ᠮᠤᠩᠭᠤᠯ《 ᠳ᠋ᠠᠨᠵᠤᠤᠷ ᠤᠨ ᠲᠤᠬᠠᠢ 》
  
2023/12/24

      《 ᠳ᠋ᠠᠨᠵᠤᠤᠷ 》ᠭᠡᠲᠡᠭ ᠨᠢ《 ᠱᠠᠰᠳᠢᠷ ᠤᠨ ᠤᠷᠴᠢᠭᠤᠯᠭ᠎ᠠ

》ᠭᠡᠰᠡᠨ ᠲᠦᠪᠡᠳ ᠦᠭᠡ ᠶᠤᠮ᠃  ᠡᠨᠡ ᠨᠢ ᠡᠷᠲᠡᠨ ᠤ ᠡᠨᠡᠳᠭᠡᠭ᠂

ᠲᠦᠪᠡᠳ ᠤᠨ ᠡᠷᠲᠡᠮᠲᠡᠨ ᠪᠠᠨᠳᠢᠳᠠ ᠨᠠᠷ ᠤᠨ ᠲᠠᠪᠤᠨ

ᠤᠬᠠᠭᠠᠨ ᠤ《 ᠲᠤᠲᠤᠭᠠᠲᠤ ᠤᠬᠠᠭᠠᠨ 》᠂《 ᠤᠷᠠᠯᠠᠬᠤᠢ ᠤᠬᠠᠭᠠᠨ

》᠂《 ᠤᠴᠢᠷ ᠰᠢᠯᠲᠠᠭᠠᠨ ᠤ ᠤᠬᠠᠭᠠᠨ 》᠂《 ᠲᠡᠵᠢᠭᠡᠬᠦᠢ ᠤᠬᠠᠭᠠᠨ

》᠂《 ᠲᠠᠭᠤᠨ ᠤᠬᠠᠭᠠᠨ 》᠎ ᠤ 3400 ᠭᠠᠷᠤᠢ ᠵᠤᠬᠢᠶᠠᠯ ᠢ

ᠡᠮᠬᠢᠳᠭᠡᠭᠰᠡᠨ ᠲᠤᠮᠤ ᠴᠤᠮᠤᠷᠯᠢᠭ ᠪᠤᠯᠤᠨ᠎ᠠ᠃《 ᠳ᠋ᠠᠨᠵᠤᠤᠷ

》᠎ ᠲᠤ ᠪᠠᠭᠲᠠᠬᠤ ᠶᠡᠭᠡ ᠪᠠᠭ᠎ᠠ ᠲᠠᠪᠤᠨ ᠤᠬᠠᠭᠠᠨ ᠤ

ᠵᠤᠬᠢᠶᠠᠯ ᠠᠴᠠ ᠲᠦᠪᠡᠳ ᠬᠡᠯᠡᠨ ᠳᠤ ᠶᠢᠰᠦᠲᠦᠭᠡᠷ ᠵᠠᠭᠤᠨ ᠤ

ᠦᠶᠡᠰ ᠤᠷᠴᠢᠭᠤᠯᠵᠤ ᠡᠬᠢᠯᠡᠭᠡᠳ ᠠᠷᠪᠠᠨ ᠲᠦᠷᠪᠡᠲᠦᠭᠡᠷ

ᠵᠠᠭᠤᠨ ᠤ ᠦᠶ᠎ᠡ ᠳᠤ ᠲᠤᠰᠬᠠᠢ ᠴᠤᠮᠤᠷᠯᠢᠭ ᠪᠤᠯᠭᠠᠵᠠᠢ᠃ 

       《 ᠳ᠋ᠠᠨᠵᠤᠤᠷ 》᠎ ᠤᠨ ᠲᠤᠲᠤᠷᠠᠬᠢ ᠨᠤᠮ ᠵᠤᠬᠢᠶᠠᠯ ᠠᠴᠠ

ᠮᠤᠩᠭᠤᠯᠴᠤᠳ ᠪᠦᠷ ᠠᠷᠪᠠᠨ ᠲᠦᠷᠪᠡᠲᠦᠭᠡᠷ ᠵᠠᠭᠤᠨ ᠤ ᠡᠬᠢᠨ ᠦᠶᠡᠰ

ᠤᠷᠴᠢᠭᠤᠯᠵᠤ᠂ ᠲᠠᠶᠢᠯᠪᠤᠷᠢ ᠰᠤᠲᠤᠯᠭ᠎ᠠ ᠬᠢᠵᠦ ᠪᠠᠶᠢᠯ᠎ᠠ᠃

ᠬᠠᠷᠢᠨ《 ᠳ᠋ᠠᠨᠵᠤᠤᠷ 》 ᠨᠤᠮ ᠢ ᠪᠦᠬᠦᠯᠢ ᠳᠤ ᠨᠢ ᠤᠷᠴᠢᠭᠤᠯᠵᠤ

ᠬᠡᠪᠯᠡᠭᠦᠯᠬᠦ ᠠᠵᠢᠯ ᠢ ᠠᠷᠪᠠᠨ ᠨᠠᠢᠮᠠᠲᠤᠭᠠᠷ ᠵᠠᠭᠤᠨ ᠤ

ᠲᠡᠷᠢᠭᠦᠨ ᠬᠠᠭᠠᠰ ᠲᠤ ᠷᠤᠯᠪᠢᠲᠤᠷᠵᠢ ᠶᠢᠨ

ᠤᠲᠤᠷᠢᠲᠤᠯᠭ᠎ᠠ ᠪᠠᠷ ᠮᠤᠩᠭᠤᠯ ᠤᠨ ᠤᠯᠠᠨ ᠨᠤᠲᠤᠭ

ᠬᠤᠰᠢᠭᠤᠳ ᠠᠴᠠ ᠴᠤᠬᠯᠠᠷᠠᠬᠰᠠᠨ 200 ᠤᠷᠴᠢᠮ ᠤᠷᠴᠢᠭᠤᠯᠤᠬᠴᠢ

ᠨᠠᠷ ᠪᠤᠭᠤᠨᠢ ᠬᠤᠭᠤᠴᠠᠭᠠᠨ ᠳᠤ ᠠᠮᠵᠢᠯᠲᠠ ᠲᠠᠢ ᠬᠢᠵᠦ

ᠬᠦᠢᠴᠡᠳᠭᠡᠭᠰᠡᠨ ᠶᠤᠮ᠃  ᠮᠤᠩᠭᠤᠯ《 ᠳ᠋ᠠᠨᠵᠤᠤᠷ 》᠎ ᠲᠤ

ᠠᠩᠬᠠᠨ ᠤ ᠲᠦᠯᠦᠪᠯᠡᠭᠡ ᠎ ᠪᠠᠷ ᠢᠶᠠᠨ ᠡᠨᠡᠳᠭᠡᠭ ᠤᠨ

ᠡᠷᠲᠡᠮᠲᠡᠨ᠂ ᠵᠤᠬᠢᠶᠠᠯᠴᠢᠳ ᠤᠨ ᠪᠦᠲᠦᠭᠡᠯ ᠠᠴᠠ ᠭᠠᠲᠠᠨ᠎ᠠ

ᠲᠦᠪᠡᠳ ᠤᠨ ᠱᠠᠰᠢᠨ ᠤ ᠲᠤᠮᠤᠬᠠᠨ ᠵᠢᠳᠬᠦᠯᠲᠡᠨ ᠨᠠᠷ ᠤᠨ ᠵᠠᠷᠢᠮ

ᠵᠤᠬᠢᠶᠠᠯ ᠎ ᠠᠴᠠ ᠤᠷᠤᠭᠤᠯᠵᠤ 253 ᠪᠤᠲᠢ ᠪᠤᠶᠤ 3500 ᠭᠠᠷᠤᠢ ᠨᠤᠮ

ᠱᠠᠰᠲᠢᠷ ᠪᠠᠭᠲᠠᠭᠠᠬᠤ ᠵᠤᠷᠢᠯᠭ᠎ᠠ ᠲᠠᠢ ᠪᠠᠶᠢᠵᠡᠢ᠃ ᠭᠡᠰᠡᠨ ᠴᠦ

1749 ᠤᠨ ᠤ ᠦᠶ᠎ᠡ ᠳᠤ ᠬᠡᠪᠯᠡᠭᠲᠡᠭᠰᠡᠨ ᠮᠤᠩᠭᠤᠯ《 ᠳ᠋ᠠᠨᠵᠤᠤᠷ

》᠎ ᠲᠤ 225 ᠪᠤᠲᠢ ᠪᠤᠶᠤ 3427 ᠨᠠᠷ᠎ᠡ ᠲᠦᠷᠥᠯ ᠤᠨ ᠵᠤᠬᠢᠶᠠᠯ

ᠪᠠᠭᠲᠠᠭᠠᠬᠰᠠᠨ ᠪᠠᠶᠢᠨ᠎ᠠ᠃《 ᠳ᠋ᠠᠨᠵᠤᠤᠷ》᠎ ᠢ ᠴᠤᠬᠤᠮ

ᠤᠷᠴᠢᠭᠤᠯᠵᠤ ᠬᠡᠪᠯᠡᠬᠦ ᠠᠵᠢᠯ 1742—1749 ᠤᠨ ᠤ ᠤᠷᠴᠢᠮ

ᠬᠢᠭᠲᠡᠭᠰᠡᠨ ᠪᠤᠯᠪᠠᠴᠦ ᠲᠡᠭᠦᠨ ᠤ ᠪᠡᠯᠡᠳᠭᠡᠯ ᠨᠡᠯᠢᠶᠡᠳ

ᠲᠦᠷᠦᠭᠦᠨ ᠡᠬᠢᠯᠡᠭᠰᠡᠨ ᠪᠢᠯᠡ᠃ 1724 ᠤᠨ ᠳᠤ《 ᠳ᠋ᠠᠨᠵᠤᠤᠷ 》᠎ ᠢ

ᠤᠷᠴᠢᠭᠤᠯᠬᠤ᠂ ᠬᠠᠭᠠᠨ ᠤ ᠵᠠᠷᠯᠢᠭ ᠭᠠᠷᠤᠬᠰᠠᠨ ᠠᠴᠠ

ᠮᠤᠩᠭᠤᠯ ᠤᠨ ᠤᠯᠠᠨ ᠬᠤᠰᠢᠭᠤ ᠨᠤᠲᠤᠭ ᠠᠴᠠ ᠤᠷᠴᠢᠭᠤᠯᠤᠬᠴᠢ᠂

ᠠᠷᠢᠭᠤᠳᠬᠠᠨ ᠰᠢᠭᠦᠭᠴᠢ᠂ ᠪᠡᠷᠴᠢᠨ ᠵᠡᠷᠭᠡ ᠬᠡᠪᠯᠡᠯ᠂ ᠤᠳᠬ᠎ᠠ

ᠵᠤᠬᠢᠶᠠᠯ ᠤᠨ ᠮᠡᠷᠭᠡᠵᠢᠯ ᠤᠨ ᠬᠦᠮᠦᠰ ᠢ ᠵᠠᠷᠯᠠᠨ

ᠴᠤᠬᠯᠠᠭᠤᠯᠤᠬᠰᠠᠨ ᠠᠵᠢ᠃  

         ᠮᠤᠩᠭᠤᠯ《 ᠳ᠋ᠠᠨᠵᠤᠤᠷ 》᠎ ᠲᠤ ᠤᠷᠤᠬᠰᠠᠨ ᠪᠦᠬᠦ

ᠵᠤᠬᠢᠶᠠᠯ ᠨᠢ ᠵᠦᠪᠬᠡᠨ 1742—1749 ᠤᠨ ᠤ ᠬᠤᠭᠤᠷᠤᠨᠲᠤ ᠴᠤ᠋

ᠰᠢᠨ᠎ᠡ ᠪᠠᠷ ᠤᠷᠴᠢᠭᠤᠯᠤᠬᠲᠠᠬᠰᠠᠨ ᠪᠤᠰᠤ᠂ ᠬᠠᠭᠤᠴᠢᠨ

ᠤᠷᠴᠢᠭᠤᠯᠭ᠎ᠠ ᠶᠢ ᠪᠠᠭ᠎ᠠ ᠰᠠᠭ᠎ᠠ ᠨᠠᠶᠢᠷᠠᠭᠤᠯᠤᠨ ᠵᠠᠰᠠᠭᠠᠳ

ᠤᠷᠤᠭᠤᠯᠤᠬᠰᠠᠨ ᠨᠢ ᠴᠦᠭᠡᠨ ᠦᠭᠡᠢ ᠪᠤᠢ᠃ ᠡᠭᠦᠨ ᠤ

ᠪᠠᠷᠢᠮᠲᠠ ᠶᠢ ᠮᠤᠩᠭᠤᠯ《 ᠳ᠋ᠠᠨᠵᠤᠤᠷ 》᠎ ᠤᠨ ᠵᠠᠷᠢᠮ

ᠵᠤᠬᠢᠶᠠᠯ ᠤᠨ ᠲᠡᠭᠦᠰᠭᠡᠯ ᠤᠨ ᠦᠭᠡᠰ ᠬᠡᠷᠡᠴᠢᠯᠡᠵᠤ

ᠪᠠᠶᠢᠨ᠎ᠠ᠃  

        ᠨᠤᠮ ᠵᠦᠢ〔 ᠮᠤᠩᠭᠤᠯ〕 ᠳ᠋᠊·᠂ ᠴᠡᠷᠢᠩᠰᠤᠳᠨᠠᠮ ᠵᠤᠬᠢᠶᠠᠪᠠ᠂

ᠮᠤᠩᠭᠤᠯ《 ᠭᠠᠨᠵᠤᠤᠷ 》᠂《 ᠳ᠋ᠠᠨᠵᠤᠤᠷ 》᠎ ᠤᠨ ᠲᠡᠭᠦᠰᠭᠡᠯ ᠤᠨ

ᠰᠢᠯᠦᠭ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ

ᠬᠤᠷᠢᠶ᠎ᠠ᠂ 2019 ᠤᠨ ᠤ 10 ᠰᠠᠷ᠎ᠠ ᠠᠩᠬᠠᠲᠤᠭᠠᠷ ᠬᠡᠪ᠂ 87—88 .      

   

 

 

    