ᠮᠠᠰᠢᠨ ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠳᠤ 75 ᠬᠡᠦᠬᠡᠳ ᠢ ᠨᠢᠭᠤᠵᠤ ᠴᠢᠳᠠᠨ᠎ᠠ
  
2023/12/28

       ᠲᠠ ᠮᠠᠰᠢᠨ ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠤ

ᠲᠤᠬᠠᠢ ᠬᠢᠷᠢ ᠵᠡᠷᠭᠡ ᠣᠶᠢᠯᠭᠠᠬᠤ ᠪᠣᠢ ︖ SUV ᠬᠡᠯᠪᠡᠷᠢ ᠶᠢᠨ

ᠮᠠᠰᠢᠨ ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠴᠤᠬᠤᠮ

ᠬᠡᠳᠦᠢ ᠶᠡᠭᠡ ᠪᠠᠶᠢᠳᠠᠭ ᠢ ᠲᠠ ᠮᠡᠳᠡᠨ᠎ᠡ ᠦᠦ ︖ ᠾᠧᠨᠠᠨ

ᠮᠤᠵᠢ ᠶᠢᠨ ᠵᠧᠩᠵᠧᠦ ᠶᠢᠨ ᠵᠠᠮ ᠬᠠᠷᠢᠯᠴᠠᠭᠠᠨ ᠤ ᠴᠠᠭᠳᠠᠭ᠎ᠠ

ᠥᠨᠥᠬᠡᠨ ᠨᠢᠭᠡᠨ ᠲᠤᠷᠰᠢᠯᠲᠠ ᠪᠠᠷ ᠳᠠᠮᠵᠢᠨ SUV ᠬᠡᠯᠪᠡᠷᠢ ᠶᠢᠨ

ᠮᠠᠰᠢᠨ ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠳᠤ 75

ᠬᠡᠦᠬᠡᠳ ᠢ ᠨᠢᠭᠤᠵᠤ ᠳᠡᠶᠢᠯᠬᠦ ᠶᠢ ᠣᠯᠵᠤ ᠮᠡᠳᠡᠵᠡᠢ ᠃

      ᠵᠧᠩᠵᠧᠦ ᠶᠢᠨ ᠵᠠᠮ ᠬᠠᠷᠢᠯᠴᠠᠭᠠᠨ ᠤ ᠴᠠᠭᠳᠠᠭ᠎ᠠ ᠶᠢᠨ

ᠬᠤᠶᠠᠳᠤᠭᠠᠷ ᠰᠠᠯᠪᠤᠷᠢ ᠠᠩᠭᠢ ᠶᠢᠨ ᠠᠯᠪᠠᠨ ᠭᠡᠷ ᠤᠨ ᠳᠡᠳ᠋

ᠡᠷᠬᠢᠯᠡᠭᠴᠢ ᠯᠢ ᠪᠢᠩ ᠴᠡᠴᠡᠷᠯᠢᠭ ᠤᠨ ᠪᠠᠭᠰᠢ ᠶᠢ ᠲᠡᠷᠭᠡᠨ ᠤ

ᠵᠢᠯᠣᠭᠤᠴᠢ ᠶᠢᠨ ᠪᠠᠶᠢᠷᠢᠨ ᠳᠤ ᠰᠠᠭᠤᠯᠭᠠᠨ ᠂ ᠨᠢᠳᠦᠨ ᠤ

ᠪᠦᠲᠡᠭᠡᠯᠭᠡ ᠵᠡᠭᠦᠯᠭᠡᠵᠤ ᠂ ᠴᠡᠴᠡᠷᠯᠢᠭ ᠤᠨ 75 ᠬᠡᠦᠬᠡᠳ ᠢ

ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠳᠤ

ᠪᠠᠶᠢᠷᠢᠯᠠᠭᠤᠯᠵᠠᠢ ᠃ᠬᠡᠦᠬᠡᠳ ᠤᠳ ᠲᠡᠷᠭᠡᠨ ᠡᠮᠦᠨᠡᠭᠦᠷ

ᠣᠴᠣᠶᠢᠵᠤ ᠰᠠᠭᠤᠭᠰᠠᠨ ᠤ ᠳᠠᠷᠠᠭ᠎ᠠ᠂ ᠪᠠᠭᠰᠢ ᠨᠢ ᠨᠢᠳᠦᠨ ᠤ

ᠪᠦᠲᠡᠭᠡᠯᠭᠡ ᠪᠠᠨ ᠠᠪᠴᠤ ᠂ ᠡᠷᠬᠢᠨ ᠲᠣᠭᠤᠷᠢᠨ ᠢ ᠨᠠᠷᠢᠨ

ᠠᠵᠢᠭᠯᠠᠭᠰᠠᠨ ᠪᠣᠯᠪᠠᠴᠤ ᠨᠢᠭᠡ ᠬᠡᠦᠬᠡᠳ ᠢ ᠴᠤ ᠣᠯᠵᠤ

ᠬᠠᠷᠠᠭᠰᠠᠨ ᠦᠭᠡᠢ ᠶᠤᠮ ᠃

      ᠲᠡᠷᠭᠡᠨ ᠬᠠᠷᠠᠭ᠎ᠠ ᠬᠠᠯᠬᠠᠯᠠᠬᠤ ᠣᠷᠣᠨ ᠭᠡᠵᠤ ᠶᠠᠭᠤ ᠪᠣᠢ ︖ 

      ᠲᠡᠷᠭᠡᠨ ᠤ ᠬᠠᠷᠠᠭ᠎ᠠ ᠬᠠᠯᠬᠠᠯᠠᠬᠤ ᠣᠷᠣᠨ ᠭᠡᠳᠡᠭ ᠨᠢ

ᠵᠢᠯᠣᠭᠤᠴᠢ ᠶᠢᠨ ᠪᠠᠶᠢᠷᠢᠨ ᠳᠤ ᠪᠠᠶᠢᠬᠤ ᠪᠦᠭᠡᠳ ᠲᠡᠭᠦᠨ ᠤ

ᠬᠠᠷᠠᠭᠠᠨ ᠱᠤᠭᠤᠮ ᠨᠢ ᠲᠡᠷᠭᠡᠨ ᠤ ᠪᠡᠶ᠎ᠡ ᠳᠤ

ᠬᠠᠯᠬᠠᠯᠠᠭᠳᠠᠭᠠᠳ ᠰᠢᠭᠤᠳ ᠠᠵᠢᠭᠯᠠᠵᠤ ᠳᠡᠶᠢᠯᠬᠦ ᠦᠭᠡᠢ ᠲᠡᠷᠡ

ᠬᠡᠰᠡᠭ ᠢ ᠵᠢᠭᠠᠳᠠᠭ ᠃    ᠭᠡᠷ ᠤᠨ ᠠᠬᠠᠮᠠᠳ ᠡᠩ ᠤᠨ ᠴᠠᠭ ᠲᠤ

ᠵᠠᠪᠠᠯ ᠬᠡᠦᠬᠡᠳ ᠲᠡᠭᠡᠨ ᠲᠡᠷᠭᠡᠨ ᠤ ᠡᠷᠬᠢᠨ ᠲᠣᠭᠤᠷᠢᠨ ᠳᠤ

ᠨᠠᠭᠠᠳᠴᠤ ᠪᠣᠯᠬᠤ ᠦᠭᠡᠢ ᠭᠡᠵᠤ ᠳᠠᠬᠢᠨ ᠳᠠᠪᠲᠠᠨ

ᠰᠠᠨᠠᠭᠤᠯᠬᠤ ᠶᠢᠨ ᠬᠠᠮᠲᠤ᠂ ᠭᠠᠳᠠᠭᠰᠢ ᠭᠠᠷᠬᠤ ᠳᠠᠭᠠᠨ ᠴᠤ

ᠬᠡᠦᠬᠡᠳ ᠢᠶᠠᠨ ᠥᠪᠡᠷ ᠤᠨ ᠬᠠᠷᠠᠭᠠᠨ ᠠᠴᠠ ᠪᠠᠨ ᠰᠠᠯᠭᠠᠵᠤ

ᠪᠣᠯᠬᠤ ᠦᠭᠡᠢ ᠃ ᠲᠣᠮᠣ ᠠᠴᠢᠶᠠᠨ ᠤ ᠮᠠᠰᠢᠨ ᠲᠠᠢ

ᠲᠠᠭᠠᠷᠠᠯᠳᠤᠪᠠᠯ᠂ ᠲᠣᠮᠣ ᠬᠦᠮᠦᠨ ᠴᠤ ᠪᠤᠯᠤᠭ ᠂ ᠬᠡᠦᠬᠡᠳ ᠴᠤ

ᠪᠣᠯᠤᠭ᠂ ᠬᠡᠳᠦᠢ ᠬᠤᠯᠠ ᠪᠠᠶᠢᠪᠠᠯ ᠲᠡᠳᠦᠢ ᠰᠠᠶᠢᠨ ᠭᠡᠵᠦ ᠵᠠᠮ

ᠬᠠᠷᠢᠯᠴᠠᠭᠠᠨ ᠤ ᠴᠠᠭᠳᠠᠭᠠᠨ ᠤ ᠲᠠᠯ᠎ᠠ ᠶᠢᠨ ᠬᠢᠨ

ᠰᠠᠨᠠᠭᠤᠯᠵᠤ ᠪᠠᠶᠢᠨ᠎ᠠ ᠃    

微信截图_20231228112925.png

微信截图_20231228112937.png

 

 

       CNR 