ᠭᠤᠪᠢ  ᠶᠢᠨ ᠤᠯᠠᠭᠠᠨ ᠲᠡᠮᠡᠭᠡᠨ  ᠤ ᠨᠤᠲᠤᠭ ᠲᠤ ᠬᠤᠪᠢ  ᠶᠢᠨ ᠲᠡᠮᠡᠭᠡᠨ ᠨᠠᠶᠢᠷ ᠪᠤᠯᠤᠯ᠎ᠠ
ᠨᠡᠶᠢᠲᠡᠯᠡᠭᠰᠡᠨ ᠴᠠᠭ᠄
2023/3/22

        ᠤᠶᠢᠷ᠎ᠠ ᠳᠤ᠂ ᠳᠤᠮᠳᠠᠳᠤ ᠤᠯᠤᠰ ᠤᠨ ᠭᠤᠪᠢ ᠶᠢᠨ ᠤᠯᠠᠭᠠᠨ ᠲᠡᠮᠡᠭᠡᠨ ᠤ ᠨᠤᠲᠤᠭ ᠬᠡᠮᠡᠭᠳᠡᠭᠰᠡᠨ ᠤᠷᠠᠳ ᠤᠨ ᠬᠤᠶᠢᠲᠤ ᠬᠤᠰᠢᠭᠤᠨ ᠤ ᠮᠠᠯᠴᠢᠨ

ᠭᠠᠩᠪᠠᠭᠠᠲᠤᠷ ᠬᠤᠪᠢ  ᠶᠢᠨ ᠭᠡᠷ ᠲᠡᠭᠡᠨ ᠲᠡᠮᠡᠭᠡᠨ ᠤ ᠨᠠᠶᠢᠷ ᠬᠢᠵᠤ᠂ ᠤᠯᠠᠨ ᠲᠠᠶᠠᠭᠠᠷ ᠤᠨ ᠰᠡᠳᠬᠢᠯ ᠢ ᠬᠦᠭᠰᠡᠭᠡᠵᠦ᠂ ᠤᠯᠠᠭᠠᠨ ᠲᠡᠮᠡᠭᠡᠨ ᠤ ᠰᠣᠶᠣᠯ ᠢ

ᠭᠠᠶᠢᠬᠠᠭᠤᠯᠤᠯ᠎ᠠ᠃

        ᠲᠤᠰ ᠡᠳᠦᠷ ᠤᠨ ᠥᠷᠯᠥᠭᠡ᠂ ᠤᠷᠠᠳ ᠤᠨ ᠲᠠᠯ᠎ᠠ ᠨᠤᠲᠤᠭ ᠤᠨ ᠮᠠᠯᠴᠢᠳ ᠬᠡᠭᠡᠨᠴᠢᠷ ᠰᠠᠶᠢᠬᠠᠨ ᠲᠡᠪᠡᠯ ᠪᠦᠰᠡ ᠪᠠᠷ ᠢᠶᠠᠨ ᠭᠤᠶᠤᠵᠤ᠂ ᠲᠡᠮᠡᠭᠡ ᠪᠠᠨ

ᠤᠨᠤᠨ᠂ ᠭᠠᠩᠪᠠᠭᠠᠲᠤᠷ ᠤᠨ ᠬᠢᠨ  ᠤ ᠮᠠᠯᠵᠢᠯ ᠤᠨ ᠲᠠᠯᠠᠪᠠᠢ ᠳᠤ ᠬᠦᠷᠴᠦ ᠢᠷᠡᠯ᠎ᠡ᠃ ᠬᠦᠷᠦᠯᠴᠡᠨ ᠢᠷᠡᠭᠰᠡᠨ ᠮᠠᠯᠴᠢᠳ ᠲᠦᠷᠪᠡᠨ ᠳᠤᠭᠤᠶᠢᠯᠠᠩ ᠬᠤᠪᠢᠶᠠᠨ 3 

ᠺᠢᠯᠤᠮᠧᠲᠷ ᠂ 5 ᠺᠢᠯᠤᠮᠧᠲᠷ ᠂ 6  ᠺᠢᠯᠤᠮᠧᠲᠷ  ᠪᠤᠯᠤᠨ12  ᠺᠢᠯᠤᠮᠧᠲᠷ  ᠤᠨ ᠬᠤᠷᠲᠤᠨ ᠲᠡᠮᠡᠭᠡᠨ  ᠤ ᠤᠷᠤᠯᠳᠤᠭᠠᠨ ᠳᠤ ᠣᠷᠣᠯᠴᠠᠵᠤ᠂  ᠬᠦᠴᠦ ᠰᠠᠶᠢᠲᠠᠢ

ᠲᠡᠮᠡᠭᠡᠳ ᠨᠢ ᠰᠦᠷ ᠰᠦᠯᠲᠡ ᠲᠠᠢ ᠤᠨᠤᠭᠠᠴᠢᠳ ᠤᠨ ᠢᠶᠠᠨ ᠴᠤᠭ ᠵᠢᠪᠬᠤᠭ᠎ᠠ ᠶᠢ ᠤᠷᠤᠯᠲᠤᠭᠠᠨ ᠢᠶᠠᠷ ᠲᠠᠮᠵᠢᠨ  ᠬᠠᠷᠠᠭᠤᠯᠤᠯ᠎ᠠ᠃

       ᠢᠳᠡ ᠬᠦᠴᠦᠲᠠᠢ ᠶᠠᠪᠤᠭᠲᠠᠵᠤ ᠪᠠᠶᠢᠭ᠎ᠠ ᠲᠡᠮᠡᠭᠡ ᠤᠷᠤᠯᠲᠤᠬᠤ ᠨᠢ ᠲᠡᠮᠡᠭᠡᠨ ᠨᠠᠶᠢᠷ  ᠤᠨ ᠠᠭᠤᠷ ᠠᠮᠢᠰᠬᠤᠯ  ᠢ ᠬᠦᠭᠵᠢᠭᠡᠵᠦ᠂ ᠲᠡᠮᠡᠭᠡ ᠤᠷᠤᠯᠲᠤᠵᠤ

ᠲᠠᠭᠤᠰᠤᠭᠰᠠᠨ ᠤ ᠲᠠᠷᠠᠭ᠎ᠠ ᠮᠠᠯᠴᠢᠳ ᠴᠦᠮ ᠬᠦᠭᠡᠷᠦᠯᠲᠤᠨ᠂ ᠬᠠᠮᠲᠤ ᠪᠠᠷ ᠲᠡᠮᠡᠭᠡ ᠵᠤᠭᠲᠤᠷᠯᠠᠬᠤ ᠂ ᠲᠡᠮᠡᠭᠡ ᠨᠤᠤᠰᠤᠯᠠᠬᠤ᠂ ᠲᠡᠮᠡᠭᠡ ᠲᠠᠮᠠᠭᠠᠯᠠᠬᠤ ᠵᠡᠷᠭᠡ

ᠠᠵᠢᠯ ᠤᠳ ᠢ ᠶᠠᠭᠠᠷᠠᠯᠲᠠᠢ ᠬᠢᠬᠦ ᠶᠢᠨ ᠲᠠᠭᠠᠤ ᠭᠤᠪᠢ ᠶᠢᠨ ᠤᠯᠠᠭᠠᠨ ᠲᠡᠮᠡᠭᠡ ᠶᠢ ᠶᠠᠭᠠᠬᠢᠵᠤ ᠭᠦᠭᠵᠢᠭᠦᠯᠬᠦ ᠲᠤᠬᠠᠢ ᠤᠷᠮ᠎ᠠ ᠲᠠᠢ ᠶᠠᠷᠢᠯᠴᠠᠵᠤ ᠪᠠᠶᠢᠯ᠎ᠠ᠃

      ᠣᠶᠢᠯᠠᠭᠠᠭᠰᠠᠨ ᠢᠶᠠᠷ᠂ ᠭᠠᠩᠪᠠᠭᠠᠲᠤᠷ ᠤᠨ ᠪᠠᠶᠢᠭ᠎ᠠ ᠤᠷᠠᠳ ᠤᠨ ᠬᠤᠶᠢᠲᠤ ᠬᠤᠰᠢᠭᠤᠨ ᠤ ᠴᠤᠬᠠᠦ᠋ᠨᠲᠦᠷ ᠪᠠᠯᠭᠠᠰᠤ ᠨᠢ ᠭᠤᠪᠢ ᠶᠢᠨ ᠤᠯᠠᠭᠠᠨ ᠲᠡᠮᠡᠭᠡ

ᠲᠡᠵᠢᠭᠡᠨ ᠦᠷᠡᠵᠢᠭᠦᠯᠬᠦ ᠲᠣᠮᠣ ᠪᠠᠯᠭᠠᠰᠤ ᠪᠣᠯᠣᠨ᠎ᠠ᠃ ᠲᠤᠰ ᠪᠠᠯᠭᠠᠰᠤᠨ ᠤ ᠣᠯᠠᠩᠬᠢ ᠮᠠᠯᠴᠢᠳ ᠴᠦᠮ ᠲᠡᠮᠡᠭᠡ ᠦᠰᠭᠡᠵᠤ᠂ ᠪᠠᠭ᠎ᠠ ᠳᠠᠭᠠᠨ ᠬᠡᠲᠦᠨ ᠠᠷᠪᠠᠨ ᠲᠡᠮᠡᠭᠡ

 ᠲᠠᠢ ᠪᠠᠶᠢᠵᠤ᠂ ᠶᠡᠭᠡ ᠳᠡᠭᠡᠨ ᠬᠤᠶᠠᠷ ᠵᠠᠭᠤ ᠭᠠᠷᠤᠢ ᠲᠡᠮᠡᠭᠡ ᠲᠠᠢ ᠶᠤᠮ᠃

       ︽ᠲᠠᠯ᠎ᠠ ᠨᠤᠲᠤᠭ ᠤᠨ ᠮᠠᠯᠴᠢᠳ ᠡᠭᠦᠷᠢᠲᠡ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠬᠤ ᠰᠠᠶᠢᠨ ᠰᠠᠶᠢᠬᠠᠨ ᠤᠯᠠᠮᠵᠢᠯᠠᠯᠲᠠ ᠲᠠᠳᠬᠠᠯ ᠲᠠᠢ ᠪᠠᠶᠢᠳᠠᠭ᠂

ᠬᠠᠪᠤᠷ ᠡᠪᠦᠯ ᠤᠨ ᠴᠠᠭ ᠲᠤ ᠣᠯᠠᠨ ᠢᠶᠠᠷ ᠢᠶᠠᠨ ᠡᠭᠡᠯᠵᠢᠯᠡᠨ ᠲᠡᠮᠡᠭᠡᠨ ᠨᠠᠶᠢᠷ ᠬᠢᠬᠦ ᠬᠡᠯᠪᠡᠷᠢ ᠪᠠᠷ ᠬᠠᠮᠲᠤ ᠪᠠᠷ ᠠᠵᠤ ᠦᠢᠯᠡᠳᠪᠦᠷᠢᠯᠡᠯ ᠢ ᠠᠳᠬᠤᠵᠤ᠂ ᠲᠡᠮᠡᠭᠡᠨ

ᠰᠣᠶᠣᠯ ᠢ ᠬᠠᠮᠲᠤ  ᠳᠠᠭᠠᠨ ᠤᠯᠠᠮᠵᠢᠯᠠᠨ  ᠪᠠᠲᠠᠷᠠᠭᠤᠯᠬᠤ ᠨᠢ ᠶᠡᠭᠡ ᠤᠳᠬ᠎ᠠ ᠠᠭᠤᠯᠭ᠎ᠠ ᠲᠠᠢ ᠶᠤᠮ︾ ᠭᠡᠵᠤ ᠲᠤᠰ ᠤᠲᠠᠭᠠᠨ  ᠤ ᠲᠡᠮᠡᠭᠡᠨ ᠨᠠᠶᠢᠷ ᠢ ᠵᠤᠬᠢᠶᠠᠨ

ᠪᠠᠶᠢᠭᠤᠯᠤᠭᠰᠠᠨ ᠭᠠᠩᠪᠠᠭᠠᠲᠤᠷ ᠭᠤᠸᠠᠢ ᠰᠤᠷᠪᠤᠯᠵᠢᠯᠠᠭᠴᠢ ᠳᠤ ᠬᠡᠯᠡᠵᠤ ᠪᠠᠶᠢᠯ᠎ᠠ᠃

                                                      ᠠᠨᠠᠷ   ᠤᠶᠤᠠᠲᠠᠨ᠎ᠠ   ᠪᠤᠤ ᠤᠯᠠᠭᠠᠨ

 

ᠢᠷᠡᠯᠲᠡ᠄ ᠤᠷᠠᠳ ᠤᠨ ᠬᠤᠶᠢᠳᠤ ᠬᠤᠰᠢᠭᠤᠨ ᠤ ᠬᠠᠮ ᠵᠠᠭᠤᠴᠢᠯᠠᠭᠤᠷ ᠤᠨ ᠲᠦᠪ