ᠭᠠᠨ ᠷᠦᠩ ᠺᠦᠨ ᠢ ᠬᠤᠭᠤᠴᠠᠭ᠎ᠠ ᠦᠭᠡᠢ ᠬᠤᠷᠢᠬᠤ ᠡᠷᠡᠭᠦᠦ ᠪᠠᠷ ᠰᠢᠢᠳᠬᠡᠪᠡ
ᠨᠡᠶᠢᠲᠡᠯᠡᠭᠰᠡᠨ ᠴᠠᠭ᠄
2023/12/30
      2023 ᠣᠨ ᠤ 12 ᠰᠠᠷ᠎ᠠ ᠶᠢᠨ 27 ᠤ ᠡᠳᠦᠷ᠂ ᠵᠢᠶᠠᠩᠰᠤ ᠮᠤᠵᠢ ᠶᠢᠨ  ᠴᠠᠩᠵᠸᠦ  ᠬᠤᠲᠠ ᠶᠢᠨ  ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶ᠎ᠠ ᠨᠢᠭᠡᠳᠦᠭᠡᠷ ᠰᠢᠭᠦᠯᠲᠡ ᠳᠤ  ᠾᠧᠨᠠᠨ  ᠮᠤᠵᠢ ᠶᠢᠨ  ᠨᠠᠮ ᠤᠨ  ᠬᠤᠷᠢᠶᠠᠨ ᠤ  ᠤᠤᠯ ᠤᠨ ᠪᠠᠶᠢᠩᠭᠤ ᠶᠢᠨ ᠭᠡᠰᠢᠭᠦᠨ᠂ ᠤᠯᠤᠰ ᠲᠥᠷᠥ ᠬᠠᠤᠯᠢ ᠴᠠᠭᠠᠵᠠ ᠶᠢᠨ ᠬᠤᠷᠢᠶᠠᠨ ᠤ ᠤᠤᠯ ᠤᠨ  ᠱᠦᠵᠢ  ᠭᠠᠨ  ᠷᠦᠩ  ᠺᠦᠨ ᠤ ᠠᠪᠯᠢᠭᠠᠯᠠᠭᠰᠠᠨ ᠬᠡᠷᠡᠭ ᠤᠨ ᠲᠠᠰᠤᠯᠤᠯᠲᠠ ᠶᠢ ᠢᠯᠡ ᠪᠠᠷ ᠵᠠᠷᠯᠠᠵᠤ᠂ ᠵᠠᠭᠠᠯᠳᠤᠭᠳᠠᠭᠴᠢ ᠭᠠᠨ  ᠷᠦᠩ  ᠺᠦᠨ ᠢ  ᠠᠪᠯᠢᠭᠠᠯᠠᠭᠰᠠᠨ ᠶᠠᠯ᠎ᠠ ᠪᠠᠷ ᠬᠤᠭᠤᠴᠠᠭ᠎ᠠ ᠦᠭᠡᠢ ᠬᠤᠷᠢᠬᠤ ᠡᠷᠡᠭᠦᠦ ᠪᠠᠷ ᠰᠢᠢᠳᠬᠡᠵᠦ᠂ ᠤᠯᠤᠰ ᠲᠥᠷᠥ ᠶᠢᠨ ᠡᠷᠬᠡ ᠶᠢ  ᠨᠢ ᠨᠠᠰᠤᠨ ᠲᠤᠷᠰᠢ  ᠳᠤᠨᠢ ᠬᠠᠰᠤᠵᠤ᠂ ᠬᠤᠪᠢ ᠬᠥᠮᠥᠨ ᠤ ᠪᠥᠬᠦ ᠡᠳ᠋ ᠬᠥᠷᠥᠩᠭᠡ ᠶᠢ  ᠨᠢ ᠬᠤᠷᠢᠶᠠᠨ ᠠᠪᠬᠤ ᠪᠠᠷ ᠨᠡᠶᠢᠯᠡᠭᠦᠯᠦᠨ ᠰᠢᠢᠳᠬᠡᠪᠡ︔ ᠭᠠᠨ ᠷᠦᠩ ᠺᠦᠨ ᠤ ᠠᠪᠯᠢᠭᠠᠯᠠᠭᠰᠠᠨ ᠶᠠᠯᠠᠲᠤ ᠠᠵᠢᠯᠯᠠᠭ᠎ᠠ ᠬᠢᠵᠦ ᠣᠯᠣᠭᠰᠠᠨ  ᠠᠰᠢᠭ  ᠣᠯᠵᠠᠪᠤᠷᠢ  ᠵᠢᠴᠢ  ᠦᠷᠡᠵᠢᠯ  ᠬᠦᠦ ᠶᠢ  ᠬᠠᠤᠯᠢ ᠶᠣᠰᠣᠭᠠᠷ ᠨᠡᠬᠡᠮᠵᠢᠯᠡᠨ ᠲᠤᠰᠢᠶᠠᠯᠭᠠᠵᠤ᠂ ᠤᠯᠤᠰ ᠤᠨ ᠰᠠᠩ ᠳᠤ ᠲᠤᠰᠢᠶᠠᠪᠠ᠃ 

      ᠰᠢᠭᠦᠬᠦ ᠪᠠᠷ ᠳᠠᠮᠵᠢᠭᠠᠳ ᠪᠠᠶᠢᠴᠠᠭᠠᠨ ᠲᠣᠳᠣᠯᠠᠭᠰᠠᠨ   ᠨᠢ᠄  1999  ᠣᠨ ᠠᠴᠠ  2021  ᠣᠨ  ᠪᠣᠯᠲᠠᠯ᠎ᠠ᠂ᠵᠠᠭᠠᠯᠳᠤᠭᠳᠠᠭᠴᠢ ᠭᠠᠨ ᠷᠦᠩ ᠺᠦᠨ 

ᠪᠣᠭᠤᠮᠲᠠ ᠶᠢᠨ ᠶᠡᠷᠦᠩᠬᠡᠢ ᠵᠠᠬᠢᠷᠭ᠎ᠠ ᠶᠢᠨ ᠡᠳ᠋ ᠤᠨ  ᠶᠠᠪᠤᠳᠠᠯ ᠤᠨ  ᠰᠢᠨᠵᠢᠯᠡᠬᠦ  ᠤᠬᠠᠭᠠᠨ ᠮᠡᠷᠭᠡᠵᠢᠯ ᠤᠨ ᠵᠤᠷᠭᠠᠨ ᠤ ᠳᠡᠳ᠋ ᠳᠠᠷᠤᠭ᠎ᠠ᠂ ᠡᠳ᠋ ᠤᠨ  ᠶᠠᠪᠤᠳᠠᠯ ᠤᠨ  

ᠲᠣᠨᠣᠭᠯᠠᠯ ᠤᠨ  ᠵᠤᠷᠭᠠᠨ ᠤ  ᠳᠠᠷᠤᠭ᠎ᠠ᠂  ᠦᠨᠳᠦᠰᠦᠨ ᠪᠦᠲᠦᠭᠡᠨ ᠪᠠᠶᠢᠭᠤᠯᠤᠯᠲᠠ ᠶᠢᠨ ᠠᠯᠪᠠᠨ ᠭᠡᠷ ᠤᠨ ᠡᠷᠬᠢᠯᠡᠭᠴᠢ᠂ ᠪᠡᠭᠡᠵᠢᠩ ᠤᠨ ᠪᠣᠭᠤᠮᠲᠠ ᠶᠢᠨ ᠳᠠᠷᠤᠭ᠎ᠠ᠂ 

ᠬᠤᠪᠧᠢ ᠮᠤᠵᠢ   ᠶᠢᠨ ᠳᠡᠳ᠋ ᠳᠠᠷᠤᠭ᠎ᠠ᠂ ᠬᠠᠷᠠᠮᠥ᠋ᠷᠡᠨ ᠮᠤᠵᠢ  ᠶᠢᠨ ᠨᠠᠮ ᠤᠨ ᠬᠤᠷᠢᠶᠠᠨ ᠤ ᠪᠠᠶᠢᠩᠭᠤ  ᠶᠢᠨ ᠭᠡᠰᠢᠭᠦᠨ᠂ ᠤᠯᠤᠰ ᠲᠥᠷᠥ ᠬᠠᠤᠯᠢ ᠴᠠᠭᠠᠵᠠ ᠶᠢᠨ 

ᠬᠤᠷᠢᠶᠠᠨ ᠤ ᠱᠦᠵᠢ᠂ ᠾᠧᠨᠠᠨ ᠮᠤᠵᠢ  ᠶᠢᠨ ᠨᠠᠮ ᠤᠨ ᠬᠤᠷᠢᠶᠠᠨ ᠤ ᠪᠠᠶᠢᠩᠭᠤ  ᠶᠢᠨ ᠭᠡᠰᠢᠭᠦᠨ᠂ ᠤᠯᠤᠰ  ᠲᠥᠷᠥ  ᠬᠠᠤᠯᠢ ᠴᠠᠭᠠᠵᠠ  ᠶᠢᠨ ᠬᠤᠷᠢᠶᠠᠨ ᠤ ᠱᠦᠵᠢ 

ᠵᠡᠷᠭᠡ ᠲᠤᠰᠢᠶᠠᠯ ᠢ ᠡᠭᠦᠷᠭᠡᠯᠡᠵᠦ᠂ ᠲᠤᠰᠢᠶᠠᠯ ᠤᠨ ᠲᠠᠯ᠎ᠠ ᠪᠠᠷ  ᠬᠢ ᠳᠥᠭᠦᠮ ᠨᠥᠬᠦᠴᠡᠯ ᠵᠢᠴᠢ ᠡᠷᠬᠡ ᠲᠤᠰᠢᠶᠠᠯ᠂ ᠪᠠᠶᠢᠷᠢ ᠰᠠᠭᠤᠷᠢ  ᠠᠴᠠ ᠪᠤᠶ ᠪᠣᠯᠤᠭᠰᠠᠨ ᠳᠥᠭᠦᠮ 

ᠨᠥᠬᠦᠴᠡᠯ ᠢᠶᠠᠨ ᠠᠰᠢᠭᠯᠠᠨ ᠪᠤᠰᠤᠳ ᠬᠥᠮᠥᠨ ᠤ ᠪᠠᠷᠢᠯᠭ᠎ᠠ‌‍ᠶᠢᠨ ᠠᠵᠢᠯ ᠳᠠᠭᠠᠭᠠᠴᠢᠯᠠᠬᠤ᠂ ᠠᠵᠤ ᠠᠬᠤᠶᠢᠯᠠᠯ ᠤᠨ ᠡᠵᠡᠩᠨᠡᠯᠲᠡ᠂ ᠬᠡᠷᠡᠭ   ᠢ  ᠰᠢᠢᠳᠪᠦᠷᠢᠯᠡᠬᠦ  ᠵᠡᠷᠭᠡ 

ᠤᠴᠢᠷ  ᠶᠠᠪᠤᠳᠠᠯ ᠳᠤ ᠬᠠᠪᠰᠤᠷᠤᠯᠭ᠎ᠠ ᠦᠵᠡᠭᠦᠯᠵᠦ᠂ ᠰᠢᠭᠤᠳ  ᠪᠤᠶᠤ  ᠪᠤᠰᠤᠳ  ᠬᠥᠮᠥᠨ   ᠢᠶᠠᠷ  ᠳᠠᠮᠵᠢᠭᠤᠯᠤᠨ  ᠬᠠᠤᠯᠢ  ᠪᠤᠰᠤ ᠪᠠᠷ 1.66 ᠳ᠋ᠦᠩᠰᠢᠭᠤᠷ 

ᠭᠠᠷᠤᠢ ᠲᠥᠭᠦᠷᠢᠭ ᠤᠨ ᠵᠣᠭᠤᠰ ᠮᠥᠩᠭᠦ ᠡᠳ᠋ ᠪᠣᠳᠠᠰ  ᠢ ᠬᠦᠯᠢᠶᠡᠨ ᠠᠪᠤᠭᠰᠠᠨ ᠪᠠᠶᠢᠨ᠎ᠠ᠃ 

      ᠴᠠᠩᠵᠸᠦ ᠬᠤᠲᠠ  ᠶᠢᠨ ᠠᠷᠠᠳ ᠤᠨ ᠳᠤᠮᠳᠠ ᠵᠡᠷᠭᠡ  ᠶᠢᠨ ᠰᠢᠭᠦᠬᠦ  ᠬᠤᠷᠢᠶᠠᠨ ᠤ ᠦᠵᠡᠬᠦ ᠪᠠᠷ᠂  ᠵᠠᠭᠠᠯᠳᠤᠭᠳᠠᠭᠴᠢ ᠭᠠᠨ ᠷᠦᠩ ᠺᠦᠨ ᠤ ᠦᠢᠯᠡ 

ᠠᠵᠢᠯᠯᠠᠭ᠎ᠠ  ᠨᠢ ᠠᠪᠯᠢᠭᠠᠯᠠᠭᠰᠠᠨ ᠶᠠᠯ᠎ᠠ ᠪᠣᠯᠵᠤ ᠪᠦᠷᠢᠯᠳᠦᠭᠰᠡᠨ ᠪᠥᠭᠡᠳ ᠠᠪᠯᠢᠭᠠᠯᠠᠭᠰᠠᠨ  ᠲᠤᠭ᠎ᠠ ᠬᠡᠮᠵᠢᠶ᠎ᠡ  ᠨᠢ ᠣᠨᠴᠠᠭᠠᠶ ᠯᠤᠲᠤ ᠶᠡᠭᠡ᠂ ᠤᠯᠤᠰ ᠣᠷᠣᠨ ᠪᠠ 

ᠠᠷᠠᠳ ᠲᠦᠮᠡᠨ ᠤ ᠠᠰᠢᠭ ᠲᠤᠰᠠ ᠳᠤ ᠣᠨᠴᠠᠭᠠᠶ  ᠬᠦᠨᠳᠦ  ᠶᠡᠭᠡ ᠬᠤᠬᠢᠷᠠᠯ ᠤᠴᠠᠷᠠᠭᠤᠯᠤᠭᠰᠠᠨ ᠪᠣᠯᠬᠤᠷ ᠬᠠᠤᠯᠢ ᠶᠣᠰᠣᠭᠠᠷ ᠴᠢᠩᠭ᠎ᠠ ᠰᠢᠢᠳᠬᠡᠬᠦ ᠬᠡᠷᠡᠭᠲᠡᠢ᠃  

ᠭᠠᠨ  ᠷᠦᠩ  ᠺᠦᠨ  ᠰᠢᠭᠦᠬᠦ ᠳᠤ ᠬᠦᠷᠦᠭᠰᠡᠨ ᠤ ᠲᠠᠷᠠᠭ᠎ᠠ ᠥᠪᠡᠷ ᠤᠨ ᠶᠠᠯᠠᠲᠤ ᠠᠵᠢᠯᠯᠠᠭ᠎ᠠ ᠪᠠᠨ ᠦᠨᠡᠨ ᠮᠥᠨ ᠢᠶᠠᠷ   ᠨᠢ  ᠥᠴᠢᠭᠯᠡᠵᠦ᠂  ᠬᠢᠨᠠᠨ  ᠪᠠᠶᠢᠴᠠᠭᠠᠬᠤ

ᠪᠠᠶᠢᠭᠤᠯᠭ᠎ᠠ ᠶᠢᠨ ᠬᠠᠷᠠᠬᠠᠨ ᠡᠵᠡᠮᠰᠢᠭᠡ ᠦᠭᠡᠢ ᠣᠯᠠᠩᠬᠢ ᠶᠠᠯᠠᠲᠤ ᠬᠡᠷᠡᠭ ᠤᠨ ᠪᠣᠳᠠᠲᠤ ᠶᠠᠪᠤᠳᠠᠯ ᠢᠶᠠᠨ ᠰᠠᠨᠠᠭᠠᠴᠢᠯᠠᠭ᠎ᠠ ᠠᠴᠠ ᠪᠠᠨ ᠲᠤᠰᠢᠶᠠᠪᠠ︔ ᠪᠤᠰᠤᠳ ᠤᠨ 

ᠶᠠᠯᠠᠲᠤ ᠠᠵᠢᠯᠯᠠᠭ᠎ᠠ ᠶᠢ ᠢᠯᠡᠴᠢᠯᠡᠨ ᠮᠡᠳᠡᠭᠦᠯᠵᠦ᠂ ᠪᠠᠶᠢᠴᠠᠭᠠᠨ ᠲᠣᠳᠣᠯᠠᠭᠰᠠᠨ ᠤ ᠳᠠᠷᠠᠭ᠎ᠠ  ᠦᠨᠡᠨ ᠪᠣᠳᠠᠲᠠᠢ ᠶᠢ ᠭᠡᠷᠡᠴᠢᠯᠡᠭᠰᠡᠨ ᠪᠣᠯᠬᠤᠷ ᠭᠠᠪᠢᠶ᠎ᠠ ᠪᠠᠶᠢᠭᠤᠯᠤᠭᠰᠠᠨ 

ᠢᠯᠡᠷᠡᠯ ᠲᠠᠢ︔ ᠶᠠᠯ᠎ᠠ ᠪᠠᠨ ᠮᠡᠳᠡᠷᠡᠵᠦ  ᠶᠠᠯ᠎ᠠ ᠳᠠᠭᠠᠨ  ᠭᠡᠮᠰᠢᠨ᠂ ᠪᠤᠵᠠᠷ  ᠡᠳ᠋ ᠢᠶᠠᠨ  ᠢᠳᠡᠪᠬᠢᠲᠡᠢ ᠪᠠᠷ  ᠪᠤᠴᠠᠭᠠᠪᠠ᠂  ᠪᠤᠵᠠᠷ  ᠵᠣᠭᠤᠰ  ᠪᠤᠵᠠᠷ  ᠡᠳ᠋ ᠢ  ᠨᠢᠭᠡᠨᠲᠡ  

ᠪᠦᠬᠦᠨ ᠢ ᠨᠡᠬᠡᠮᠵᠢᠯᠡᠨ ᠲᠤᠰᠢᠶᠠᠯᠭᠠᠪᠠ᠂ ᠲᠡᠭᠦᠨ ᠢ ᠬᠠᠤᠯᠢ ᠶᠣᠰᠣᠭᠠᠷ ᠬᠥᠩᠭᠡᠨ ᠢᠶᠠᠷ ᠰᠢᠢᠳᠬᠡᠵᠦ  ᠪᠣᠯᠣᠨ᠎ᠠ᠃  ᠢᠩᠭᠢᠭᠡᠳ  ᠰᠢᠭᠦᠬᠦ  ᠲᠢᠩᠬᠢᠮ ᠠᠴᠠ ᠳᠡᠭᠡᠷ᠎ᠡ 

ᠳᠤᠷᠠᠳᠤᠭᠰᠠᠨ ᠰᠢᠭᠦᠨ ᠲᠠᠰᠤᠯᠤᠯᠲᠠ ᠶᠢ ᠭᠠᠷᠭᠠᠵᠠᠢ᠃     

   

 

 

ᠢᠷᠡᠯᠲᠡ᠄ ᠠᠷᠠᠳ ᠤᠨ ᠰᠦᠯᠵᠢᠶ᠎ᠡ