ᠨᠠᠮ ᠵᠠᠰᠠᠭ ᠤᠨ 180 ᠤᠳᠤᠷᠢᠳᠬᠤ ᠺᠠᠳ᠋ᠷ ᠠᠴᠠ ᠬᠠᠷᠢᠭᠤᠴᠠᠯᠭ᠎ᠠ ᠨᠡᠬᠡᠮᠵᠢᠯᠡᠪᠡ︕
ᠨᠡᠶᠢᠲᠡᠯᠡᠭᠰᠡᠨ ᠴᠠᠭ᠄
2023/12/30
        ᠭᠤᠷᠪᠠᠳᠤᠭᠠᠷ ᠡᠭᠡᠯᠵᠢ ᠶᠢᠨ ᠲᠦᠷᠦᠭᠦᠦ ᠪᠦᠯᠦᠭ ᠲᠥᠪ ᠤᠨ ᠠᠮᠢ ᠠᠬᠤᠶ ᠣᠷᠴᠢᠨ ᠲᠤᠭᠤᠷᠢᠨ  ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ ᠳᠤᠭᠤᠶᠢᠯᠠᠩ  ᠨᠢ ᠣᠳᠣ ᠶᠠᠭ 5 ᠮᠤᠵᠢ ᠳᠤ ᠱᠠᠯᠠᠪᠳᠠᠭᠤᠯᠤᠨ ᠪᠠᠶᠢᠴᠠᠭᠠᠯᠲᠠ  ᠬᠢᠵᠦ  ᠪᠠᠶᠢᠨ᠎ᠠ᠃ ᠠᠮᠢ ᠠᠬᠤᠶ ᠣᠷᠴᠢᠨ ᠲᠤᠭᠤᠷᠢᠨ  ᠤ ᠶᠠᠮᠤᠨ 22 ᠤᠨ ᠡᠳᠦᠷ᠂ 5  ᠮᠤᠵᠢ   ᠶᠢᠨ  ᠨᠠᠮ  ᠵᠠᠰᠠᠭ ᠤᠨ  234  ᠤᠳᠤᠷᠢᠳᠬᠤ ᠺᠠᠳ᠋ᠷ ᠲᠠᠢ ᠪᠣᠯᠵᠣᠨ ᠶᠠᠷᠢᠯᠴᠠᠵᠤ᠂ ᠨᠠᠮ ᠵᠠᠰᠠᠭ ᠤᠨ 180 ᠤᠳᠤᠷᠢᠳᠬᠤ  ᠺᠠᠳ᠋ᠷ ᠠᠴᠠ  ᠬᠠᠷᠢᠭᠤᠴᠠᠯᠭ᠎ᠠ  ᠨᠡᠬᠡᠮᠵᠢᠯᠡᠪᠡ  ᠭᠡᠵᠦ ᠵᠠᠷᠯᠠᠨ ᠮᠡᠳᠡᠭᠳᠡᠵᠠᠢ᠃

        ᠭᠤᠷᠪᠠᠳᠤᠭᠠᠷ ᠡᠭᠡᠯᠵᠢ ᠶᠢᠨ ᠲᠦᠷᠦᠭᠦᠦ ᠪᠦᠯᠦᠭ ᠲᠥᠪ ᠤᠨ ᠠᠮᠢ ᠠᠬᠤᠶ ᠣᠷᠴᠢᠨ ᠲᠤᠭᠤᠷᠢᠨ  ᠤ ᠬᠠᠮᠠᠭᠠᠯᠠᠯᠲᠠ ᠶᠢᠨ ᠱᠠᠯᠠᠪᠳᠠᠭᠤᠯᠤᠨ ᠪᠠᠶᠢᠴᠠᠭᠠᠬᠤ 5 

ᠳᠤᠭᠤᠶᠢᠯᠠᠩ  ᠨᠢ  11  ᠰᠠᠷ᠎ᠠ ᠶᠢᠨ  21 ᠤ  ᠡᠳᠦᠷ ᠠᠴᠠ  22 ᠤᠨ  ᠡᠳᠦᠷ  ᠪᠣᠯᠲᠠᠯ᠎ᠠ ᠹᠦᠵᠢᠶᠠᠨ᠂  ᠾᠧᠨᠠᠨ᠂  ᠬᠠᠶᠢᠨᠠᠨ᠂  ᠭᠠᠨᠰᠦ᠂  ᠬᠥᠬᠡᠨᠠᠭᠤᠷ  ᠵᠡᠷᠭᠡ  

ᠲᠠᠪᠤᠨ  ᠮᠤᠵᠢ ᠳᠤ  ᠵᠠᠯᠭᠠᠭ᠎ᠠ ᠪᠠᠷ   ᠱᠠᠯᠠᠪᠳᠠᠭᠤᠯᠤᠨ ᠪᠠᠶᠢᠴᠠᠭᠠᠯᠲᠠ ᠬᠢᠪᠡ᠃ 12 ᠰᠠᠷ᠎ᠠ ᠶᠢᠨ 18 ᠤ ᠣᠷᠣᠶ ᠪᠣᠯᠲᠠᠯ᠎ᠠ᠂ ᠡᠯ᠎ᠡ ᠱᠠᠯᠠᠪᠳᠠᠭᠤᠯᠤᠨ  ᠪᠠᠶᠢᠴᠠᠭᠠᠬᠤ  

ᠳᠤᠭᠤᠶᠢᠯᠠᠩ   ᠨᠢ ᠣᠯᠠᠨ ᠲᠦᠮᠡᠨ ᠤ ᠢᠷᠡᠭᠦᠯᠦᠭᠰᠡᠨ ᠤᠲᠠᠰᠤ᠂ ᠢᠷᠡᠭᠦᠯᠦᠭᠰᠡᠨ ᠵᠠᠬᠢᠳᠠᠯ ᠤᠨ ᠢᠯᠡᠴᠢᠯᠡᠨ ᠮᠡᠳᠡᠭᠦᠯᠦᠯᠲᠡ ᠶᠢ ᠨᠡᠶᠢᠲᠡ  16309ᠬᠤᠪᠢ ᠬᠤᠷᠢᠶᠠᠨ 

ᠣᠯᠵᠤ᠂  ᠬᠦᠴᠦᠨ  ᠪᠥᠬᠦᠶ  ᠢᠯᠡᠴᠢᠯᠡᠨ  ᠮᠡᠳᠡᠭᠦᠯᠦᠯᠲᠡ ᠶᠢ  13718  ᠬᠤᠪᠢ  ᠭᠥᠯᠢᠶᠡᠨ  ᠠᠪᠴᠤ ᠰᠢᠢᠳᠪᠦᠷᠢᠯᠡᠨ᠂ ᠳᠠᠪᠬᠤᠷᠳᠠᠭᠰᠠᠨ ᠢᠯᠡᠴᠢᠯᠡᠨ  

ᠮᠡᠳᠡᠭᠦᠯᠦᠯᠲᠡ ᠶᠢ  ᠡᠮᠬᠢᠯᠡᠨ  ᠨᠡᠶᠢᠯᠡᠭᠦᠯᠵᠦ  ᠪᠠᠶᠢᠭᠠᠳ  ᠬᠤᠯᠪᠣᠭᠳᠠᠯ  ᠪᠥᠬᠦᠶ‌ᠮᠤᠵᠢ ᠳᠤ ᠨᠡᠶᠢᠳᠡ11102 ᠬᠤᠪᠢ ᠰᠢᠯᠵᠢᠭᠦᠯᠦᠨ ᠥᠭᠴᠦ ᠰᠢᠢᠳᠪᠦᠷᠢᠯᠡᠭᠦᠯᠪᠡ᠃

 ᠬᠤᠯᠪᠣᠭᠳᠠᠯ ᠪᠦᠬᠦᠢ ᠮᠤᠵᠢ   ᠶᠢᠨ   ᠬᠢᠨ ᠨᠢᠭᠡᠨᠲᠡ 5222 ᠬᠡᠷᠡᠭ ᠢ ᠰᠢᠢᠳᠪᠦᠷᠢᠯᠡᠵᠦ  ᠳᠠᠭᠤᠰᠬᠠᠭᠰᠠᠨ  ᠪᠤᠶᠤ  ᠱᠠᠳᠤ  ᠬᠤᠪᠢᠶᠠᠨ  ᠰᠢᠢᠳᠪᠦᠷᠢᠯᠡᠵᠦ  

ᠳᠠᠭᠤᠰᠬᠠᠪᠠ᠂ ᠡᠭᠦᠨ ᠳᠤ 608 ᠬᠤᠪᠢ ᠶᠢ ᠨᠢ ᠬᠡᠷᠡᠭ ᠪᠣᠯᠭᠠᠨ ᠲᠠᠩᠰᠠᠯᠠᠵᠤ ᠰᠢᠢᠳᠭᠡᠨ ᠲᠣᠷᠭᠠᠵᠤ᠂ 43  ᠬᠤᠪᠢ ᠶᠢ ᠨᠢ  ᠬᠡᠷᠡᠭ  ᠪᠣᠯᠭᠠᠨ ᠲᠠᠩᠰᠠᠯᠠᠵᠤ ᠲᠠᠩᠨᠠᠨ 

ᠪᠠᠶᠢᠴᠠᠭᠠᠪᠠ︔  ᠨᠠᠮ  ᠵᠠᠰᠠᠭ ᠤᠨ  234  ᠤᠳᠤᠷᠢᠳᠬᠤ  ᠺᠠᠳ᠋ᠷ ᠲᠠᠢ  ᠪᠣᠯᠵᠣᠨ  ᠶᠠᠷᠢᠯᠴᠠᠵᠤ᠂  ᠨᠠᠮ ᠵᠠᠰᠠᠭ ᠤᠨ 180 ᠤᠳᠤᠷᠢᠳᠬᠤ ᠺᠠᠳ᠋ᠷ ᠠᠴᠠ 

ᠬᠠᠷᠢᠭᠤᠴᠠᠯᠭ᠎ᠠ ᠨᠡᠬᠡᠮᠵᠢᠯᠡᠪᠡ᠃    

 

 

ᠢᠷᠡᠯᠲᠡ᠄ ᠠᠷᠠᠳ ᠤᠨ ᠰᠦᠯᠵᠢᠶ᠎ᠠ