ᠰᠢᠬᠢᠷ ᠮᠠᠨᠵᠢᠨ ᠢ ᠠᠷᠡᠴᠢᠯᠠᠬᠤ ᠮᠡᠷᠭᠡᠵᠢᠯ
  
2023/11/30

         ᠰᠢᠬᠢᠷ ᠮᠠᠨᠵᠢᠨ ᠴᠢᠬᠢᠯᠡᠭᠰᠠᠨ ᠤ ᠲᠠᠷᠠᠭ᠎ᠠ ᠡᠷᠳᠡ ᠰᠢᠭ

ᠰᠢᠩᠭᠡᠯᠡᠵᠣ ᠴᠢᠬᠢ ᠰᠠᠭᠤᠷᠢᠰᠢᠭᠤᠯᠵᠤ᠂ ᠨᠢᠬᠳᠡᠴᠠ ᠶᠢᠨ

ᠬᠡᠮᠵᠢᠶ᠎ᠠ ᠶᠢ ᠨᠢ ᠵᠣᠬᠢᠰᠳᠡᠢ ᠲᠠᠩᠨᠠᠬᠦᠯᠵᠤ᠂

ᠬᠤᠷᠢᠶᠠᠯᠳᠡ ᠶᠢᠨ ᠬᠡᠮᠵᠢᠶ᠎ᠠ ᠶᠢ ᠨᠡᠮᠡᠭᠳᠡᠬᠦᠯᠣᠭᠡᠳ

ᠰᠢᠬᠢᠷ ᠤᠨ ᠠᠭᠤᠯᠣᠬᠳᠡᠴᠠ ᠶᠢ ᠠᠷᠪᠢᠳᠬᠠᠬᠤ ᠳᠤ ᠲᠣᠩ ᠰᠠᠶᠢᠨ

ᠨᠦᠬᠦᠴᠠᠯ ᠪᠦᠷᠢᠯᠳᠣᠬᠦᠯᠵᠣ ᠦᠭᠬᠦ ᠴᠢᠬᠤᠯᠡ ᠲᠠᠢ᠃

         ᠰᠢᠬᠢᠷ ᠮᠠᠨᠵᠢᠨ ᠤ ᠴᠢᠬᠢ ᠰᠢᠩᠭᠡᠯᠠᠵᠣ ᠴᠢᠬᠢ

ᠰᠠᠭᠤᠷᠢᠰᠢᠭᠤᠯᠬᠤ ᠠᠵᠢᠯ ᠢ ᠠᠯᠢ ᠴᠢᠳᠡᠬᠤ ᠪᠠᠷ ᠡᠷᠳᠡ ᠰᠢᠭ

ᠪᠠᠶᠠᠯᠠᠬᠦᠯᠪᠡᠯ ᠰᠠᠶᠢᠨ᠃ ᠢᠩᠬᠢᠪᠡᠯ ᠨᠢᠯᠬ᠎ᠠ ᠴᠢᠬᠢ ᠶᠢ

ᠪᠠᠭᠰᠢᠷᠡᠨ ᠰᠢᠬᠠᠯᠳᠣᠬᠰᠠᠨ ᠲᠠᠪᠴᠢᠭᠤ ᠪᠠᠶᠢᠳᠡᠯ ᠠᠴᠠ

ᠴᠢᠯᠣᠭᠡᠯᠡᠵᠣ᠂ ᠲᠠᠬᠦᠨ ᠤ ᠢᠳᠡᠷᠡᠬᠦᠨ ᠲᠣᠷᠪᠢᠯᠢᠭ

ᠣᠷᠣᠭᠤᠬᠤ ᠳᠤ ᠨᠢ ᠲᠣᠰᠠᠳᠡᠢ ᠶᠣᠮ᠃ ᠡᠶᠢᠮᠣ ᠣᠴᠢᠷ ᠠᠴᠠ ᠰᠢᠬᠢᠷ

ᠮᠠᠨᠵᠢᠨ ᠨᠢᠭᠡᠨ ᠬᠤᠣᠰ ᠵᠢᠩᠬᠢᠨᠢ ᠨᠠᠪᠴᠢ ᠭᠠᠷᠣᠮᠠᠬᠴᠠ ᠴᠢᠬᠢ

ᠰᠢᠩᠭᠡᠯᠡᠬᠦ ᠪᠦᠭᠡᠳ ᠴᠣᠨᠣᠬᠯᠡᠨ ᠲᠠᠷᠢᠬᠰᠠᠨ ᠪᠣᠯ ᠴᠣᠨᠤᠭ

ᠪᠦᠷᠢ ᠳᠤ 2 — 3 ᠴᠢᠬᠢ ᠦᠯᠡᠳᠡᠭᠡᠵᠣ᠂ ᠵᠣᠷᠬᠠᠯᠡᠨ ᠲᠠᠷᠢᠬᠰᠠᠨ

ᠪᠣᠯ ᠴᠢᠬᠢ ᠨᠦᠭᠦᠳ ᠤᠨ ᠬᠤᠭᠤᠷᠣᠨᠳᠣ 3 — 7CM᠎ ᠤᠨ ᠵᠠᠢ

ᠭᠠᠷᠭᠠᠵᠣ ᠪᠠᠶᠢᠨ᠎ᠠ᠃

        ᠰᠢᠬᠢᠷ ᠮᠠᠨᠵᠢᠨ ᠤ ᠲᠠᠷᠢᠶ᠎ᠠ ᠡᠯᠳᠡᠪ ᠵᠦᠢᠯ ᠤᠨ

ᠣᠷᠰᠢᠭ ᠢᠶᠠᠷ ᠴᠢᠬᠢ ᠲᠣᠳᠡᠪᠡᠯ ᠲᠦᠷᠭᠡᠨ ᠨᠦᠬᠦᠪᠣᠷᠢᠯᠡᠵᠣ

ᠲᠠᠷᠢᠬᠤ ᠪᠣᠶᠣ ᠰᠢᠯᠵᠢᠬᠦᠯᠣᠨ ᠵᠠᠶᠢᠯᠠᠬᠤ ᠭᠡᠷᠡᠭᠳᠡᠢ᠃

ᠪᠣᠰᠢᠭᠤᠬᠠᠨ ᠴᠢᠬᠢᠯᠡᠬᠦ ᠶᠢ ᠪᠠᠳᠣᠯᠠᠬᠤ ᠶᠢᠨ ᠲᠦᠯᠣᠭᠡ᠂

ᠦᠷ᠎ᠡ ᠪᠠᠨ ᠰᠣᠶᠣᠭᠠᠯᠠᠭᠤᠯᠣᠭᠠᠳ ᠨᠦᠬᠦᠵᠣ ᠲᠠᠷᠢᠪᠡᠯ

ᠬᠠᠮᠤᠭ ᠤᠨ ᠰᠠᠶᠢᠨ᠃ ᠪᠣᠳᠡᠳᠡᠢ ᠪᠠᠷ ᠬᠡᠯᠡᠪᠡᠯ᠂ ᠦᠷ᠎ᠡ ᠪᠠᠨ 20

ᠭᠷᠡᠳᠦ᠋ᠰ ᠣᠷᠴᠢᠮ ᠤᠨ ᠪᠦᠯᠢᠶᠠᠨ ᠣᠰᠣᠨ ᠳᠤ 24 ᠴᠠᠭ

ᠲᠠᠪᠳᠣᠭᠡᠭᠰᠠᠨ ᠤ ᠲᠠᠷᠠᠭ᠎ᠠ ᠱᠦᠬᠦᠨ ᠭᠠᠷᠭᠠᠵᠣ

ᠡᠭᠡᠰᠢᠭᠡᠭᠡᠳ᠂ ᠨᠦᠢᠳᠡᠨ ᠪᠦᠰ ᠣᠭᠤᠳᠡᠨ ᠲᠡᠭᠡᠷ᠎ᠡ ᠲᠡᠯᠭᠡᠵᠣ᠂

ᠬᠠᠯᠠᠭᠤᠨ ᠬᠠᠨᠵᠣᠨ ᠲᠡᠭᠡᠷ᠎ᠡ ᠲᠠᠯᠪᠢᠵᠣ

ᠰᠣᠶᠣᠭᠠᠯᠠᠭᠤᠯᠣᠨ᠎ᠠ᠃ ᠲᠡᠭᠡᠭᠡᠳ ᠬᠦᠪᠣᠷᠡᠯ ᠤᠨ ᠦᠨᠳᠣᠰᠣ ᠨᠢ

ᠦᠷ᠎ᠡ ᠶᠢᠨ ᠬᠠᠯᠢᠰᠣ ᠠᠴᠠ ᠪᠣᠯᠳᠡᠶᠢᠮᠡᠬᠴᠠ ᠴᠢᠬᠢ

ᠲᠣᠬᠳᠡᠬᠰᠠᠨ ᠲᠠᠷᠢᠶᠠᠨ ᠳᠤ ᠪᠠᠨ ᠠᠪᠠᠴᠢᠵᠣ ᠲᠠᠷᠢᠨ᠎ᠠ᠃

ᠰᠢᠯᠵᠢᠬᠦᠯᠵᠤ ᠵᠠᠶᠢᠯᠠᠬᠤ ᠭᠡᠳᠡᠭ ᠨᠢ ᠴᠢᠬᠢ ᠰᠢᠩᠭᠡᠯᠡᠬᠦ

ᠦᠶ᠎ᠠ ᠳᠤ ᠪᠠᠨ᠂ ᠰᠢᠬᠠᠯᠳᠣᠭᠤ ᠣᠷᠭᠤᠵᠣ ᠪᠠᠶᠢᠬᠰᠠᠨ ᠴᠢᠬᠢ ᠶᠢ

ᠱᠣᠷᠣᠳᠡᠢ ᠬᠤᠰᠣᠭᠤᠷ ᠢᠶᠠᠷ ᠨᠦᠢᠳᠡᠨ ᠰᠢᠷᠣᠢ ᠲᠠᠢ ᠨᠢ

ᠡᠪᠳᠡᠶᠢᠭᠡᠨ ᠡᠳᠡᠵᠣ ᠠᠪᠣᠭᠠᠳ ᠴᠢᠬᠢ ᠲᠣᠬᠳᠡᠬᠰᠠᠨ

ᠣᠩᠭᠤᠷᠬᠠᠢ ᠳᠤ ᠠᠪᠠᠴᠢᠵᠣ ᠵᠠᠶᠢᠯᠠᠬᠤ ᠶᠢ ᠬᠡᠯᠡᠵᠣ

ᠪᠠᠶᠢᠨ᠎ᠠ᠃ ᠬᠡᠬᠦ ᠳᠤ ᠪᠠᠨ ᠪᠣᠷᠣᠭᠠᠨ ᠤ ᠡᠮᠣᠨ᠎ᠠ᠂

ᠪᠣᠷᠣᠭᠠᠨ ᠤ ᠬᠤᠶᠢᠨ᠎ᠠ ᠵᠡᠪᠳᠣᠵᠣ ᠬᠢᠬᠦ ᠪᠣᠶᠣ ᠵᠠᠶᠢᠯᠠᠵᠣ

ᠪᠠᠷᠡᠮᠠᠬᠴᠠ ᠣᠰᠣᠯᠡᠪᠡᠯ ᠡᠳᠡᠭᠡᠷᠡᠯᠳᠡ ᠨᠢ ᠰᠠᠶᠢᠨ ᠪᠣᠯᠳᠠᠭ᠃

ᠰᠢᠬᠢᠷ ᠮᠠᠨᠵᠢᠨ ᠤ ᠴᠢᠬᠢ ᠶᠢᠨ ᠨᠢᠬᠳᠡᠴᠠ ᠨᠢ

ᠬᠤᠷᠢᠶᠠᠯᠳᠡ ᠶᠢᠨ ᠲᠤᠭ᠎ᠠ ᠪᠡ ᠴᠢᠨᠠᠷ ᠢ ᠨᠦᠯᠣᠭᠡᠯᠡᠬᠦ ᠲᠣᠯᠡ

ᠰᠢᠬᠢᠷ ᠮᠠᠨᠵᠢᠨ ᠢ ᠵᠣᠬᠢᠰᠳᠡᠢ ᠨᠢᠬᠳᠡ ᠲᠠᠷᠢᠬᠤ ᠪᠣᠯ

ᠴᠢᠬᠢ ᠨᠦᠭᠦᠳ ᠤᠨ ᠬᠤᠭᠤᠷᠣᠨᠳᠣᠬᠢ ᠵᠠᠢ ᠬᠢᠬᠡᠳ ᠵᠣᠷᠬ᠎ᠠ ᠶᠢᠨ

ᠬᠤᠭᠤᠷᠣᠨᠳᠣᠬᠢ ᠵᠠᠢ ᠶᠢ ᠰᠢᠨᠵᠢᠯᠡᠬᠦ ᠣᠬᠠᠭᠠᠨᠴᠢ ᠪᠠᠷ

ᠲᠡᠩᠨᠠᠬᠦᠯᠵᠣ᠂ ᠨᠠᠪᠴᠢ ᠪᠡ ᠲᠦᠮᠣᠰᠦᠯᠢᠭ ᠦᠨᠳᠣᠰᠣ ᠶᠢ ᠨᠢ

ᠲᠣᠷᠪᠢᠯᠢᠭ ᠣᠷᠭᠤᠭᠤᠯᠣᠨ᠂ ᠰᠢᠬᠢᠷ ᠤᠨ ᠠᠭᠤᠯᠣᠬᠳᠡᠬᠴᠠ ᠶᠢ

ᠠᠯᠢ ᠪᠣᠯᠬᠤᠶᠢᠴᠠ ᠠᠷᠪᠢᠳᠬᠠᠬᠤ ᠶᠢᠨ ᠲᠦᠯᠣᠭᠡ ᠶᠣᠮ᠃ 

        ᠰᠢᠬᠢᠷ ᠮᠠᠨᠵᠢᠨ ᠢ ᠲᠠᠷᠢᠬᠰᠠᠨ ᠨᠢᠬᠳᠡᠴᠠ ᠨᠢ ᠠᠳᠡᠯᠢ

ᠦᠭᠡᠢ ᠶᠢᠨ ᠣᠯᠡᠮ ᠠᠴᠠ᠂ ᠰᠢᠮ᠎ᠠ ᠲᠡᠵᠢᠭᠡᠯ ᠬᠦᠷᠳᠡᠭᠴᠢ

ᠨᠠᠪᠴᠢᠨ ᠢᠯᠳᠡᠰᠣ ᠬᠢᠬᠡᠳ ᠦᠨᠳᠣᠰᠣ ᠶᠢᠨ ᠰᠢᠰᠲ᠋ᠧᠮ ᠤᠨ ᠬᠢᠨᠢ

ᠣᠷᠭᠤᠯᠳᠡ ᠶᠢᠨ ᠪᠠᠶᠢᠳᠡᠯ ᠢᠯᠭᠠᠭ᠎ᠠ ᠲᠠᠢ ᠪᠠᠶᠢᠳᠠᠭ᠃

ᠣᠨᠴᠠᠭᠠᠶᠢᠯᠡᠨ ᠪᠣᠳᠡᠭᠠᠯᠢ ᠪᠠᠭ᠎ᠠ ᠪᠣᠯᠭᠠᠨ ᠤ ᠲᠦᠮᠣᠰᠦᠯᠢᠭ

ᠦᠨᠳᠣᠰᠣ ᠶᠢᠨ ᠶᠡᠭᠡ ᠪᠠᠭ᠎ᠠ ᠶᠢᠨ ᠬᠡᠮᠵᠢᠶ᠎ᠠ ᠨᠢ ᠠᠳᠡᠯᠢ

ᠪᠣᠰᠣ ᠪᠣᠯᠬᠤ ᠶᠣᠮ᠃              

   

 

 

  ᠬᠢᠩᠭᠠᠨ ᠤ ᠡᠳᠦᠷ ᠤᠨ ᠰᠤᠨᠢᠨ