24 ᠺᠢᠯᠣᠭ᠍ᠷᠠᠮ ᠢ ᠳᠠᠪᠠᠭᠰᠠᠨ ᠬᠤᠣᠷᠲᠤ ᠡᠳ᠋ ᠢ ᠠᠪᠴᠤ ᠬᠢᠯᠢ ᠣᠷᠣᠭᠰᠠᠨ ᠴᠧᠨ ᠣᠪᠣᠭᠲᠤ ᠶᠢ ᠠᠯᠠᠬᠤ ᠡᠷᠡᠭᠦᠦ ᠪᠠᠷ ᠰᠢᠢᠳᠬᠡᠪᠡ
ᠨᠡᠶᠢᠲᠡᠯᠡᠭᠰᠡᠨ ᠴᠠᠭ᠄
2023/6/23
         6 ᠰᠠᠷ᠎ᠠ  ᠶᠢᠨ 21 ᠤ ᠡᠳᠦᠷ  ᠰᠤᠷᠪᠤᠯᠵᠢᠯᠠᠭᠴᠢ  ᠪᠡᠭᠡᠵᠢᠩ ᠤᠨ  ᠳᠥᠷᠪᠡᠳᠦᠭᠡᠷ  ᠳᠤᠮᠳᠠ  ᠵᠡᠷᠭᠡ   ᠶᠢᠨ  ᠰᠢᠭᠦᠬᠦ ᠬᠤᠷᠢᠶᠠᠨ  ᠠᠴᠠ ᠣᠶᠢᠯᠠᠭᠠᠵᠤ ᠮᠡᠳᠡᠭᠰᠡᠨ  ᠨᠢ᠂ ᠨᠢᠭᠡ ᠡᠷᠡᠭᠲᠡᠢ 24  ᠺᠢᠯᠣᠭ᠍ᠷᠠᠮ  ᠺᠣᠺᠠᠶ᠋ᠢᠨ   ᠢ  ᠬᠠᠤᠯᠢ  ᠪᠤᠰᠤ ᠪᠠᠷ  ᠠᠪᠴᠤ ᠬᠢᠯᠢ ᠪᠠᠷ ᠣᠷᠣᠵᠤ ᠢᠷᠡᠭᠡᠳ ᠠᠯᠠᠬᠤ ᠡᠷᠡᠭᠦᠦ ᠪᠠᠷ ᠰᠢᠢᠳᠬᠡᠭᠳᠡᠵᠡᠢ᠃ ᠲᠡᠷᠡ ᠬᠡᠳᠦᠶᠢᠪᠡᠷ  ᠶᠠᠯ᠎ᠠ ᠪᠠᠨ  ᠮᠡᠳᠡᠷᠡᠵᠦ  ᠰᠢᠢᠳᠬᠡᠯ ᠢ ᠮᠡᠳᠡᠷᠡᠭᠰᠡᠨ ᠪᠣᠯᠪᠠᠴᠤ ᠬᠡᠷᠡᠭ ᠲᠤ ᠬᠤᠯᠪᠣᠭᠳᠠᠭᠰᠠᠨ ᠬᠤᠣᠷᠲᠤ ᠡᠳ᠋ ᠤᠨ ᠲᠤᠭ᠎ᠠ ᠬᠡᠮᠵᠢᠶ᠎ᠡ ᠶᠢᠨ  ᠴᠡᠪᠡᠷ  ᠬᠦᠨᠳᠦ   ᠨᠢ  ᠠᠯᠠᠬᠤ‌ᠡᠷᠡᠭᠦᠦ ᠪᠠᠷ ᠰᠢᠢᠳᠬᠡᠬᠦ ᠪᠠᠷᠢᠮᠵᠢᠶ᠎ᠠ ᠠᠴᠠ ᠬᠤᠯᠠ ᠳᠠᠪᠠᠭᠰᠠᠨ ᠪᠣᠯᠬᠤᠷ ᠰᠢᠭᠦᠬᠦ ᠬᠤᠷᠢᠶ᠎ᠠ  ᠠᠯᠠᠬᠤ  ᠡᠷᠡᠭᠦᠦ ᠪᠠᠷ  ᠰᠢᠢᠳᠬᠡᠬᠦ ᠶᠢ ᠡᠷᠡᠰ ᠪᠠᠷᠢᠮᠲᠠᠯᠠᠵᠤ᠂ ᠶᠡᠭᠡ ᠬᠡᠮᠵᠢᠶᠡᠨ ᠤ ᠡᠬᠢ ᠰᠤᠷᠪᠤᠯᠵᠢ ᠶᠢᠨ ᠴᠢᠨᠠᠷᠲᠠᠢ ᠬᠤᠣᠷᠲᠤ ᠡᠳ᠋ ᠤᠨ ᠶᠠᠯᠠᠲᠤ ᠠᠵᠢᠯᠯᠠᠭ᠎ᠠ ᠶᠢ  ᠬᠠᠤᠯᠢ‌‍ᠶᠣᠰᠣᠭᠠᠷ ᠡᠷᠡᠰ ᠴᠢᠩᠭ᠎ᠠ ᠰᠢᠢᠳᠬᠡᠬᠦ ᠢᠯᠡ ᠲᠣᠳᠣᠷᠬᠠᠢ ᠵᠣᠭᠰᠣᠯᠲᠠ ᠶᠢ ᠢᠯᠡᠷᠡᠭᠦᠯᠦᠭᠰᠡᠨ ᠪᠠᠶᠢᠨ᠎ᠠ᠃        ᠴᠧᠨ  ᠣᠪᠣᠭᠲᠤ  1998  ᠣᠨ ᠳᠤ  ᠪᠷᠠᠽᠢᠯ ᠳᠤ  ᠨᠡᠭᠦᠵᠦ  ᠣᠴᠢᠭᠰᠠᠨ ᠤ  ᠳᠠᠷᠠᠭ᠎ᠠ  ᠬᠤᠣᠷᠲᠤ  ᠡᠳ᠋ ᠲᠦ‌‍ᠰᠢᠨᠤᠬᠠᠶᠢᠷᠠᠵᠤ᠂ K ᠨᠤᠨᠳᠠᠭ᠂ ᠲᠣᠯᠣᠭᠠᠢ ᠰᠠᠵᠢᠯᠠᠭᠤᠯᠬᠤ  ᠦᠷᠢᠯ᠂  ᠾᠧᠷᠣᠶ᠋ᠢᠨ  ᠵᠡᠷᠭᠡ   ᠶᠢ  ᠦᠷᠭᠦᠯᠵᠢ ᠶᠢᠨ  ᠴᠢᠨᠠᠷᠲᠠᠢ ᠰᠣᠷᠣᠵᠤ ᠡᠳ᠋ᠯᠡᠨ᠂ ᠪᠤᠰᠤᠳ ᠲᠤ ᠣᠯᠠᠨ ᠤᠳᠠᠭ᠎ᠠ ᠬᠤᠣᠷ ᠫᠠᠨᠽᠠᠯᠠᠵᠤ ᠪᠠᠶᠢᠪᠠ᠃ 2019 ᠣᠨ ᠳᠤ᠂ ᠲᠡᠭᠦᠨ ᠤ ᠪᠷᠠᠽᠢᠯ ᠳᠤ ᠠᠮᠢᠳᠤᠷᠠᠵᠤ  ᠪᠠᠶᠢᠭᠰᠠᠨ  ᠬᠤᠭᠤᠴᠠᠭᠠᠨ ᠳᠠᠭᠠᠨ  ᠲᠠᠨᠢᠯᠴᠠᠭᠰᠠᠨ  ᠬᠤᠣᠷᠲᠤ  ᠡᠳ᠋  ᠫᠠᠨᠽᠠᠯᠠᠬᠤ  ᠪᠦᠯᠦᠭᠯᠡᠯ ᠤᠨ   ᠠᠵᠢᠯᠲᠠᠨ‌‍ᠲ᠋ᠡᠭᠦᠨ ᠢᠶᠠᠷ ᠱᠧᠨᠵᠧᠨ ᠳᠤ ᠬᠤᠣᠷ ᠬᠦᠷᠭᠡᠭᠦᠯᠵᠦ᠂ ᠬᠡᠷᠡᠭ ᠶᠠᠪᠤᠳᠠᠯ ᠪᠦᠲᠦᠪᠡᠯ ᠬᠠᠷᠠᠮᠵᠢ  ᠥᠭᠬᠦ ᠪᠠᠷ  ᠠᠮᠠᠯᠠᠭᠰᠠᠨ  ᠪᠠᠶᠢᠨ᠎ᠠ᠃ ᠴᠧᠨ ᠣᠪᠣᠭᠲᠤ ᠣᠯᠠᠨ ᠤᠯᠤᠰ ᠤᠨ ᠡᠭᠡᠯᠵᠢ ᠶᠢᠨ ᠨᠢᠰᠬᠡᠯ ᠳᠤ ᠰᠠᠭᠤᠵᠤ ᠪᠡᠭᠡᠵᠢᠩ ᠤᠨ ᠨᠡᠶᠢᠰᠯᠡᠯ ᠤᠨ  ᠣᠯᠠᠨ  ᠤᠯᠤᠰ ‍ᠤᠨ‌ᠨᠢᠰᠬᠡᠯ ᠤᠨ ᠪᠠᠭᠤᠳᠠᠯ ᠳᠤ ᠬᠦᠷᠴᠦ᠂ ᠬᠢᠯᠢ ᠳᠤ  ᠣᠷᠣᠬᠤ ᠳᠠᠭᠠᠨ  ᠤᠷᠢᠳᠴᠢᠯᠠᠨ  ᠮᠡᠳᠡᠭᠦᠯᠬᠦ  ᠴᠢᠬᠤᠯᠠ  ᠦᠭᠡᠢ  ᠵᠠᠮ ᠵᠶ᠋ᠠᠷ‌‍ᠶᠠᠪᠤᠵᠤ᠂ ᠪᠣᠭᠤᠮᠲᠠ ᠳᠤ ᠶᠠᠮᠠᠷ ᠴᠤ ᠡᠳ᠋ ᠪᠣᠳᠠᠰ ᠮᠡᠳᠡᠭᠦᠯᠦᠭᠰᠡᠨ ᠦᠭᠡᠢ ᠪᠠᠷ ᠱᠧᠨᠵᠧᠨ ᠳᠤ ᠨᠢᠰᠬᠡᠯ  ᠰᠣᠯᠢᠵᠤ  ᠣᠴᠢᠬᠤ ᠪᠠᠷ ᠪᠣᠯᠪᠠ᠃        ᠨᠡᠶᠢᠰᠯᠡᠯ ᠤᠨ ᠨᠢᠰᠬᠡᠯ ᠤᠨ ᠪᠠᠭᠤᠳᠠᠯ ᠤᠨ ᠪᠣᠭᠤᠮᠲᠠ  ᠶᠢᠨ ᠠᠵᠢᠯᠲᠠᠨ ᠪᠠᠶᠢᠴᠠᠭᠠᠬᠤ ᠦᠶ᠎ᠡ ᠳᠤ ᠴᠧᠨ ᠣᠪᠣᠭᠲᠤ  ᠶᠢᠨ ᠠᠴᠢᠶᠠᠨ ᠤ ᠠᠪᠳᠠᠷ᠎ᠠ ᠳᠤ ᠮᠠᠰᠢ ᠣᠯᠠᠨ ᠰᠦᠨ ᠲᠠᠯᠬ᠎ᠠ  ᠶᠢᠨ ᠰᠠᠪᠠ ᠪᠠᠶᠢᠬᠤ  ᠶᠢ ᠣᠯᠵᠤ ᠮᠠᠲᠠᠵᠠᠢ᠃ ᠣᠨᠢᠰᠤ  ᠶᠢ  ᠨᠢ ᠨᠡᠭᠡᠭᠡᠵᠦ ᠪᠠᠶᠢᠴᠠᠭᠠᠭᠰᠠᠨ ᠤ ᠳ᠋ᠦᠩ ᠳᠤ ᠰᠦᠨ ᠲᠠᠯᠬ᠎ᠠ  ᠶᠢᠨ ᠰᠠᠪᠠ  ᠶᠢ ᠴᠥᠮ ᠰᠦᠯᠢᠶᠥᠦ ᠪᠦᠷᠬᠦᠭᠦᠯ ᠢᠶᠠᠷ ᠪᠠᠭᠯᠠᠭᠰᠠᠨ ᠤ ᠳᠡᠭᠡᠷ᠎ᠡ ᠪᠠᠰᠠ ᠮᠦᠷᠬᠦᠯᠲᠦᠬᠦ  ᠠᠴᠠ ᠰᠡᠷᠭᠡᠶᠢᠯᠡᠬᠦ ᠣᠯᠠᠨ ᠳᠠᠪᠬᠤᠷ  ᠬᠥᠭᠡᠰᠦ ᠲᠠᠢ  ᠤᠭᠤᠲᠠ ᠪᠠᠷ  ᠪᠠᠭᠯᠠᠵᠤ᠂  ᠠᠴᠢᠶᠠᠨ ᠤ  ᠠᠪᠳᠠᠷ᠎ᠠ  ᠵᠢᠨ‌‍ᠲ᠋ᠣᠲᠣᠷ᠎ᠠ  ᠨᠢ ᠪᠠᠰᠠ ᠲᠠᠮᠠᠬᠢ᠂ ᠬᠤᠪᠴᠠᠰᠤ ᠵᠡᠷᠭᠡ ᠶᠢ ᠬᠢᠵᠦ᠂ ᠭᠠᠳᠠᠷ ᠲᠠᠯ᠎ᠠ  ᠳᠤᠨᠢ ᠨᠢᠭᠡ ᠳᠠᠪᠬᠤᠷ  ᠤᠯᠠᠭᠠᠨ  ᠥᠩᠭᠡ   ᠶᠢᠨ ᠪᠣᠭᠤᠯᠲᠠ  ᠲᠠᠢ᠂ ᠮᠠᠰᠢ ᠰᠠᠶᠢᠨ ᠪᠢᠲᠡᠭᠦᠮᠵᠢᠯᠡᠵᠦ ᠪᠠᠶᠢᠬᠤ  ᠶᠢ ᠣᠯᠵᠤ ᠮᠠᠲᠠᠵᠠᠢ᠃        ᠪᠣᠭᠤᠮᠲᠠ ᠶᠢᠨ ᠠᠵᠢᠯᠲᠠᠨ ᠰᠦᠨ ᠲᠠᠯᠬ᠎ᠠ ᠶᠢᠨ ᠯᠣᠩᠬᠤ ᠶᠢ ᠨᠡᠭᠡᠭᠡᠬᠦ ᠳᠤ᠂ ᠳᠣᠲᠣᠷ᠎ᠠ   ᠨᠢ  ᠲᠤᠩᠭᠠᠯᠠᠭ  ᠰᠦᠯᠢᠶᠥᠦ ᠤᠭᠤᠲᠠ ᠪᠠᠷ ᠨᠢᠭᠲᠠ ᠪᠢᠲᠡᠭᠦᠮᠵᠢᠯᠡᠭᠰᠡᠨ ᠵᠥᠭᠡᠢ ᠶᠢᠨ ᠴᠠᠪᠠᠤ ᠶᠢᠨ ᠦᠨᠦᠷ ᠲᠠᠢ ᠴᠠᠭᠠᠨ ᠥᠩᠭᠡ ᠶᠢᠨ  ᠨᠤᠨᠳᠠᠭ  ᠰᠠᠪᠠᠯᠠᠵᠠᠢ᠂ᠡᠩ ᠤᠨ ᠰᠦᠨ ᠲᠠᠯᠬ᠎ᠠ ᠶᠢᠨ ᠦᠨᠦᠷ ᠪᠢᠰᠢ ᠪᠣᠯᠬᠤᠷ ᠲᠡᠷᠡ ᠳᠠᠷᠤᠢ  ᠨᠢ ᠬᠤᠣᠷᠲᠤ ᠡᠳ᠋ ᠤᠨ  ᠲᠤᠷᠰᠢᠯᠲᠠ ᠶᠢᠨ  ᠴᠠᠭᠠᠰᠤ ᠪᠠᠷ ᠪᠠᠶᠢᠴᠠᠭᠠᠨ ᠰᠢᠯᠭᠠᠵᠤ ᠦᠵᠡᠬᠦ ᠳᠤ ᠺᠣᠺᠠᠶ᠋ᠢᠨ ᠪᠠᠶᠢᠵᠠᠢ᠃ ᠪᠠᠶᠢᠴᠠᠭᠠᠭᠰᠠᠨ ᠢᠶᠠᠷ᠂ ᠴᠧᠨ ᠣᠪᠣᠭᠲᠤ ᠶᠢᠨ  ᠬᠤᠶᠠᠷ  ᠠᠴᠢᠶᠠᠨ ‍ᠤ‌ᠠᠪᠳᠠᠷ᠎ᠠ ᠳᠤ ᠺᠣᠺᠠᠶ᠋ᠢᠨ ᠤ ᠨᠤᠨᠳᠠᠭ ᠠᠭᠤᠯᠤᠭᠰᠠᠨ 30 ᠰᠦᠨ ᠲᠠᠯᠬ᠎ᠠ ᠶᠢᠨ ᠰᠠᠪᠠ ᠰᠠᠪᠠᠯᠠᠵᠤ᠂ ᠺᠣᠺᠠᠶ᠋ᠢᠨ ᠤ  ᠠᠭᠤᠯᠤᠭᠳᠠᠴᠠ ᠨᠢ 57.5%  ᠠᠴᠠ 59.4% ᠬᠦᠷᠲᠡᠯ᠎ᠡ ᠠᠳᠠᠯᠢ ᠪᠤᠰᠤ᠂ ᠴᠡᠪᠡᠷ ᠬᠦᠨᠳᠦ  ᠨᠢ 24138.7 ᠭᠷᠡᠮ ᠳᠤ  ᠬᠦᠷᠴᠦ᠂  24 ᠺᠢᠯᠣᠭ᠍ᠷᠠᠮ  ᠠᠴᠠ ᠬᠡᠲᠦᠷᠡᠵᠡᠢ᠃ ᠴᠧᠨ ᠣᠪᠣᠭᠲᠤ ᠲᠤᠬᠠᠢ  ᠶᠢᠨ ᠲᠠᠯᠠᠪᠤᠷ ᠲᠤ ᠪᠠᠷᠢᠭᠳᠠᠵᠤ᠂ ᠬᠤᠣᠷᠲᠤ ᠡᠳ᠋  ᠢ  ᠨᠢ ᠪᠦᠬᠦᠨ   ᠢᠶᠠᠷ ᠨᠢ ᠬᠤᠷᠢᠶᠠᠨ ᠠᠪᠴᠠᠢ᠃         
ᠢᠷᠡᠯᠲᠡ᠄ ᠳᠤᠮᠳᠠᠳᠤ ᠤᠯᠤᠰ ᠤᠨ ᠮᠣᠩᠭᠤᠯ ᠷᠠᠳᠢᠤ᠋ ᠰᠦᠯᠵᠢᠶ᠎ᠡ