ᠠᠩᠭ᠍ᠯᠢ ᠶᠢᠨ ᠺᠠᠮᠪᠷᠢᠵ ᠶᠡᠭᠡ ᠰᠤᠷᠭᠠᠭᠤᠯᠢ ᠶᠢᠨ | ᠰᠢᠨᠵᠢᠯᠡᠬᠦ ᠤᠬᠠᠭᠠᠨᠲᠠᠳ ᠤᠨ ᠬᠢᠭᠰᠡᠨ 28 ᠲᠦᠮᠡᠨ ᠬᠥᠮᠦᠨ ᠳᠤ | ᠬᠠᠨᠳᠤᠭᠤᠯᠤᠭᠰᠠᠨ ᠨᠢᠭᠡᠨ ᠵᠠᠳᠠᠯᠤᠯᠲᠠ ᠳᠤ | ᠢᠯᠡᠷᠡᠭᠦᠯᠦᠭᠰᠡᠨ ᠢᠶᠠᠷ᠂ ᠡᠷᠡᠭᠦᠯ ᠴᠢᠭᠢᠷᠠᠭ ᠠᠮᠢᠳᠤᠷᠠᠯ ᠤᠨ | ᠬᠡᠪ ᠮᠠᠶ᠋ᠢᠭ ᠢ ᠪᠠᠲᠤᠯᠠᠬᠤ ᠨᠢ ᠬᠥᠮᠦᠰ ᠤᠨ ᠭᠠᠨᠭ᠍ᠰᠠᠷᠠᠬᠤ | ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ 57 % ᠪᠠᠷ | ᠪᠠᠭᠤᠷᠠᠭᠤᠯᠵᠤ ᠪᠣᠯᠤᠨ᠎ᠠ ᠭᠡᠵᠡᠢ᠃ | ᠰᠤᠳᠤᠯᠭᠠᠨ ᠤ ᠪᠦᠯᠬᠦᠮ ᠤᠨ ᠬᠢᠨ ᠠᠩᠭ᠍ᠯᠢ ᠶᠢᠨ 28 ᠲᠦᠮᠡ | ᠭᠠᠷᠤᠶ ᠨᠠᠰᠤᠨ ᠳᠤ ᠬᠦᠷᠦᠭᠰᠡᠳ ᠤᠨ ᠰᠫᠢᠷᠲ ᠪᠣᠯᠤᠨ | ᠨᠢᠺᠣᠲ᠋ᠢᠨ ᠤ ᠬᠡᠷᠡᠭᠯᠡᠯᠲᠡ᠂ ᠪᠡᠶ᠎ᠡ ᠶᠢᠨ ᠲᠠᠮᠢᠷ ᠤᠨ | ᠬᠥᠳᠡᠯᠭᠡᠭᠡᠨ᠂ ᠢᠳᠡᠭᠡᠨ ᠤᠮᠳᠠᠭᠠᠨ᠂ ᠨᠦᠢᠷ ᠪᠣᠯᠤᠨ ᠬᠥᠮᠦᠰ ᠤᠨ | ᠬᠠᠷᠢᠴᠠᠭᠠᠨ ᠤ ᠲᠤᠭ᠎ᠠ ᠪᠠᠷᠢᠮᠲᠠ ᠶᠢ ᠵᠠᠳᠠᠯᠤᠨ | ᠰᠢᠨᠵᠢᠯᠡᠪᠡ᠃ ᠣᠷᠣᠯᠴᠠᠭᠰᠠᠳ 2006 ᠣᠨ ᠠᠴᠠ 2010 ᠣᠨ ᠪᠣᠯᠲᠠᠯᠠᠬᠢ | ᠬᠤᠭᠤᠴᠠᠭᠠᠨ ᠳᠤ ᠠᠮᠢᠳᠤᠷᠠᠯ ᠤᠨ ᠠᠷᠭ᠎ᠠ ᠮᠠᠶ᠋ᠢᠭ ᠤᠨ | ᠠᠰᠠᠭᠤᠯᠲᠠ ᠶᠢᠨ ᠬᠠᠭᠤᠳᠠᠰᠤ ᠶᠢ ᠨᠢᠭᠡ ᠬᠤᠪᠢ ᠪᠢᠴᠢᠵᠦ | ᠳᠠᠭᠤᠰᠬᠠᠭᠰᠠᠨ ᠪᠥᠭᠡᠳ ᠰᠤᠳᠤᠯᠭᠠᠲᠠᠳ ᠴᠤ ᠲᠡᠳᠡᠨ ᠤ ᠡᠷᠡᠭᠦᠯ | ᠮᠡᠨᠳᠦ ᠶᠢᠨ ᠲᠡᠮᠳᠡᠭᠯᠡᠯ ᠢ ᠪᠠᠶᠢᠴᠠᠭᠠᠨ ᠦᠵᠡᠵᠡᠢ᠃ | ᠲᠡᠭᠦᠨ ᠠᠴᠠ ᠬᠤᠶᠢᠰᠢᠬᠢ 13 ᠵᠢᠯ ᠤᠨ ᠲᠠᠭᠠᠨ | ᠰᠤᠷᠪᠤᠯᠵᠢᠯᠠᠭᠰᠠᠨ ᠬᠤᠭᠤᠴᠠᠭᠠᠨ ᠳᠤ 12916 ᠬᠥᠮᠦᠨ | ᠭᠠᠨᠭ᠍ᠰᠠᠷᠠᠬᠤ ᠡᠪᠡᠳᠴᠢᠨ ᠳᠤ ᠨᠡᠷᠪᠡᠭᠳᠡᠭᠰᠡᠨ ᠢᠶᠠᠷ | ᠣᠨᠣᠰᠢᠯᠠᠭᠳᠠᠵᠠᠶ᠃ ᠰᠤᠳᠤᠯᠭᠠᠨ ᠤ ᠠᠵᠢᠯᠲᠠᠨ ᠨᠠᠰᠤ ᠵᠢᠯ᠂ | ᠬᠦᠢᠰᠦ᠂ ᠪᠡᠶ᠎ᠡ ᠶᠢᠨ ᠬᠦᠨᠳᠦ ᠶᠢᠨ ᠵᠢᠭᠠᠯᠲᠠ ᠲᠤᠭ᠎ᠠ᠂ | ᠨᠡᠶᠢᠭᠡᠮ ᠤᠨ ᠠᠵᠤ ᠠᠬᠤᠶ ᠶᠢᠨ ᠪᠠᠶᠢᠷᠢ ᠰᠠᠭᠤᠷᠢ ᠪᠠ ᠰᠤᠷᠭᠠᠨ | ᠬᠥᠮᠦᠵᠢᠯ ᠤᠨ ᠬᠢᠷᠢ ᠬᠡᠮᠵᠢᠶ᠎ᠡ ᠳᠤ ᠲᠣᠬᠢᠷᠠᠭᠤᠯᠤᠯᠲᠠ | ᠬᠢᠭᠰᠡᠨ ᠤ ᠳᠠᠷᠠᠭ᠎ᠠ 7 ᠵᠦᠢᠯ ᠤᠨ ᠠᠮᠢᠳᠤᠷᠠᠯ ᠤᠨ ᠬᠡᠪ | ᠮᠠᠶ᠋ᠢᠭ ᠨᠢ ᠭᠠᠩᠰᠠᠷᠠᠯ ᠤᠨ ᠲᠦᠭᠰᠢᠭᠦᠷᠢ ᠨᠡᠯᠢᠶᠡᠳ ᠳᠣᠤᠷ᠎ᠠ | ᠪᠠᠶᠢᠭ᠎ᠠ ᠲᠠᠢ ᠬᠤᠯᠪᠣᠭ᠎ᠠ ᠲᠠᠢ ᠶᠢ ᠣᠯᠵᠤ ᠮᠡᠳᠡᠵᠡᠶ᠃ | ᠡᠳᠡᠭᠡᠷ ᠨᠢ ᠵᠣᠬᠢᠬᠤ ᠬᠡᠮᠵᠢᠶ᠎ᠡ ᠪᠠᠷ ᠠᠷᠢᠬᠢ ᠤᠤᠭᠤᠬᠤ᠂ | ᠶᠡᠷᠦ ᠠᠴᠠ ᠲᠠᠮᠠᠬᠢ ᠲᠠᠲᠠᠬᠤ ᠦᠭᠡᠢ᠂ ᠭᠦᠢᠴᠡᠳ ᠤᠨᠲᠠᠬᠤ᠂ | ᠲᠣᠭᠲᠠᠭᠰᠠᠨ ᠬᠤᠭᠤᠴᠠᠭ᠎ᠠ ᠲᠠᠢ ᠪᠡᠶ᠎ᠡ ᠪᠣᠯᠪᠠᠰᠤᠷᠠᠬᠤ᠂ | ᠡᠷᠡᠭᠦᠯ ᠬᠤᠭᠤᠯᠠᠯᠠᠬᠤ᠂ ᠦᠷᠭᠦᠯᠵᠢ ᠨᠡᠶᠢᠭᠡᠮ ᠤᠨ | ᠬᠠᠷᠢᠯᠴᠠᠭ᠎ᠠ ᠬᠢᠬᠦ ᠪᠠ ᠤᠳᠠᠭᠠᠨ ᠰᠠᠭᠤᠬᠤ ᠶᠢ ᠠᠯᠢ | ᠴᠢᠳᠠᠬᠤ ᠪᠠᠷ ᠪᠠᠭᠠᠰᠬᠠᠬᠤ ᠵᠡᠷᠭᠡ ᠪᠤᠯᠤᠨ᠎ᠠ᠃ | ᠳᠠᠷᠠᠭ᠎ᠠ ᠪᠠᠷ ᠨᠢ ᠰᠤᠳᠤᠯᠭᠠᠨ ᠤ ᠠᠵᠢᠯᠲᠠᠳ | ᠣᠷᠣᠯᠴᠠᠭᠰᠠᠳ ᠤᠨ ᠠᠮᠢᠳᠤᠷᠠᠯ ᠤᠨ ᠬᠡᠪ ᠮᠠᠶ᠋ᠢᠭ ᠢ | ᠦᠨᠳᠦᠰᠦᠯᠡᠨ ᠲᠡᠳᠡᠨ ᠢ ᠲᠥᠷᠥᠯ ᠬᠤᠪᠢᠶᠠᠵᠠᠶ᠃ ᠡᠭᠦᠨ ᠤ ᠦᠷ᠎ᠡ | ᠳ᠋ᠦᠩ ᠳᠤ 5 — 7 ᠵᠦᠢᠯ ᠤᠨ ᠡᠷᠡᠭᠦᠯ ᠴᠢᠭᠢᠷᠠᠭ ᠠᠮᠢᠳᠤᠷᠠᠯ ᠤᠨ | ᠳᠠᠳᠬᠠᠯ ᠲᠠᠢ ᠬᠥᠮᠦᠰ ᠤᠨ ᠭᠠᠨᠭ᠍ᠰᠠᠷᠠᠬᠤ ᠡᠪᠡᠳᠴᠢᠨ ᠳᠤ | ᠨᠡᠷᠪᠡᠭᠳᠡᠬᠦ ᠲᠦᠭᠰᠢᠭᠦᠷᠢ ᠨᠢ ᠵᠥᠪᠬᠡᠨ ᠲᠡᠭᠦᠨ ᠤ | ᠳᠣᠲᠣᠷᠠᠬᠢ ᠬᠤᠶᠠᠷ ᠵᠦᠢᠯ ᠤᠨ ᠳᠠᠳᠬᠠᠯ ᠲᠠᠢ | ᠬᠥᠮᠦᠰ ᠤᠨ ᠬᠢ ᠠᠴᠠ ᠳᠤᠮᠳᠠᠴᠢ ᠪᠠᠷ 57 % ᠪᠠᠷ ᠳᠣᠤᠷ᠎ᠠ | ᠪᠠᠶᠢᠬᠤ ᠶᠢ ᠢᠯᠡᠷᠡᠬᠦᠯᠵᠡᠢ᠃ ᠤᠨᠲᠠᠬᠤ᠂ ᠪᠣᠯᠪᠠᠰᠤᠷᠠᠬᠤ ᠪᠠ | ᠨᠡᠶᠢᠭᠡᠮ ᠤᠨ ᠬᠠᠷᠢᠯᠴᠠᠭᠠᠨ ᠤ ᠠᠵᠢᠯᠯᠠᠭ᠎ᠠ ᠶᠢᠨ | ᠨᠥᠯᠥᠭᠡ ᠨᠢ ᠬᠠᠮᠤᠭ ᠤᠨ ᠶᠡᠭᠡ ᠪᠠᠶᠢᠵᠤ᠂ ᠡᠭᠦᠨ ᠤ ᠳᠣᠲᠣᠷᠠᠬᠢ | ᠠᠯᠢ ᠨᠢᠭᠡ ᠨᠢ ᠴᠦ ᠴᠥᠮ ᠭᠠᠩᠰᠠᠷᠠᠬᠤ ᠡᠪᠡᠳᠴᠢᠨ ᠤ | ᠲᠦᠭᠰᠢᠭᠦᠷᠢ ᠶᠢᠨ 20 % ᠪᠠᠷ ᠪᠠᠭᠤᠷᠠᠭᠰᠠᠨ ᠲᠠᠢ | ᠬᠤᠯᠪᠣᠭ᠎ᠠ ᠲᠠᠢ᠃ | | |