭᠴᠠᠯᠠᠬᠤ ᠵᠣᠷᠢᠯᠭ᠎ᠠ ᠳᠤ ᠪᠠᠨ ᠬᠦᠷᠴᠠᠢ᠃

                  

                                                              

ᠢᠷᠡᠯᠲᠡ᠄ ᠤᠷᠠᠳ ᠤᠨ ᠬᠤᠶᠢᠳᠤ ᠬᠤᠰᠢᠭᠤᠨ ᠤ ᠬᠠᠮ ᠵᠠᠭᠤᠴᠢᠯᠠᠭᠤᠷ ᠤᠨ ᠲᠦᠪ