ᠭᠠᠳᠠᠭᠠᠳᠤ ᠶᠢᠨ ᠲᠠᠩᠨᠠᠭᠤᠯ ᠤᠨ ᠵᠢᠯᠣᠭᠤᠳᠤᠯᠭ᠎ᠠ ᠳᠤᠤᠷ᠎ᠠ ᠠᠯᠪᠠᠲᠠᠨ ᠰᠢᠯᠭᠠᠵᠤ ᠤᠷᠤᠬᠰᠠᠨ ᠲᠡᠷᠡ ᠨᠢᠭᠤᠴᠠ ᠶᠢ ᠵᠠᠳᠠᠷᠠᠭᠤᠯᠤᠭᠰᠠᠨ ᠠᠴᠠ ᠪᠤᠯᠵᠤ ᠡᠷᠡᠭᠦᠦ ᠪᠠᠷ ᠰᠢᠢᠳᠬᠡᠭᠳᠡᠪᠡ︕
ᠨᠡᠶᠢᠲᠡᠯᠡᠭᠰᠡᠨ ᠴᠠᠭ᠄
2023/11/24
       ᠮᠡᠳᠡᠭᠡᠯᠡᠯ ᠢ ᠦᠨᠳᠦᠰᠦᠯᠡᠪᠡᠯ᠂ ᠶᠡᠷᠡᠭᠡᠳ ᠣᠨ ᠳᠤ ᠲᠥᠷᠥᠭᠰᠡᠨ ᠵᠠᠯᠠᠭᠤ ᠳ᠋ᠦᠩ  ᠣᠪᠣᠭᠲᠤ ᠶᠢᠨ  ᠠᠰᠫᠢᠷᠠᠨᠲ ᠤᠨ ᠰᠤᠳᠤᠯᠭᠠᠨ ᠤ ᠴᠢᠭᠯᠡᠯ  ᠨᠢ ᠠᠵᠤ ᠦᠢᠯᠡᠰ ᠤᠨ ᠠᠵᠤ  ᠠᠬᠤᠶ ᠶᠢᠨ  ᠤᠬᠠᠭᠠᠨ  ᠪᠣᠯᠤᠨ᠎ᠠ᠃  2019  ᠣᠨ ᠳᠤ᠂  ᠳ᠋ᠦᠩ ᠣᠪᠣᠭᠲᠤ ᠲᠡᠭᠦᠰᠦᠭᠰᠡᠨ ᠤ  ᠳᠠᠷᠠᠭ᠎ᠠ  ᠨᠠᠮ  ᠵᠠᠰᠠᠭ ᠤᠨ  ᠨᠢᠭᠡᠨ  ᠪᠠᠶᠢᠭᠤᠯᠭ᠎ᠠ   ᠶᠢᠨ  ᠬᠠᠷᠢᠶ᠎ᠠ  ᠰᠤᠳᠤᠯᠭᠠᠨ ᠤ  ᠭᠠᠵᠠᠷ ᠲᠤ ᠠᠵᠢᠯᠯᠠᠪᠠ᠃

        ᠨᠢᠭᠡᠨ ᠡᠳᠦᠷ ᠳ᠋ᠦᠩ ᠣᠪᠣᠭᠲᠤ ᠠᠵᠢᠯ ᠠᠴᠠ ᠪᠠᠨ ᠪᠠᠭᠤᠭᠠᠳ ᠭᠡᠷ ᠲᠡᠭᠡᠨ ᠬᠠᠷᠢᠬᠤ  ᠵᠠᠮ   ᠳᠤᠨᠢ  ᠭᠠᠳᠠᠭᠠᠳᠤ ᠶᠢᠨ ᠨᠢᠭᠡ ᠬᠥᠮᠦᠨ ᠲᠠᠭᠠᠷᠠᠯᠳᠤᠵᠤ ᠵᠠᠮ 

ᠠᠰᠠᠭᠤᠪᠠ᠂ ᠢᠡᠭᠭᠢᠭᠡᠳ ᠲᠡᠳᠡ ᠬᠤᠶᠠᠭᠤᠯᠠ  ᠲᠠᠨᠢᠯᠴᠠᠵᠤ  ᠬᠠᠷᠢᠯᠴᠠᠭ᠎ᠠ  ᠪᠠᠶᠢᠭᠤᠯᠤᠭᠰᠠᠨ ᠪᠥᠭᠡᠳ ᠶᠠᠪᠤᠭᠠᠨ  ᠳᠠᠭᠠᠨ ᠲᠠᠨᠢᠯ ᠲᠠᠰᠤᠯ ᠪᠣᠯᠵᠠᠢ᠃ 

       ᠭᠡᠪᠡᠴᠦ ᠳ᠋ᠦᠩ ᠣᠪᠣᠭᠲᠤ ᠲᠡᠭᠦᠨ ᠤ ᠲᠠᠨᠢᠬᠰᠠᠨ ᠡᠨᠡ ᠬᠦ ᠭᠠᠳᠠᠭᠠᠳᠤ ᠶᠢᠨ ᠬᠥᠮᠦᠨ  ᠨᠢ ᠲᠠᠩᠨᠠᠭᠤᠯ ᠪᠤᠯᠬᠤ  ᠶᠢ ᠶᠡᠷᠦ ᠠᠴᠠ  ᠰᠠᠨᠠᠭᠠᠨ   ᠳᠤ  ᠤᠷᠤᠬᠰᠠᠨ  

ᠦᠭᠡᠢ᠃  ᠲᠡᠷᠡ  ᠳ᠋ᠦᠩ  ᠣᠪᠣᠭᠲᠤ ᠲᠠᠢ   ᠣᠶᠢᠷᠠᠲᠤᠯᠴᠠᠬᠰᠠᠨ ᠨᠢ   ᠦᠨᠡᠨ ᠳᠡᠭᠡᠨ ᠬᠤᠤᠪᠢᠯᠳᠤᠯᠭ᠎ᠠ ᠪᠠ ᠵᠣᠷᠢᠯᠭ᠎ᠠ ᠲᠠᠢ ᠶᠤᠮ᠃

        ᠨᠢᠭᠡᠨ ᠤᠳᠠᠭ᠎ᠠ ᠡᠨᠡ ᠭᠠᠳᠠᠭᠠᠳᠤ ᠶᠢᠨ ᠬᠥᠮᠦᠨ ᠠᠷᠢᠬᠢ ᠤᠤᠭᠤᠭᠰᠠᠨ ᠤ ᠲᠠᠷᠠᠭ᠎ᠠ᠂ ᠦᠪᠡᠷ  ᠢ   ᠪᠠᠨ  ᠬᠢᠲᠠᠳ ᠵᠶ᠋ᠠᠷ‌ᠤᠩᠰᠢᠵᠤ ᠪᠢᠴᠢᠬᠦ ᠴᠢᠳᠠᠪᠤᠷᠢ ᠠᠨᠠᠢ᠂ 

ᠬᠢᠲᠠᠳ ᠢᠶᠠᠷ ᠪᠢᠴᠢᠭᠰᠡᠨ ᠮᠠᠲ᠋ᠧᠷᠢᠶᠠᠯ ᠢ  ᠡᠷᠢᠬᠦ ᠳᠤ  ᠲᠤᠩ  ᠬᠦᠴᠢᠷᠳᠡᠳᠡᠭ᠂  ᠣᠨᠴᠠ ᠰᠡᠳᠦᠪ ᠤᠳ ᠤᠨ ᠮᠠᠲ᠋ᠧᠷᠢᠶᠠᠯ  ᠢ ᠴᠤᠭᠯᠠᠭᠤᠯᠬᠤ ᠳᠤ ᠬᠠᠪᠰᠤᠷᠤᠭᠠᠳ 

ᠦᠭᠭᠦᠨ᠎ᠡ ᠤᠤ᠂ ᠲᠤᠷᠠᠳᠠᠶ᠎ᠠ ᠮᠠᠲ᠋ᠧᠷᠢᠶᠠᠯ  ᠤᠨ ᠵᠠᠷᠤᠲᠠᠯ   ᠢ ᠦᠭᠭᠦᠨ᠎ᠡ᠂ ᠨᠢᠭᠡ ᠮᠠᠲ᠋ᠧᠷᠢᠶᠠᠯ  ᠳᠤ ᠬᠡᠳᠦᠨ ᠵᠠᠭᠤ᠂ ᠮᠢᠩᠭ᠎ᠠ ᠭᠠᠷᠤᠢ ᠲᠦᠭᠦᠷᠢᠭ  ᠦᠭᠭᠦᠶ᠎ᠡ  ᠭᠡᠵᠦ  

ᠳ᠋ᠦᠡᠭ  ᠤᠪᠤᠬᠳᠤ   ᠳᠤ ᠬᠦᠰᠡᠵᠡᠢ᠃

        ᠲᠡᠳᠡᠨ  ᠤ ᠬᠠᠷᠢᠯᠴᠠᠭ᠎ᠠ  ᠶᠠᠪᠤᠯᠴᠠᠭ᠎ᠠ  ᠭᠦᠨᠵᠡᠭᠡᠶᠢᠷᠡᠬᠦ ᠶᠢ  ᠲᠠᠭᠠᠯᠳᠤᠨ᠂  ᠭᠠᠳᠠᠭᠠᠳᠤ ᠶᠢᠨ  ᠲᠠᠩᠨᠠᠭᠤᠯ ᠤᠨ  ᠳ᠋ᠦᠩ ᠣᠪᠣᠭᠲᠤ  ᠶᠢ ᠵᠢᠭᠠᠨ 

ᠵᠢᠯᠤᠭᠤᠳᠬᠤ ᠵᠢᠯᠤᠭᠤᠳᠤᠯᠭ᠎ᠠ ᠨᠢ ᠴᠦ  ᠶᠠᠪᠤᠬᠤ  ᠲᠤᠳᠤᠮ  ᠨᠠᠷᠢᠨ  ᠨᠢᠭᠲᠠ  ᠪᠤᠯᠵᠤ᠂  ᠴᠢᠨᠠᠭᠰᠢᠯᠠᠪᠠᠯ ᠲᠡᠭᠦᠨ ᠢ  ᠬᠠᠪᠰᠤᠷᠤᠨ  ᠠᠮᠢᠳᠤᠷᠠᠬᠤᠢ ᠶᠢᠨ  

ᠬᠠᠷᠠᠯᠲᠠ ᠶᠢ ᠨᠢ  ᠲᠥᠯᠥᠪᠯᠡᠵᠦ  ᠥᠭᠭᠦᠭᠰᠡᠨ   ᠪᠠᠶᠢᠨ᠎ᠠ᠃   ᠭᠠᠳᠠᠭᠠᠳᠤ ᠶᠢᠨ ᠲᠠᠩᠨᠠᠭᠤᠯ ᠤᠨ ᠵᠢᠯᠣᠭᠤᠳᠣᠯᠭ᠎ᠠ ᠳᠤᠤᠷ᠎ᠠ ᠳ᠋ᠦᠩ ᠣᠪᠣᠭᠲᠤ ᠣᠷᠣᠨ ᠲᠤᠭ᠎ᠠ  ᠲᠠᠢ 

ᠠᠯᠪᠠᠲᠠᠨ ᠰᠢᠯᠭᠠᠭᠤᠯᠤᠨ ᠤᠷᠤᠪᠠ᠃

        ᠭᠠᠳᠠᠭᠠᠳᠤ ᠶᠢᠨ ᠲᠠᠩᠨᠠᠭᠤᠯ ᠤᠨ ᠵᠣᠷᠢᠯᠭᠠᠲᠤ ᠴᠢᠨᠠᠷ ᠨᠢ ᠮᠠᠰᠢ  ᠲᠣᠳᠣᠷᠬᠠᠢ  ᠪᠠᠶᠢᠪᠠ᠂  ᠡᠨᠡ   ᠨᠢ  ᠳᠠᠷᠤᠢ  ᠳ᠋ᠦᠩ ᠣᠪᠣᠭᠲᠤ ᠪᠠᠷ ᠳᠠᠮᠵᠢᠭᠤᠯᠤᠨ ᠨᠠᠮ 

ᠵᠠᠰᠠᠭ ᠤᠨ ᠪᠠᠶᠢᠭᠤᠯᠭ᠎ᠠ ᠶᠢᠨ ᠳᠣᠲᠣᠭᠠᠳᠤ ᠶᠢᠨ ᠴᠢᠬᠤᠯᠠ᠂ ᠭᠤᠣᠯ ᠪᠣᠯᠬᠤ ᠮᠠᠲ᠋ᠧᠷᠢᠶᠠᠯ  ᠪᠠ ᠲᠤᠭ᠎ᠠ ᠪᠠᠷᠢᠮᠲᠠ  ᠶᠢ ᠤᠯᠵᠤ ᠠᠪᠬᠤ  ᠳᠤ  ᠤᠷᠤᠰᠢᠨ᠎ᠠ᠃  ᠲᠡᠭᠡᠭᠡᠳ  

ᠮᠠᠲ᠋ᠧᠷᠢᠶᠠᠯ   ᠤᠨ  ᠦᠨ᠎ᠡ   ᠶᠢ  ᠲᠠᠰᠤᠷᠠᠯᠲᠠ  ᠦᠭᠡᠶ ᠥᠰᠬᠡᠵᠦ᠂ ᠳ᠋ᠦᠩ ᠣᠪᠣᠭᠲᠤ ᠪᠠᠷ ᠡᠳᠡᠭᠡᠷ ᠪᠢᠴᠢᠭ ᠮᠠᠲ᠋ᠧᠷᠢᠶᠠᠯ ᠢ ᠳᠠᠷᠤᠮᠠᠯᠯᠠᠭᠤᠯᠬᠤ ᠪᠤᠶᠤ 

ᠰᠡᠭᠦᠳᠡᠷᠯᠡᠭᠦᠯᠤᠨ ᠠᠪᠤᠭᠤᠯᠪᠠ᠃ 

       ᠳ᠋ᠦᠩ ᠣᠪᠣᠭᠲᠤ ᠨᠠᠮ ᠵᠠᠰᠠᠭ ᠤᠨ ᠪᠠᠶᠢᠭᠤᠯᠭ᠎ᠠ ᠶᠢᠨ ᠠᠵᠢᠯᠲᠠᠨ ᠪᠣᠯᠤᠭᠰᠠᠨ ᠤ ᠬᠤᠪᠢ ᠳᠤ᠂ ᠬᠠᠤᠯᠢ  ᠴᠠᠭᠠᠵᠠ ᠶᠢᠨ ᠤᠬᠠᠮᠰᠠᠷ ᠪᠠ ᠨᠢᠭᠤᠴᠠ ᠶᠢ 

ᠬᠠᠮᠠᠭᠠᠯᠠᠬᠤ ᠤᠬᠠᠮᠰᠠᠷ ᠢᠶᠠᠷ  ᠳᠤᠲᠠᠮᠠᠭ᠂  ᠨᠥᠭᠦᠭᠡ  ᠡᠲᠡᠭᠡᠳ ᠤᠨ ᠢᠶᠠᠨ  ᠬᠢᠯᠢ ᠶᠢᠨ  ᠭᠠᠳᠠᠨᠠᠬᠢ ᠠᠬᠤᠶ ᠪᠠᠶᠢᠳᠠᠯ ᠪᠡᠶ᠎ᠡ  ᠶᠢᠨ ᠭᠠᠷᠤᠯ ᠢ ᠲᠣᠳᠣᠷᠬᠠᠶ ᠮᠡᠳᠡᠬᠦ 

ᠪᠠᠶᠢᠳᠠᠯ᠎ᠠ ᠠᠵᠤ ᠠᠬᠤᠶ ᠶᠢᠨ ᠠᠰᠢᠭ ᠲᠤᠰᠠ ᠤᠯᠬᠤ ᠶᠢᠨ  ᠲᠥᠯᠥᠭᠡ ᠨᠥᠭᠦᠭᠡ ᠡᠲᠡᠭᠡᠳ ᠲᠡᠭᠡᠨ ᠲᠤᠷᠠᠳᠠᠶ᠎ᠠ ᠠᠰᠢᠭᠯᠠᠭᠳᠠᠵᠠᠢ᠃ 

       2022 ᠣᠨ ᠤ 8 ᠰᠠᠷ᠎ᠠ ᠳᠤ᠂ ᠱᠠᠩᠬᠠᠶ ᠬᠤᠲᠠ ᠶᠢᠨ ᠤᠯᠤᠰ ᠤᠨ ᠠᠮᠤᠷ  ᠲᠦᠪᠰᠢᠨ ᠤ  ᠲᠣᠪᠴᠢᠶ᠎ᠠ  ᠡᠨᠡ  ᠬᠦ ᠲᠠᠩᠨᠠᠭᠤᠯ ᠤᠨ ᠬᠡᠷᠡᠭ ᠢ ᠢᠯᠡᠷᠡᠭᠦᠯᠵᠦ᠂

 ᠶᠠᠯ᠎ᠠ ᠬᠢᠭᠰᠡᠨ ᠰᠡᠵᠢᠭᠳᠡᠨ ᠢ  ᠡᠷᠭᠡᠰᠢᠶᠡᠵᠦ᠂  ᠵᠠᠩᠭᠢᠯᠠᠭ᠎ᠠ ᠶᠢᠨ  ᠭᠡᠷᠡᠴᠢ  ᠪᠠᠷᠢᠮᠲᠠ ᠶᠢ ᠲᠣᠭᠲᠠᠭᠠᠵᠤ᠂ ᠨᠢᠭᠤᠴᠠ ᠶᠢ ᠵᠠᠳᠠᠷᠠᠭᠤᠯᠬᠤ ᠬᠦᠨᠳᠦ ᠶᠡᠭᠡ ᠳᠠᠯᠳᠠ ᠬᠡᠮ ᠢ 

ᠠᠷᠢᠯᠭᠠᠪᠠ᠃ 

       2022 ᠣᠨ ᠤ 11 ᠰᠠᠷ᠎ᠠ ᠳᠤ ᠳ᠋ᠦᠩ ᠣᠪᠣᠭᠲᠤ  ᠶᠢ ︽ᠲᠠᠩᠨᠠᠭᠤᠯ ᠤᠨ  ᠶᠠᠯ᠎ᠠ︾   ᠪᠠᠷ  4  ᠵᠢᠯ  9  ᠰᠠᠷ᠎ᠠ ᠬᠤᠭᠤᠴᠠᠭ᠎ᠠ ᠲᠠᠢ ᠬᠤᠷᠢᠬᠤ ᠪᠠᠷ 

ᠰᠢᠢᠳᠭᠡᠵᠦ᠂ ᠤᠯᠤᠰ ᠲᠥᠷᠥ ᠶᠢᠨ ᠡᠷᠬᠡ ᠶᠢ ᠨᠢ ᠨᠢᠭᠡ ᠵᠢᠯ ᠬᠠᠰᠤᠵᠠᠶ᠃    

 

 

ᠢᠷᠡᠯᠲᠡ᠄ ᠠᠷᠠᠳ ᠤᠨ ᠰᠦᠯᠵᠢᠶ᠎ᠠ