7 ᠰᠠᠷ᠎ᠠ ᠶᠢᠨ 1᠎ ᠤ ᠡᠳᠦᠷ ᠠᠴᠠ ᠡᠬᠢᠯᠡᠵᠦ ᠬᠡᠷᠡᠭᠵᠢᠭᠦᠯᠦᠨ᠎ᠡ︕ ᠥᠪᠥᠷ ᠮᠣᠩᠭᠤᠯ ᠤᠨ ᠡᠮ ᠡᠮᠨᠡᠯᠭᠡ ᠶᠢᠨ ᠪᠠᠳᠤᠯᠠᠭ᠎ᠠ ᠶᠢᠨ ᠲᠣᠪᠴᠢᠶ᠎ᠠ ᠴᠢᠬᠤᠯᠠ ᠮᠡᠳᠡᠭᠳᠡᠯ ᠨᠡᠶᠢᠲᠡᠯᠡᠪᠡ
  
2023/6/25

         ᠰᠤᠳᠤᠯᠬᠤ ᠪᠠᠷ ᠳᠠᠮᠵᠢᠭᠠᠳ᠂ ᠡᠳᠦᠭᠡ ᠥᠪᠥᠷ ᠮᠣᠩᠭᠤᠯ ᠤᠨ

ᠥᠪᠡᠷᠲᠡᠭᠡᠨ ᠵᠠᠰᠠᠬᠤ ᠣᠷᠣᠨ ᠤ ᠲᠤᠰ ᠱᠠᠲᠤᠨ ᠤ ᠦᠷᠡᠵᠢᠯ ᠤᠨ

ᠳᠠᠭᠠᠳᠬᠠᠯ ᠤᠨ ᠡᠮ ᠡᠮᠨᠡᠯᠭᠡ ᠶᠢᠨ ᠣᠯᠭᠤᠮᠵᠢ ᠳᠤ

ᠲᠣᠬᠢᠷᠠᠭᠤᠯᠤᠯᠲᠠ ᠬᠢᠬᠦ ᠪᠠᠷ ᠲᠣᠭᠲᠠᠪᠠ᠃

         ᠨᠢᠭᠡ᠂ ᠬᠥᠩᠭᠡᠵᠢᠬᠦ ᠪᠠᠷ ᠡᠮᠨᠡᠯᠭᠡ ᠳᠤ ᠰᠠᠭᠤᠬᠤ ᠲᠤᠬᠠᠢ

ᠳᠠᠭᠠᠳᠬᠠᠯ ᠳᠤ ᠣᠷᠣᠯᠴᠠᠭᠰᠠᠨ ᠠᠵᠢᠯᠲᠠᠨ ᠠᠵᠢᠯᠴᠢᠨ ᠤ

ᠬᠥᠩᠭᠡᠵᠢᠬᠦ᠂ ᠤᠷᠤᠭ ᠤᠨᠠᠭᠠᠬᠤ᠂ ᠦᠷᠡᠵᠢᠬᠦ ᠶᠢ

ᠬᠢᠵᠠᠭᠠᠷᠯᠠᠬᠤ ᠪᠤᠶᠤ ᠦᠷᠡᠵᠢᠬᠦ ᠶᠢ ᠵᠣᠭᠰᠣᠭᠠᠬᠤ ᠮᠡᠰᠡ

ᠵᠠᠰᠠᠯ ᠬᠢᠭᠰᠡᠨ ᠠᠴᠠ ᠪᠤᠯᠤᠬᠰᠠᠨ ᠡᠮ ᠡᠮᠨᠡᠯᠭᠡ ᠶᠢᠨ

ᠲᠠᠭᠠᠳᠬᠠᠯ ᠤᠨ ᠲᠥᠷᠥ ᠶᠢᠨ ᠪᠣᠳᠣᠯᠭ᠎ᠠ ᠶᠢᠨ ᠬᠡᠪᠴᠢᠶᠡᠨ

ᠳᠣᠲᠣᠷᠠᠬᠢ  ᠬᠤᠯᠪᠣᠭᠳᠠᠯ ᠪᠦᠬᠦᠢ ᠲᠣᠭᠲᠠᠭᠠᠯ ᠳᠤ ᠨᠡᠶᠢᠴᠡᠬᠦ

ᠡᠮᠨᠡᠯᠭᠡ ᠳᠤ ᠰᠠᠭᠤᠬᠰᠠᠨ ᠡᠮᠴᠢᠯᠡᠭᠡᠨ ᠤ ᠵᠠᠷᠤᠳᠠᠯ ᠳᠤ

ᠣᠯᠭᠤᠮᠵᠢ ᠥᠭᠬᠦ ᠡᠬᠢᠯᠡᠯᠲᠡ ᠶᠢᠨ ᠱᠤᠭᠤᠮ ᠲᠣᠬᠢᠷᠠᠭᠤᠯᠬᠤ

ᠦᠭᠡᠶ᠂ ᠦᠨᠳᠦᠰᠦᠨ ᠡᠮᠴᠢᠯᠡᠭᠡᠨ ᠤ ᠳᠠᠭᠠᠳᠬᠠᠯ ᠤᠨ ᠰᠠᠭᠤᠷᠢ

ᠮᠥᠩᠭᠦ ᠠᠴᠠ ᠪᠣᠳᠠᠲᠠᠶ ᠪᠠᠷ ᠦᠭᠭᠦᠨ᠎ᠡ᠃

        ᠬᠤᠶᠠᠷ᠂ ᠬᠦᠡᠭᠭᠡᠵᠢᠯᠳᠡ ᠶᠢᠨ ᠡᠭᠦᠳᠡᠨ ᠡᠮᠨᠡᠯᠭᠡ 

      〔ᠨᠢᠭᠡ )ᠡᠮᠡᠭᠲᠡᠶ ᠠᠵᠢᠯᠲᠠᠨ ᠠᠵᠢᠯᠴᠢᠨ ᠤ ᠵᠢᠷᠮᠦᠰᠦᠨ

ᠬᠤᠭᠤᠴᠠᠭ᠎ᠠ᠂ ᠬᠥᠩᠭᠡᠵᠢᠬᠦ ᠬᠤᠭᠤᠴᠠᠭ᠎ᠠ᠂ ᠨᠢᠷᠠᠶᠢᠯᠠᠬᠤ

ᠬᠤᠭᠤᠴᠠᠭᠠᠨ ᠳᠤ ᠭᠠᠷᠤᠭᠰᠠᠨ ᠡᠮ ᠡᠮᠨᠡᠯᠭᠡ ᠶᠢᠨ

ᠳᠠᠭᠠᠳᠬᠠᠯ ᠤᠨ ᠲᠥᠷᠥ ᠶᠢᠨ ᠪᠣᠳᠣᠯᠭ᠎ᠠ ᠶᠢᠨ

ᠬᠡᠪᠴᠢᠶᠡᠨ ᠳᠠᠬᠢ ᠬᠤᠯᠪᠣᠭᠳᠠᠯ ᠪᠦᠬᠦᠢ ᠲᠣᠭᠲᠠᠭᠠᠯ ᠳᠤ 

ᠨᠡᠶᠢᠴᠡᠬᠦ  ᠡᠭᠦᠳᠡᠨ ᠡᠮᠨᠡᠯᠭᠡ ᠶᠢᠨ ᠬᠦᠡᠭᠭᠡᠵᠢᠯᠳᠡ ᠶᠢᠨ

ᠪᠠᠶᠢᠴᠠᠭᠠᠯᠲᠠ ᠶᠢᠨ ᠵᠠᠷᠤᠳᠠᠯ ᠳᠤ ᠣᠯᠭᠤᠮᠵᠢ ᠥᠭᠬᠦ

ᠡᠬᠢᠯᠡᠯᠲᠡ ᠶᠢᠨ ᠱᠤᠭᠤᠮ ᠵᠢᠴᠢ ᠳᠡᠭᠡᠳᠦ ᠬᠢᠵᠠᠭᠠᠷ ᠢ

ᠲᠣᠭᠲᠠᠭᠠᠬᠤ ᠦᠭᠡᠶ᠂ ᠦᠨᠳᠦᠰᠦᠨ ᠡᠮ ᠡᠮᠨᠡᠯᠭᠡ ᠶᠢᠨ

ᠳᠠᠭᠠᠳᠬᠠᠯ ᠤᠨ ᠰᠠᠭᠤᠷᠢ ᠮᠥᠩᠭᠦ ᠠᠴᠠ ᠪᠣᠳᠠᠲᠠᠶ ᠪᠠᠷ

ᠦᠭᠭᠦᠨ᠎ᠡ᠃

     〔 ᠬᠤᠶᠠᠷ〕ᠡᠭᠦᠳᠡᠨ ᠡᠮᠨᠡᠯᠭᠡ ᠶᠢᠨ ᠤᠷᠤᠭ ᠤᠨᠠᠭᠠᠬᠤ ᠪᠤᠶᠤ

ᠦᠷᠡᠵᠢᠬᠦ ᠶᠢ ᠬᠢᠵᠠᠭᠠᠷᠯᠠᠬᠤ ᠮᠡᠰᠡ ᠵᠠᠰᠠᠯ  ᠬᠢᠬᠦ ᠳᠤ᠂

ᠣᠯᠭᠤᠮᠵᠢ ᠥᠭᠬᠦ  ᠡᠬᠢᠯᠡᠯᠲᠡ ᠶᠢᠨ  ᠱᠤᠭᠤᠮ  ᠲᠣᠭᠲᠠᠭᠠᠬᠤ 

ᠦᠭᠡᠶ᠂ ᠡᠮ  ᠡᠮᠨᠡᠯᠭᠡ ᠶᠢᠨ  ᠳᠠᠭᠠᠳᠬᠠᠯ ᠤᠨ ᠲᠥᠷᠥ ᠵᠢᠨ‌

‍ᠪᠣᠳᠣᠯᠭ᠎ᠠ ᠶᠢᠨ ᠬᠡᠪᠴᠢᠶᠡᠨ ᠳᠣᠲᠣᠷᠠᠬᠢ ᠬᠤᠯᠪᠣᠭᠳᠠᠯ

ᠪᠦᠬᠦᠢ ᠲᠣᠭᠲᠠᠭᠠᠯ ᠳᠤ ᠨᠡᠶᠢᠴᠡᠬᠦ ᠡᠮᠴᠢᠯᠡᠭᠡᠨ ᠤ

ᠵᠠᠷᠤᠳᠠᠯ ᠳᠤ ᠣᠯᠭᠤᠮᠵᠢ ᠥᠭᠬᠦ ᠲᠠᠯ᠎ᠠ ᠪᠠᠷ 2000

ᠲᠥᠭᠦᠷᠢᠭ ᠢᠶᠠᠷ ᠬᠢᠵᠠᠭᠠᠷᠯᠠᠵᠤ᠂ ᠬᠢᠵᠠᠭᠠᠷᠯᠠᠭᠰᠠᠨ

ᠲᠤᠭ᠎ᠠ ᠠᠴᠠ ᠬᠡᠲᠦᠷᠡᠭᠰᠡᠨ ᠬᠡᠰᠡᠭ ᠲᠤᠨᠢ ᠣᠯᠭᠤᠮᠵᠢ ᠥᠭᠬᠦ

ᠦᠭᠡᠶ᠂ ᠬᠢᠵᠠᠭᠠᠷᠯᠠᠭᠰᠠᠨ ᠲᠤᠭ᠎ᠠ ᠶᠢᠨ ᠳᠣᠲᠣᠷ᠎ᠠ

ᠪᠣᠳᠠᠲᠠᠶ ᠪᠠᠷ ᠦᠭᠭᠦᠨ᠎ᠡ᠃

      〔ᠭᠤᠷᠪᠠ〕ᠡᠭᠦᠳᠡᠨ ᠡᠮᠨᠡᠯᠭᠡ ᠶᠢᠨ ᠦᠷᠡᠵᠢᠬᠦ ᠶᠢ

ᠵᠣᠭᠰᠣᠭᠠᠬᠤ ᠮᠡᠰᠡ ᠵᠠᠰᠠᠯ ᠬᠢᠬᠦ ᠳᠤ᠂ ᠣᠯᠭᠤᠮᠵᠢ ᠥᠭᠬᠦ

ᠡᠬᠢᠯᠡᠯᠲᠡ ᠶᠢᠨ ᠱᠤᠭᠤᠮ ᠲᠣᠭᠲᠠᠭᠠᠬᠤ ᠦᠭᠡᠶ᠂ ᠡᠮ

ᠡᠮᠨᠡᠯᠭᠡ ᠶᠢᠨ ᠳᠠᠭᠠᠳᠬᠠᠯ ᠤᠨ ᠲᠥᠷᠥ ᠶᠢᠨ ᠪᠣᠳᠣᠯᠭ᠎ᠠ ᠶᠢᠨ

ᠬᠡᠪᠴᠢᠶᠡᠨ ᠳᠣᠲᠣᠷᠠᠬᠢ ᠬᠤᠯᠪᠣᠭᠳᠠᠯ ᠪᠦᠬᠦᠢ ᠲᠣᠭᠲᠠᠭᠠᠯ ᠳᠤ

ᠨᠡᠶᠢᠴᠡᠬᠦ ᠡᠮᠴᠢᠯᠡᠭᠡᠨ ᠤ ᠵᠠᠷᠤᠳᠠᠯ ᠎ ᠳᠤ  ᠣᠯᠭᠤᠮᠵᠢ  ᠥᠭᠬᠦ

ᠲᠠᠯ᠎ᠠ ᠪᠠᠷ 2500 ᠲᠥᠭᠦᠷᠢᠭ ᠢᠶᠠᠷ ᠬᠢᠵᠠᠭᠠᠷᠯᠠᠵᠤ᠂

ᠬᠢᠵᠠᠭᠠᠷᠯᠠᠭᠰᠠᠨ ᠲᠤᠭ᠎ᠠ ᠠᠴᠠ  ᠬᠡᠲᠦᠷᠡᠭᠰᠡᠨ ᠬᠡᠰᠡᠭ ᠲᠤᠨᠢ

ᠣᠯᠭᠤᠮᠵᠢ  ᠥᠭᠬᠦ ᠦᠭᠡᠶ᠂ ᠬᠢᠵᠠᠭᠠᠷᠯᠠᠭᠰᠠᠨ ᠲᠤᠭ᠎ᠠ ᠶᠢᠨ

ᠳᠣᠲᠣᠷ᠎ᠠ ᠪᠣᠳᠠᠲᠠᠶ ᠪᠠᠷ ᠦᠭᠭᠦᠨ᠎ᠡ᠃              ᠭᠤᠷᠪᠠ᠂

ᠦᠷᠡᠵᠢᠯ ᠤᠨ ᠨᠡᠮᠡᠭᠦᠷᠢ ᠮᠦᠡᠭᠭᠦ ᠶᠢᠨ ᠪᠠᠷᠢᠮᠵᠢᠶ᠎ᠠ  

     〔ᠨᠢᠭᠡ〕ᠡᠳ᠋ ᠤᠨ ᠵᠠᠰᠠᠭ ᠤᠨ ᠠᠰᠠᠷᠠᠨ ᠲᠡᠵᠢᠭᠡᠬᠦ ᠪᠤᠰᠤ

ᠨᠢᠭᠡᠴᠡ ᠵᠢᠨ‌‍ ᠲ᠋ᠠᠭᠠᠳᠬᠠᠯ ᠳᠤ ᠣᠷᠣᠯᠴᠠᠭᠰᠠᠨ ᠡᠮᠡᠭᠲᠡᠶ

ᠠᠵᠢᠯᠲᠠᠨ ᠠᠵᠢᠯᠴᠢᠨ ᠤ ᠦᠷᠡᠵᠢᠯ ᠤᠨ ᠨᠡᠮᠡᠭᠦᠷᠢ ᠮᠦᠡᠭᠭᠦ ᠶᠢ

ᠬᠥᠮᠦᠨ ᠬᠡᠷᠡᠭᠯᠡᠬᠦ ᠨᠢᠭᠡᠴᠡ ᠶᠢᠨ ᠲᠦᠷᠦᠬᠦᠦ ᠵᠢᠯ ᠤᠨ

ᠠᠵᠢᠯ ᠳᠤ ᠪᠠᠶᠢᠭ᠎ᠠ ᠠᠵᠢᠯᠲᠠᠨ ᠠᠵᠢᠯᠴᠢᠨ ᠤ ᠰᠠᠷ᠎ᠠ ᠶᠢᠨ

ᠳᠤᠮᠳᠠᠴᠢ  ᠰᠦᠢᠳᠭᠡᠯ ᠲᠤᠰᠢᠶᠠᠬᠰᠠᠨ ᠰᠠᠭᠤᠷᠢ ᠲᠤᠭ᠎ᠠ ᠪᠠᠷ

ᠪᠣᠳᠣᠵᠤ ᠣᠯᠭᠤᠬᠤ ᠪᠠᠷᠢᠮᠵᠢᠶ᠎ᠠ ᠪᠣᠯᠭᠠᠨ᠎ᠠ᠃ ᠡᠷᠡᠭᠲᠡᠶ

ᠠᠵᠢᠯᠲᠠᠨ ᠠᠵᠢᠯᠴᠢᠨ ᠤ ᠰᠤᠪᠢᠯᠠᠯᠲᠠ ᠶᠢᠨ ᠴᠢᠯᠥᠭᠡ ᠶᠢᠨ

ᠨᠡᠮᠡᠭᠦᠷᠢ ᠮᠦᠡᠭᠭᠦ ᠶᠢ ᠠᠳᠠᠯᠢ ᠰᠠᠭᠤᠷᠢ ᠲᠤᠭ᠎ᠠ ᠶᠢᠨ

ᠪᠠᠷᠢᠮᠵᠢᠶ᠎ᠠ ᠪᠠᠷ ᠬᠡᠷᠡᠭᠵᠢᠭᠦᠯᠦᠨ᠎ᠡ᠃ 

      〔 ᠬᠤᠶᠠᠷ〕ᠲᠤᠰ ᠵᠢᠯ ᠤᠨ ᠰᠢᠨ᠎ᠡ ᠪᠠᠷ ᠳᠠᠭᠠᠳᠬᠠᠯ ᠳᠤ

ᠣᠷᠣᠯᠴᠠᠭᠰᠠᠨ ᠡᠳ᠋ ᠤᠨ  ᠵᠠᠰᠠᠭ ᠤᠨ ᠠᠰᠠᠷᠠᠨ ᠲᠡᠵᠢᠭᠡᠬᠦ ᠪᠤᠰᠤ

ᠨᠢᠭᠡᠴᠡ ᠶᠢᠨ ᠳᠠᠭᠠᠳᠬᠠᠯ ᠳᠤ ᠣᠷᠣᠯᠴᠠᠭᠰᠠᠨ ᠠᠵᠢᠯᠲᠠᠨ

ᠠᠵᠢᠯᠴᠢᠨ ᠤ ᠦᠷᠡᠵᠢᠯ ᠤᠨ ᠨᠡᠮᠡᠭᠦᠷᠢ ᠮᠦᠡᠭᠭᠦ ᠶᠢ ᠠᠵᠢᠯᠲᠠᠨ

ᠠᠵᠢᠯᠴᠢᠨ ᠤ ᠬᠦᠡᠭᠭᠡᠵᠢᠭᠰᠡᠨ ᠲᠡᠷᠡ ᠰᠠᠷ᠎ᠠ ᠳᠤᠨᠢ

ᠨᠢᠭᠡᠴᠡ ᠶᠢᠨ ᠬᠢᠨ ᠠᠵᠢᠯ ᠳᠤ ᠪᠠᠶᠢᠭ᠎ᠠ ᠠᠵᠢᠯᠲᠠᠨ

ᠠᠵᠢᠯᠴᠢᠨ ᠤ ᠳᠤᠮᠳᠠᠴᠢ ᠰᠦᠢᠳᠭᠡᠯ ᠲᠤᠰᠢᠶᠠᠬᠰᠠᠨ ᠰᠠᠭᠤᠷᠢ 

ᠲᠤᠭ᠎ᠠ ᠪᠠᠷ  ᠦᠷᠡᠵᠢᠯ ᠤᠨ ᠨᠡᠮᠡᠭᠦᠷᠢ ᠮᠦᠡᠭᠭᠦ ᠎ ᠶᠢ ᠪᠣᠳᠣᠵᠤ

ᠣᠯᠭᠤᠬᠤ ᠪᠠᠷᠢᠮᠵᠢᠶ᠎ᠠ ᠪᠣᠯᠭᠠᠨ᠎ᠠ᠃    

 

 

        