ᠲᠤᠰᠤᠨ ᠵᠠᠰᠠᠯ ᠤᠨ ᠲᠤᠬᠠᠢ
  
2023/12/29

       ᠰᠢᠷ᠎ᠠ ᠲᠤᠰᠤ᠂ ᠥᠷ᠎ᠡ ᠶᠢᠨ ᠲᠤᠰᠤ᠂ ᠥᠬᠡᠬᠦᠨ ᠲᠤᠰᠤ᠂

ᠴᠢᠮᠤᠬᠡᠨ ᠲᠤᠰᠤ ᠵᠡᠷᠬᠡ ᠲᠥᠷᠪᠡᠨ ᠵᠦᠢᠯ ᠤᠨ ᠲᠤᠰᠤ ᠶᠢ ᠲᠤᠰᠤᠨ

ᠵᠠᠰᠠᠯ ᠳᠤ ᠬᠡᠷᠡᠭᠯᠡᠳᠡᠭ᠃ ᠲᠤᠰᠤᠨ ᠵᠠᠰᠠᠯ ᠳᠤ ᠪᠠᠰᠠ

ᠪᠤᠴᠠᠯᠤᠭᠰᠠᠨ ᠤᠰᠤ ᠤᠤᠭᠤᠯᠭᠠᠪᠠᠯ ᠰᠢᠩᠭᠡᠬᠦᠯᠬᠦ ᠶᠢᠨ ᠰᠢᠮ᠎ᠠ

ᠪᠤᠯᠬᠤ ᠲᠤᠯᠠ ᠤᠷᠢᠳᠴᠢᠯᠡᠨ ᠪᠡᠯᠡᠳᠭᠡᠬᠦ ᠬᠡᠷᠡᠭᠳᠡᠢ᠃ ᠴᠠᠭ ᠤᠨ

ᠲᠠᠯ᠎ᠠ ᠪᠠᠷ ᠡᠪᠤᠯ ᠤᠨ ᠤᠯᠠᠷᠢᠯ ᠳᠤ ᠭᠠᠯ ᠤᠨ ᠢᠯᠴᠢ

ᠪᠠᠳᠠᠷᠠᠩᠭᠤᠢ ᠪᠤᠯᠬᠤᠷ ᠰᠢᠷ᠎ᠠ ᠲᠤᠰᠤ ᠥᠭᠪᠡᠯ ᠰᠠᠶᠢᠨ᠂ ᠵᠤᠨ ᠤ

ᠤᠯᠠᠷᠢᠯ ᠳᠤ ᠭᠠᠯ ᠤᠨ ᠢᠯᠴᠢ ᠪᠠᠭᠤᠷᠠᠢ ᠪᠤᠯᠬᠤᠷ ᠥᠷ᠎ᠠ ᠶᠢᠨ

ᠲᠤᠰᠤ ᠰᠠᠶᠢᠨ᠂ ᠬᠠᠪᠤᠷ ᠤᠨ ᠤᠯᠠᠷᠢᠯ ᠳᠤ ᠡᠳᠤᠷ ᠤᠷᠳᠤ ᠪᠤᠯᠬᠤᠷ

ᠴᠢᠮᠤᠬᠡᠨ ᠲᠤᠰᠤ᠂ ᠥᠬᠡᠬᠦᠨ ᠲᠤᠰᠤ ᠰᠠᠶᠢᠨ ᠪᠠᠶᠢᠳᠠᠭ᠃ ᠡᠬᠦᠨ ᠳᠤ

ᠡᠮᠴᠢ ᠶᠢᠨ ᠵᠠᠬᠢᠶ᠎ᠠ ᠶᠢ ᠥᠨᠳᠤᠰᠤᠯᠡᠵᠤ᠂ ᠲᠤᠰᠤᠨ ᠤ ᠲᠥᠷᠤᠯ

ᠵᠦᠢᠯ ᠪᠠ ᠲᠥᠷᠬᠢᠬᠦ᠂ ᠤᠤᠭᠤᠯᠭᠠᠬᠤ᠂ ᠲᠤᠰᠤᠯᠭᠠᠬᠤ᠂ ᠵᠢᠩ

ᠲᠠᠯᠪᠢᠬᠤ᠂ ᠵᠥᠬᠡᠯᠡᠨ ᠰᠢᠮᠡᠵᠢᠬᠦᠯᠬᠡ ᠪᠤᠯᠭᠠᠨ ᠬᠡᠷᠡᠭᠯᠡᠬᠦ

ᠵᠡᠷᠬᠡ ᠶᠢᠨ ᠠᠯᠢ ᠨᠢ ᠪᠤᠯᠬᠤ ᠶᠢ ᠰᠤᠩᠭᠤᠨ ᠪᠡᠯᠡᠳᠭᠡᠨ᠎ᠡ᠃

ᠥᠷᠬᠦᠯᠵᠢᠳᠡ ᠰᠢᠮ᠎ᠡ ᠲᠡᠵᠢᠬᠡᠯ ᠲᠠᠢ ᠵᠦᠢᠯ ᠢ ᠢᠳᠡᠭᠰᠡᠤᠨ

ᠪᠤᠶᠤ ᠲᠤᠰᠤᠨ ᠳᠤ ᠲᠠᠳᠤᠭᠰᠠᠤᠨ ᠲᠤ ᠤᠷᠢᠳ ᠢᠶᠠᠷ ᠰᠠᠭᠠᠭ ᠤᠨ

ᠭᠤᠯᠢᠷ ᠮᠡᠳᠤ ᠶᠢᠨ ᠬᠥᠡᠭᠭᠡᠨ ᠵᠦᠢᠯ ᠤᠨ ᠢᠳᠡᠭᠡᠨ ᠢ

ᠢᠳᠡᠭᠦᠯᠭᠦ ᠪᠤᠶᠤ ᠰᠢᠷᠤᠬᠦᠨ ᠵᠠᠰᠠᠯ ᠬᠢᠭᠰᠡᠨ ᠤ ᠲᠠᠷᠠᠭ᠎ᠠ

ᠰᠠᠶ᠋ᠢ ᠲᠤᠰᠤᠨ ᠵᠠᠰᠠᠯ ᠬᠢᠬᠦ ᠪᠠᠷ ᠪᠡᠯᠡᠳᠭᠡᠬᠦ ᠬᠡᠷᠡᠭᠳᠡᠢ᠃

ᠰᠢᠮ᠎ᠡ ᠲᠡᠵᠢᠬᠡᠯ ᠲᠤᠳᠠᠭᠳᠠᠭᠰᠠᠤᠨ ᠪᠤᠶᠤ ᠲᠤᠳᠤᠷ ᠨᠢ ᠨᠥᠮᠵᠦᠭ

ᠥᠬᠡᠢ ᠪᠤᠯᠤᠭᠰᠠᠨ ᠬᠥᠮᠤᠨ ᠳᠤ ᠲᠤᠰᠤᠨ ᠵᠠᠰᠠᠯ ᠬᠢᠬᠦ ᠳᠡᠭᠡᠨ

ᠲᠠᠪᠤᠰᠤ ᠰᠠᠯᠪᠢᠵᠤ ᠥᠭᠭᠦ ᠪᠠᠷ ᠪᠡᠯᠡᠳᠭᠡᠬᠦ ᠬᠡᠷᠡᠭᠳᠡᠢ᠃ 

       ᠡᠮᠴᠢᠯᠡᠬᠡᠨ ᠤ ᠱᠠᠭᠠᠷᠳᠠᠯᠭ᠎ᠠ ᠪᠠᠷ ᠲᠤᠰᠤ ᠥᠭᠭᠦ ᠴᠠᠭ ᠢ

ᠲᠤᠬᠢᠷᠠᠭᠤᠯᠬᠤ ᠳᠠᠭᠠᠨ ᠶᠡᠷᠤ ᠳᠡᠭᠡᠨ ᠠᠷᠢᠯᠭᠠᠬᠤ ᠲᠤᠰᠤᠨ

ᠵᠠᠰᠠᠯ ᠬᠢᠬᠦ ᠳᠤ ᠥᠷ ᠴᠠᠶᠢᠬᠤ ᠶᠢᠨ ᠥᠶ᠎ᠡ ᠳᠤ ᠢᠳᠡᠭᠡᠨ ᠲᠠᠢ

ᠬᠤᠯᠢᠬᠤ ᠥᠬᠡᠢ ᠪᠠᠷ ᠤᠤᠭᠤᠯᠭᠠᠬᠤ ᠪᠥᠬᠡᠤᠨ ᠲᠤᠳᠤᠷ ᠨᠢ

ᠲᠤᠰᠤᠯᠢᠭ ᠪᠤᠯᠳᠠᠯ᠎ᠠ ᠥᠭᠭᠦ ᠬᠡᠷᠡᠭᠳᠡᠢ᠃ ᠲᠤᠰᠤᠨ ᠵᠠᠰᠠᠯ ᠢ

ᠲᠥᠷᠬᠢᠬᠦ ᠪᠤᠶᠤ ᠲᠤᠰᠤᠯᠭᠠᠬᠤ ᠳᠠᠭᠠᠨ ᠡᠪᠡᠳᠴᠢᠨ ᠪᠤᠯᠤᠨ

ᠡᠪᠡᠳᠴᠢᠨ ᠤ ᠬᠢᠨᠢ ᠤᠷᠤᠨ ᠢ ᠥᠨᠳᠤᠰᠤᠯᠡᠵᠤ᠂

ᠠᠮᠢᠳᠤᠯᠢᠭ ᠢᠶᠠᠷ ᠵᠤᠬᠢᠴᠠᠭᠤᠯᠤᠨ᠎ᠠ᠃ ᠲᠤᠬᠠᠢᠯᠠᠪᠠᠯ᠂ ᠠᠷᠠᠰᠤ

ᠮᠢᠬᠠᠨ ᠤ ᠡᠪᠡᠳᠴᠢᠨ᠂ ᠲᠤᠯᠤᠭᠠᠢ ᠶᠢᠨ ᠬᠡᠢ ᠡᠪᠡᠳᠴᠢᠨ ᠵᠡᠷᠬᠡ

ᠭᠠᠳᠠᠨ᠎ᠠ ᠤᠷᠤᠰᠢᠵᠤ ᠪᠠᠶᠢᠬᠤ ᠡᠪᠡᠳᠴᠢᠨ ᠪᠤᠯ

ᠭᠠᠳᠠᠨ᠎ᠠ ᠠᠴᠠ ᠨᠢ ᠲᠤᠰᠤ ᠲᠥᠷᠬᠢᠨ᠎ᠡ᠃ ᠠᠮᠠ᠂ ᠬᠡᠯᠡ᠂

ᠰᠢᠳᠤᠨ ᠤ ᠡᠪᠡᠳᠴᠢᠨ ᠳᠤ ᠪᠥᠯᠢᠶᠡᠰᠭᠡᠵᠤ ᠪᠠᠶᠢᠭᠠᠤᠨ

ᠠᠮᠠᠨ ᠳᠤᠨᠢ ᠤᠭᠤᠴᠢ ᠲᠥᠬᠦᠷᠡᠩ ᠪᠠᠶᠢᠯᠭᠠᠨ᠎ᠠ᠃ ᠮᠠᠩᠨᠠᠢ ᠶᠢᠨ

ᠬᠡᠰᠡᠭ᠂ ᠨᠢᠳᠤᠨ ᠵᠤᠪᠬᠢ᠂ ᠲᠠᠷᠢᠬᠢᠨ ᠤ ᠡᠪᠡᠳᠴᠢᠨ ᠨᠦᠭᠦᠳ ᠲᠤ

ᠲᠤᠰᠤ ᠪᠠᠨ ᠪᠥᠯᠢᠶᠡᠰᠭᠡᠵᠤ ᠪᠠᠶᠢᠭᠠᠤᠨ ᠬᠠᠮᠠᠷ ᠲᠤᠨᠢ

ᠲᠤᠰᠤᠯᠭᠠᠨ᠎ᠠ᠃ ᠪᠥᠰᠡᠯᠡᠬᠦᠷ ᠠᠴᠠ ᠲᠤᠷᠤᠭᠰᠢᠬᠢ ᠲᠤᠤᠷ᠎ᠠ

ᠪᠡᠶ᠎ᠡ ᠶᠢᠨ ᠡᠪᠡᠳᠴᠢᠨ ᠳᠤ ᠵᠥᠬᠡᠯᠡᠨ ᠰᠢᠮᠡᠵᠢᠬᠦᠯᠬᠡ ᠪᠠᠷ

ᠥᠭᠭᠦᠨ᠎ᠠ᠃ ᠴᠡᠬᠡᠵᠢᠨ ᠪᠡᠶ᠎ᠡ ᠶᠢᠨ ᠡᠪᠡᠳᠴᠢᠨ ᠪᠤᠶᠤ ᠲᠤᠤᠷ᠎ᠠ

ᠪᠡᠶ᠎ᠡ ᠶᠢᠨ ᠡᠪᠡᠳᠴᠢᠨ ᠳᠤ ᠤᠤᠭᠤᠯᠭᠠᠵᠤ ᠪᠤᠯᠤᠨ᠎ᠠ᠃ ᠵᠠᠰᠠᠯ

ᠬᠡᠳᠤᠷᠡᠭᠰᠡᠨ ᠪᠠᠶᠢᠪᠠᠯ ᠥᠯᠤᠰᠭᠡᠵᠤ ᠤᠮᠳᠠᠭᠠᠰᠤᠭᠤᠯᠬᠤ ᠪᠠ

ᠡᠮᠴᠢ ᠶᠢᠨ ᠵᠠᠬᠢᠶ᠎ᠠ ᠪᠠᠷ ᠬᠤᠳᠤᠭᠤᠳᠤᠨ ᠳᠤᠨᠢ ᠵᠢᠩ

ᠲᠠᠯᠪᠢᠬᠤ᠂ ᠡᠰᠡᠬᠦᠯ᠎ᠡ ᠪᠥᠬᠡᠯᠵᠢᠬᠦᠯᠦ᠋ᠭᠰᠡᠨ ᠤ ᠲᠠᠷᠠᠭ᠎ᠠ

ᠠᠷᠢᠬᠢ᠂ ᠪᠤᠴᠠᠯᠤᠭᠰᠠᠨ ᠤᠰᠤ᠂ ᠥᠳᠭᠡᠨ ᠴᠠᠢ ᠵᠡᠷᠬᠡ ᠶᠢ

ᠤᠤᠭᠤᠯᠭᠠᠬᠤ ᠪᠤᠶᠤ ᠠᠮᠤᠷ ᠊᠊᠊᠊᠊ 6᠂ ᠬᠤᠳᠤᠭᠤᠳᠤᠨ ᠠᠷᠤᠷ᠎ᠠ

᠊᠊᠊᠊᠊ 10᠂ ᠮᠤᠯᠤᠷ ᠲᠠᠪᠤᠰᠤ ᠊᠊᠊᠊᠊ 4 ᠵᠡᠷᠬᠡ ᠶᠢ ᠤᠤᠭᠤᠯᠭᠠᠵᠤ

ᠪᠤᠯᠤᠨ᠎ᠠ᠃ ᠢᠳᠡᠭᠡᠨ ᠤᠮᠳᠠᠭᠠᠨ ᠤ ᠲᠠᠯ᠎ᠠ ᠪᠠᠷ ᠵᠠᠰᠠᠯ ᠤᠨ

ᠲᠠᠷᠠᠭ᠎ᠠ ᠪᠤᠴᠠᠯᠤᠭᠰᠠᠨ ᠤᠰᠤ ᠤᠤᠭᠤᠯᠭᠠᠵᠤ᠂

ᠰᠢᠩᠭᠡᠭᠡᠯᠳᠡ ᠳᠤ ᠲᠤᠰᠠᠯᠠᠬᠤ ᠪᠥᠬᠡᠤᠨ ᠬᠥᠡᠭᠭᠡᠨ ᠪᠥᠯᠢᠶᠡᠨ

ᠪᠤᠶᠤ ᠰᠢᠩᠭᠡᠭᠡᠭᠦ ᠳᠤ ᠬᠢᠯᠪᠡᠷ ᠲᠤᠳᠤᠷᠭᠠᠨ ᠰᠢᠩᠭᠡᠨ

ᠪᠤᠳᠠᠭ᠎ᠠ᠂ ᠴᠢᠨᠠᠭᠰᠠᠨ ᠭᠤᠯᠢᠷ ᠪᠤᠶᠤ ᠬᠠᠭᠤᠷᠴᠤ

ᠲᠠᠯᠠᠭᠳᠠᠭᠰᠠᠨ ᠢᠳᠡᠭᠡᠨ ᠢ ᠪᠠᠭ᠎ᠠ ᠬᠡᠮᠵᠢᠶ᠎ᠡ ᠪᠠᠷ

ᠢᠳᠡᠭᠦᠯᠭᠦ ᠬᠡᠷᠡᠭᠳᠡᠢ᠃ ᠲᠥᠬᠦᠬᠡᠢ᠂ ᠡᠰᠡ ᠰᠢᠩᠭᠡᠭᠡᠬᠦ ᠵᠦᠢᠯ᠂

ᠬᠡᠳᠤᠷᠬᠡᠢ ᠬᠤᠷᠴᠠ ᠬᠠᠯᠠᠭᠤᠨ ᠪᠤᠶᠤ ᠬᠥᠢᠳᠡᠨ ᠢᠳᠡᠭᠡᠨ

ᠤᠮᠳᠠᠭᠠᠨ ᠢ ᠴᠡᠬᠡᠷᠯᠡᠭᠦᠯᠭᠦ ᠬᠡᠷᠡᠭᠳᠡᠢ᠃ ᠶᠠᠪᠤᠳᠠᠯ

ᠮᠥᠷ ᠤᠨ ᠲᠠᠯ᠎ᠠ ᠪᠠᠷ ᠵᠠᠰᠠᠯ ᠤᠨ ᠲᠠᠷᠠᠭ᠎ᠠ ᠬᠡᠨᠡᠳᠳᠡ ᠪᠠᠷ

ᠬᠠᠳᠠᠭᠤ ᠬᠥᠴᠤᠯᠡᠬᠦ᠂ ᠡᠮᠬᠡᠨᠢᠨ ᠵᠤᠪᠠᠭᠤ᠂ ᠤᠯᠠᠨ ᠥᠬᠦᠯᠡᠬᠦ

ᠮᠡᠳᠤ ᠶᠢᠨ ᠰᠡᠳᠭᠢᠯ ᠤᠨ ᠤᠢᠢᠯᠡ ᠶᠢ ᠬᠡᠳᠤᠷᠡᠭᠦᠯᠭᠦ᠂ ᠡᠳᠤᠷ

ᠬᠡᠳᠤᠷᠬᠡᠢ ᠤᠨᠳᠠᠬᠤ᠂ ᠮᠤᠷᠢ ᠤᠨᠤᠭ᠎ᠠ ᠤᠨᠤᠬᠤ᠂ ᠰᠠᠯᠬᠢᠨ ᠳᠤ

ᠥᠯᠢᠶᠡᠭᠳᠡᠭᠦ᠂ ᠪᠤᠷᠤᠭᠠᠨ ᠴᠢᠬᠢᠭ ᠲᠤ ᠨᠤᠷᠤᠭᠳᠠᠬᠤ᠂

ᠤᠳᠤᠭᠠᠨ ᠳᠤ ᠤᠳᠤᠭᠳᠠᠬᠤ᠂ ᠬᠤᠷᠢᠴᠡᠯ ᠤᠨ ᠠᠮᠢᠳᠤᠷᠠᠯ ᠬᠢᠬᠦ

ᠵᠡᠷᠬᠡ ᠶᠢ ᠴᠡᠬᠡᠷᠯᠡᠬᠦ ᠬᠡᠷᠡᠭᠳᠡᠢ᠃    

 

 

     