ᠳᠤᠮᠳᠠᠳᠤ ᠤᠯᠤᠰ ᠤᠨ ᠡᠪᠡᠳᠴᠢᠨ ᠬᠢᠵᠢᠭ ᠢ ᠰᠡᠷᠭᠡᠶᠢᠯᠡᠨ | ᠳᠠᠷᠣᠬᠤ ᠲᠥᠪ ᠤᠨ 2009 — 2019 ᠣᠨ ᠤ ᠬᠤᠭᠤᠷᠣᠨᠳᠤᠬᠢ | ᠠᠮᠢᠰᠬᠤᠯ ᠤᠨ ᠵᠠᠮ ᠤᠨ ᠬᠠᠯᠳᠠᠪᠤᠷᠢᠲᠤ ᠡᠪᠡᠳᠴᠢᠨ ᠢ | ᠪᠦᠷᠢᠳᠬᠡᠭᠰᠡᠨ ᠲᠤᠭ᠎ᠠ ᠪᠠᠷᠢᠮᠲᠠ ᠠᠴᠠ ᠦᠵᠡᠪᠡᠯ᠂ ᠲᠦᠷᠭᠡᠨ | ᠴᠢᠨᠠᠷᠲᠠᠢ ᠠᠮᠢᠰᠬᠤᠯ ᠤᠨ ᠵᠠᠮ ᠤᠨ ᠬᠠᠯᠳᠠᠪᠤᠷᠢᠯᠠᠯ ᠢ | ᠡᠭᠦᠰᠬᠡᠭᠰᠡᠨ 8 ᠵᠦᠢᠯ ᠤᠨ ᠸᠢᠷᠦ᠋ᠰ ᠤᠨ ᠳᠣᠲᠣᠷ᠎ᠠ ᠬᠥᠮᠥᠨ ᠤ | ᠲᠠᠯ᠎ᠠ ᠠᠭᠤᠰᠬᠢᠨ ᠤ ᠸᠢᠷᠦ᠋ᠰ 8 ᠳ᠋ᠤᠭᠠᠷ ᠲᠤ | ᠵᠢᠭᠰᠠᠭᠠᠭᠳᠠᠵᠤ᠂ ᠡᠪᠡᠳᠴᠢᠨ ᠡᠬᠦᠰᠬᠡᠬᠦ ᠨᠣᠷᠮ᠎ᠠ ᠨᠢ 4.1% | ᠪᠠᠶᠢᠵᠤ᠂ ᠲᠠᠭᠰᠢᠭᠤᠷ ᠲᠣᠮᠣᠭᠤ ᠶᠢᠨ ᠸᠢᠷᠦ᠋ᠰ ᠤᠨ 28.5% ᠠᠴᠠ | ᠬᠤᠯᠠ ᠳᠣᠣᠷ᠎ᠠ ᠪᠠᠶᠢᠬᠤ ᠶᠤᠮ ᠪᠠᠶᠢᠨ᠎ᠠ᠃ | ᠬᠥᠮᠥᠨ ᠤ ᠲᠠᠯ᠎ᠠ ᠠᠭᠤᠰᠬᠢᠨ ᠤ ᠸᠢᠷᠦ᠋ᠰ ᠪᠣᠯ ᠠᠭᠤᠰᠬᠢᠨ ᠤ | ᠸᠢᠷᠦ᠋ᠰ ᠤᠨ ᠳᠦᠷᠦᠯ ᠳᠤ ᠪᠠᠭᠳᠠᠬᠤ᠂ ᠳᠡᠯᠡᠬᠡᠢ ᠶᠢᠨ ᠡᠯ᠎ᠡ | ᠭᠠᠵᠠᠷ ᠲᠤ ᠨᠡᠶᠢᠳᠡᠮ ᠳᠡᠷᠬᠠᠵᠦ ᠪᠠᠶᠢᠭ᠎ᠠ ᠠᠮᠢᠰᠬᠤᠯ ᠤᠨ | ᠵᠠᠮ ᠤᠨ ᠡᠪᠡᠳᠴᠢᠨ ᠡᠭᠦᠰᠬᠡᠭᠴᠢ ᠶᠢᠨ ᠨᠢᠭᠡ ᠪᠣᠯᠣᠨ᠎ᠠ᠃ | ᠭᠤᠣᠯᠳᠠᠭᠤ ᠬᠠᠨᠢᠶᠠᠬᠤ ᠪᠠ ᠨᠠᠶᠢᠲᠠᠭᠠᠬᠤ ᠠᠴᠠ ᠪᠤᠯᠵᠦ | ᠳᠡᠮᠵᠢᠨ ᠲᠠᠷᠬᠠᠳᠠᠭ᠂ ᠬᠠᠯᠳᠠᠪᠤᠷᠢᠯᠠᠭᠰᠠᠳ ᠲᠠᠢ ᠬᠠᠪᠢᠳᠠᠬᠤ | ᠪᠤᠶᠤ ᠸᠢᠷᠦ᠋ᠰ ᠲᠠᠢ ᠣᠷᠴᠢᠨ ᠲᠣᠭᠤᠷᠢᠨ ᠲᠠᠢ ᠬᠦᠷᠦᠯᠴᠡᠪᠡᠯ | ᠪᠠᠰᠠ ᠬᠠᠯᠳᠠᠪᠤᠷᠢᠯᠠᠵᠤ ᠮᠡᠳᠡᠨ᠎ᠡ᠃ | ᠡᠩ ᠤᠨ ᠪᠠᠶᠢᠳᠠᠯ ᠳᠤ᠂ ᠬᠠᠯᠳᠠᠪᠤᠷᠢᠯᠠᠭᠰᠠᠨ ᠤ ᠳᠠᠷᠠᠭ᠎ᠠ | ᠪᠠᠷᠤᠭ 3 ᠠᠴᠠ 5 ᠬᠤᠨᠤᠭ ᠤᠨ ᠳᠠᠷᠠᠭ᠎ᠠ ᠡᠪᠡᠳᠴᠢᠨ ᠤ ᠢᠯᠡᠷᠡᠯ | ᠭᠠᠷᠴᠦ᠂ ᠳᠠᠷᠬᠠᠯᠠᠭ᠎ᠠ ᠮᠠᠭᠤ ᠬᠦᠮᠦᠨ ᠳᠤ᠂ ᠪᠠᠶᠢᠨ ᠳᠠᠬᠢᠨ | ᠬᠠᠯᠳᠠᠪᠤᠷᠢᠯᠠᠬᠤ ᠬᠡᠳ ᠪᠠᠶᠢᠳᠠᠭ ᠶᠤᠮ᠃ ᠭᠤᠤᠯᠳᠠᠭᠤ ᠡᠪᠦᠯ᠂ | ᠬᠠᠪᠤᠷ ᠤᠨ ᠤᠯᠠᠷᠢᠯ ᠳᠤ ᠬᠠᠮᠤᠭ ᠤᠨ ᠢᠯᠡᠬᠦᠦ ᠳᠡᠯᠭᠡᠷᠡᠵᠦ᠂ | ᠵᠠᠷᠢᠮ ᠳᠠᠭᠠᠨ ᠪᠠᠰᠠ ᠴᠣᠴᠢᠮᠠᠭ ᠳᠡᠯᠭᠡᠷᠡᠬᠦ ᠦᠶ᠎ᠡ | ᠪᠠᠶᠢᠳᠠᠭ᠃ ᠬᠡᠦᠬᠡᠳ ᠪᠠᠭᠠᠴᠤᠳ᠂ ᠳᠠᠷᠬᠠᠯᠠᠭ᠎ᠠ ᠮᠠᠭᠤ ᠬᠥᠮᠥᠰ | ᠪᠤᠯᠤᠨ ᠨᠠᠰᠤᠲᠠᠶᠢᠴᠤᠳ ᠲᠤ ᠠᠮᠠᠷᠬᠠᠨ ᠬᠠᠯᠳᠠᠵᠦ᠂ ᠪᠤᠰᠤᠳ | ᠠᠮᠢᠰᠬᠤᠯ ᠤᠨ ᠵᠠᠮ ᠤᠨ ᠸᠢᠷᠦ᠋ᠰ ᠲᠠᠢ ᠬᠤᠯᠢᠯᠳᠤᠨ | ᠬᠠᠯᠳᠠᠪᠤᠷᠢᠯᠠᠳᠠᠭ᠃ ᠣᠯᠠᠩᠬᠢ ᠳᠠᠭᠠᠨ ᠬᠠᠨᠢᠶᠠᠬᠤ᠂ | ᠬᠠᠯᠠᠭᠤᠷᠠᠬᠤ᠂ ᠬᠠᠮᠠᠷ ᠪᠥᠭᠯᠡᠷᠡᠬᠦ᠂ ᠠᠮᠢᠰᠬᠤᠭᠠᠳᠠᠬᠤ | ᠵᠡᠷᠭᠡ ᠡᠪᠡᠳᠴᠢᠨ ᠤ ᠢᠯᠡᠷᠡᠯ ᠲᠠᠢ᠂ ᠬᠦᠨᠳᠦ ᠨᠢ ᠪᠠᠰᠠ | ᠰᠠᠯᠪᠤᠷᠢ ᠮᠥᠭᠡᠷᠰᠦᠨ ᠬᠤᠭᠤᠯᠠᠢ ᠶᠢᠨ ᠦᠷᠪᠢᠰᠦᠯ ᠪᠠ | ᠠᠭᠤᠰᠬᠢᠨ ᠤ ᠦᠷᠪᠢᠰᠦᠯ ᠢ ᠡᠭᠦᠰᠬᠡᠳᠡᠭ᠃ | ᠰᠠᠷᠬᠡᠶᠢᠯᠡᠨ ᠳᠠᠷᠣᠬᠤ ᠳᠠᠯ᠎ᠠ ᠪᠠᠷ᠂ ᠢᠳᠡᠵᠦ | ᠤᠤᠭᠤᠬᠤ ᠪᠠᠨ ᠳᠣᠬᠢᠷᠠᠭᠤᠯᠵᠦ᠂ ᠰᠠᠨᠠᠭ᠎ᠠ ᠰᠡᠳᠬᠢᠯ ᠢᠶᠠᠨ | ᠲᠠᠶᠢᠪᠤᠭᠤᠬᠠᠨ ᠪᠠᠶᠢᠯᠭᠠᠵᠦ᠂ ᠬᠥᠮᠥᠨ ᠣᠯᠠᠨ ᠲᠠᠢ ᠭᠠᠵᠠᠷ | ᠣᠴᠢᠬᠤ ᠪᠤᠶᠤ ᠣᠷᠣᠵᠦ ᠭᠠᠷᠬᠤ ᠳᠠᠭᠠᠨ ᠠᠮᠠᠪᠴᠢ ᠵᠡᠭᠦᠪᠡᠯ | ᠬᠠᠮᠤᠭ ᠤᠨ ᠰᠠᠶᠢᠨ᠃ ᠭᠠᠷ ᠢᠶᠠᠨ ᠦᠷᠭᠦᠯᠵᠢ ᠤᠬᠢᠶᠠᠬᠤ᠂ ᠰᠠᠯᠬᠢ | ᠵᠢᠪᠠᠷ ᠨᠡᠪᠲᠡᠷᠡᠭᠦᠯᠬᠦ᠂ ᠰᠢᠨᠵᠢᠯᠡᠬᠦ ᠤᠬᠠᠭᠠᠨᠴᠢ ᠪᠠᠷ | ᠠᠷᠢᠭᠤᠳᠬᠠᠬᠤ ᠵᠡᠷᠭᠡ ᠤᠷᠢᠳᠴᠢᠯᠠᠨ ᠰᠡᠷᠭᠡᠶᠢᠯᠡᠬᠦ ᠠᠷᠭ᠎ᠠ | ᠬᠡᠮᠵᠢᠶ᠎ᠡ ᠠᠪᠤᠪᠠᠯ ᠬᠠᠯᠳᠠᠪᠤᠷᠢᠯᠠᠬᠤ ᠡᠷᠡᠰᠳᠡᠯ ᠢ | ᠪᠦᠲᠦᠮᠵᠢᠲᠡᠶ ᠪᠠᠭᠤᠷᠠᠭᠤᠯᠵᠤ ᠴᠢᠳᠠᠬᠤ ᠶᠤᠮ ᠪᠠᠶᠢᠨ᠎ᠠ᠃ | | |