ᠨᠤᠲᠤᠭ ᠎ ᠤᠨ  ᠮᠢᠨᠢ  ᠭᠤᠷᠪᠠᠨ  ᠤᠶᠠᠩᠭ᠎ᠠ
  
2022/9/8
    ᠪᠡ᠊ ᠪᠦᠭᠡ           ᠤᠲᠤᠭ  ᠎ ᠤᠨ  ᠮᠢᠨᠢ  ᠭᠤᠷᠪᠠᠨ ᠤᠶᠠᠩᠭ᠎ᠠ          ᠮᠡᠨ ᠤ ᠬᠢ ᠨᠢ ᠠᠭᠯᠠᠭ ᠠᠭᠤᠯᠠᠨ ᠳᠤ ᠰᠠᠭᠤᠲᠠᠭ ᠪᠠᠶᠢᠪᠠ᠃ ᠬᠠᠲᠠ ᠴᠢᠯᠠᠭᠤ ᠰᠡᠬᠦᠶᠢᠨ ᠬᠠᠨᠠᠷᠠᠵᠤ᠂ ᠬᠠᠶᠢᠯᠠᠰᠤ ᠪᠤᠲᠠ ᠭᠤᠤ ᠵᠢᠯᠠᠭ᠎ᠠ ᠪᠦᠬᠦᠨ ᠎ ᠳᠤᠨᠢ ᠨᠤᠭᠤᠭᠠᠷᠠᠵᠤ᠂ ᠪᠤᠷᠬᠠᠨᠲᠤ ᠶᠢᠨ ᠭᠤᠤᠯ ᠪᠤᠮᠠᠨ ᠮᠠᠯ ᠢᠶᠠᠨ ᠤᠮᠲᠠᠯᠠᠨ ᠡᠨᠡ ᠨᠤᠲᠤᠭ ᠤᠨ ᠬᠠᠯᠠᠭᠤᠨ ᠡᠯᠢᠭᠡ ᠪᠠᠷ ᠮᠤᠷᠤᠯᠵᠠᠨ ᠦᠩᠭᠡᠷᠡᠲᠡᠭ ᠢᠶᠠᠷ ᠪᠤᠶᠢᠲᠠ ᠪᠦᠭᠯᠡᠬᠦᠦ ᠴᠦ ᠦᠷ᠎ᠡ ᠨᠠᠲᠠ ᠳᠤ ᠪᠠᠨ ᠵᠢᠷᠭᠠᠯ ᠤᠨ ᠲᠠᠷᠬᠠᠨ ᠤᠷᠤᠨ ᠭᠡᠵᠤ ᠮᠠᠲᠠ ᠃                                 ᠨᠤᠲᠤᠭ  ᠎ ᠤᠨ  ᠮᠢᠨᠢ  ᠴᠢᠯᠠᠭᠤ           ᠨᠠᠲᠠ ᠶᠢ ᠪᠠᠭ᠎ᠠ ᠪᠠᠶᠢᠬᠤ ᠳᠤ᠂ ᠪᠢᠴᠢᠭ ᠰᠤᠶᠤᠯ ᠦᠭᠡᠢ ᠲᠡᠮᠡᠢ ᠰᠤᠷᠤᠭᠰᠠᠨ ᠦᠭᠡᠢ ᠬᠦᠲᠡᠭᠡ ᠶᠢᠨ ᠬᠦᠮᠦᠨ ᠳᠤ ᠴᠡᠴᠡᠷᠯᠢᠭ ᠤᠨ ᠬᠦᠮᠦᠵᠢᠯ ᠶᠠᠭᠤ ᠭᠡᠲᠡᠭ ᠤᠶᠢᠯᠠᠭᠠᠭᠲᠠᠬᠤᠨ ᠲᠤᠩ ᠪᠠᠯᠠᠷᠬᠠᠢ ᠪᠠᠶᠢᠭᠰᠠᠨ᠃ ᠨᠡᠢᠮᠠ ᠬᠦᠷᠴᠢᠭᠡᠭᠰᠡᠨ ᠪᠠᠶᠢᠲᠠᠯ᠎ᠠ ᠠᠪᠤ ᠡᠵᠢ ᠪᠠᠨ ᠬᠠᠪᠰᠤᠷᠤᠨ ᠬᠦᠲᠡᠭᠡ ᠶᠢᠨ ᠠᠮᠢᠲᠤᠷᠠᠯ ᠳᠤ ᠱᠤᠩᠪᠠᠵᠤ ᠶᠠᠪᠤᠨ᠎ᠠ᠃ ᠡᠵᠢ ᠠᠪᠤ ᠬᠤᠨᠢ ᠢᠮᠠᠭ᠎ᠠ ᠪᠠᠨ ᠲᠤᠭᠠᠯᠠᠬᠤ ᠶᠢ ᠰᠤᠨᠢᠭᠤᠨᠴᠢᠯᠠᠨ᠂ ᠠᠷᠠᠪ ᠲᠤᠭ᠎ᠠ ᠶᠢ ᠠᠩᠬᠠᠯᠠᠨ ᠰᠤᠷᠴᠤ ᠨᠢᠭᠡ ᠠᠴᠠ ᠡᠬᠢᠯᠡᠭᠡᠳ ᠭᠡᠲᠤᠨ ᠵᠠᠭᠤ ᠬᠦᠷᠲᠡᠯ᠎ᠡ ᠲᠤᠭᠠᠯᠠᠴᠢᠬᠠᠲᠠᠭ ᠪᠠᠶᠢᠯ᠎ᠠ᠃ ᠠᠪᠤ ᠶᠢᠨ ᠲᠠᠭᠤᠯᠠᠭᠰᠠᠨ ᠲᠠᠭᠤᠤ ᠶᠢ ᠬᠠᠭᠠᠰ ᠲᠤᠲᠠᠭᠤ᠂ ᠬᠤᠲᠠᠯ ᠦᠨᠡᠨ ᠢᠶᠠᠷ ᠦᠭᠡ ᠵᠤᠬᠢᠶᠠᠨ ᠰᠤᠯᠤᠭᠠᠢ ᠪᠤᠷᠤᠭᠤ ᠬᠤᠭᠤᠯᠠᠢ ᠪᠠᠷ ᠴᠢᠨᠡᠭᠡ ᠮᠡᠲᠡᠨ ᠲᠠᠭᠤᠯᠠᠴᠢᠬᠠᠭᠰᠠᠨ ᠡᠵᠢ ᠪᠠᠨ ᠬᠠᠪᠰᠤᠷᠤᠨ ᠬᠤᠷᠠᠭ᠎ᠠ ᠢᠰᠢᠭᠡᠨ ᠳᠤ ᠶᠠᠪᠤᠭᠰᠠᠨ ᠢ ᠡᠯᠲᠡᠪ ᠤᠨ ᠠᠮᠢᠲᠠᠨ ᠤ ᠲᠦᠷᠰᠤ ᠲᠠᠢ ᠨᠤᠲᠤᠭ ᠎ ᠤᠨ ᠮᠢᠨᠢ ᠴᠢᠯᠠᠭᠤ ᠲᠤᠪ ᠲᠤᠲᠤᠷᠬᠠᠢ ᠮᠡᠲᠡᠵᠦ ᠪᠠᠶᠢᠬ᠎ᠠ ᠳ᠋ᠠ᠃          ᠨᠠᠷᠠᠨ ᠳᠤᠨᠢ ᠰᠢᠷᠠᠭᠲᠠᠵᠤ᠂ ᠪᠤᠷᠤᠭᠠᠨ ᠳᠤᠨᠢ ᠰᠢᠪᠰᠢᠭᠲᠡᠵᠦ᠂ ᠰᠠᠯᠬᠢᠨ ᠳᠤᠨᠢ ᠦᠯᠢᠶᠡᠭᠲᠡᠭᠰᠡᠨ ᠨᠤᠲᠤᠭ ᠤᠨ ᠮᠢᠨᠢ ᠴᠢᠯᠠᠭᠤ ᠭᠡᠵᠤ ᠭᠡᠯᠡᠬᠦ ᠠᠴᠠ ᠵᠤᠨ ᠤ ᠬᠠᠯᠠᠭᠤᠨ ᠳᠤ ᠠᠪᠤ ᠶᠢᠨ ᠢᠶᠠᠨ ᠲᠤᠮᠤ ᠪᠡᠶ᠎ᠡ ᠰᠢᠭ ᠰᠡᠬᠦᠲᠡᠷ ᠲᠤᠨᠢ ᠰᠡᠷᠢᠬᠦᠴᠡᠵᠦ᠂ ᠬᠠᠬᠢᠷ ᠡᠪᠤᠯ ᠤᠨ ᠬᠦᠢᠲᠡᠨ ᠳᠤ ᠡᠵᠢ ᠶᠢᠨ ᠢᠶᠠᠨ ᠲᠤᠯᠠᠭᠠᠨ ᠡᠪᠦᠷ ᠰᠢᠭ ᠨᠦᠮᠦᠷᠢ ᠳᠤᠨᠢ ᠬᠤᠷᠭᠤᠲᠠᠵᠤ ᠶᠠᠪᠤᠭᠰᠠᠨ ᠤᠨᠠᠭᠠᠨ ᠪᠠᠭ᠎ᠠ ᠶᠢᠨ ᠲᠤᠷᠠᠰᠤᠮᠵᠢ  ᠤᠭᠤᠷᠠᠭ ᠲᠠᠷᠢᠬᠢᠨ ᠳᠤ ᠮᠢᠨᠢ ᠮᠦᠩᠭᠡ ᠰᠡᠶᠢᠯᠦᠭᠳᠡᠵᠡᠢ᠃ ᠨᠤᠲᠤᠭ ᠤᠨ ᠮᠢᠨᠢ ᠴᠢᠯᠠᠭᠤ ᠬᠠᠴᠢᠨ ᠰᠤᠨᠢᠨ ᠭᠡᠯᠪᠡᠷᠢ ᠲᠠᠢ᠃ ᠡᠷᠡᠯᠭᠡᠭ ᠪᠦᠷᠬᠦᠳ ᠠᠮᠠᠷᠠᠵᠤ ᠪᠠᠶᠢᠭ᠎ᠠ ᠴᠦ ᠶᠤᠮᠰᠢᠭ᠂ ᠡᠭᠡᠷᠡᠤᠯ ᠲᠠᠢ ᠤᠲᠠᠰᠤ ᠪᠦᠮᠪᠦᠷᠢᠵᠦ ᠪᠠᠶᠢᠭ᠎ᠠ ᠴᠦ ᠶᠤᠮᠰᠢᠭ᠂ ᠬᠤᠮ ᠲᠠᠢ ᠲᠡᠮᠡᠭᠡ ᠭᠡᠪᠲᠡᠵᠦ ᠪᠠᠶᠢᠭ᠎ᠠ ᠴᠦ ᠶᠤᠮᠰᠢᠭ᠂ ᠬᠤᠨᠢ ᠢᠮᠠᠭ᠎ᠠ ᠪᠡᠯᠴᠢᠵᠦ ᠪᠠᠶᠢᠭ᠎ᠠ ᠴᠦ ᠶᠤᠮᠰᠢᠭ ᠪᠠᠶᠢᠵᠤ᠂ ᠴᠢᠯᠠᠭᠤ ᠪᠤᠯᠭᠠᠨ ᠦᠪᠡᠷ ᠦᠪᠡᠷ ᠤᠨ ᠶᠠᠩᠵᠤ ᠭᠡᠯᠪᠡᠷᠢ ᠪᠠᠷ ᠢᠶᠠᠨ ᠤᠷᠢᠲᠤ ᠶᠢᠨ ᠲᠤᠮᠤᠭ ᠬᠦᠦᠷᠨᠢᠲᠡᠭ ᠪᠠᠶᠢᠯ᠎ᠠ᠃         — ᠢᠷᠡᠬᠦ ᠨᠠᠮᠤᠷ ᠠᠴᠠ ᠮᠢᠨᠤ ᠬᠦᠦ ᠰᠤᠷᠭᠠᠭᠤᠯᠢ ᠳᠤ ᠪᠢᠴᠢᠭ ᠦᠵᠡᠬᠦ ᠪᠠᠷ ᠶᠠᠪᠤᠬᠤ ᠶᠤᠮ ᠰᠢᠤ᠂ ᠲᠡᠭᠡᠪᠡᠯ ᠮᠢᠨᠤ ᠬᠦᠦ ᠡᠷᠲᠡᠮ ᠨᠤᠮ ᠲᠠᠢ ᠬᠦᠮᠦᠨ ᠪᠤᠯᠤᠨ᠎ᠠ ᠰᠢᠤ ᠭᠡᠵᠤ ᠡᠵᠢ ᠮᠢᠨᠢ ᠭᠡᠯᠡᠬᠦ ᠪᠠᠷ ᠨᠢ ᠲᠠᠷᠠᠭ᠎ᠠ ᠵᠢᠯ ᠤᠨ ᠨᠠᠮᠤᠷ ᠪᠤᠯᠪᠠᠯ ᠪᠢᠴᠢᠭ ᠰᠤᠶᠤᠯ ᠲᠠᠢ ᠬᠦᠮᠦᠨ ᠪᠤᠯᠴᠢᠬᠠᠨ᠎ᠠ ᠭᠡᠵᠤ ᠬᠦᠭᠡᠷᠡᠲᠡᠭ ᠪᠠᠶᠢᠯ᠎ᠠ᠃ ᠲᠡᠭᠡᠭᠡᠳ ᠵᠠᠯᠭᠠᠭᠠᠳ ᠬᠤᠷᠠᠭ᠎ᠠ ᠢᠰᠢᠭᠡᠨ ᠳᠤ ᠪᠠᠨ ᠶᠠᠪᠤᠨ᠎ᠠ᠂ ᠨᠤᠲᠤᠭ ᠤᠨ ᠴᠢᠯᠠᠭᠤ ᠪᠠᠨ ᠭᠡᠭᠡᠬᠦ ᠠᠴᠠ ᠠᠶᠤᠭᠰᠠᠨ ᠶᠤᠮᠰᠢᠭ ᠲᠤᠮᠤ ᠲᠤᠮᠤ ᠴᠢᠯᠠᠭᠤ ᠎ ᠶᠢ ᠨᠢ ᠡᠲᠦᠷ ᠡᠲᠦᠷ ᠨᠢᠭᠡ ᠤᠲᠠᠭ᠎ᠠ ᠲᠤᠭᠠᠯᠠᠵᠤ ᠦᠵᠡᠨ᠎ᠠ᠃ ᠨᠤᠶᠢᠷ ᠬᠦᠷᠲᠡᠯ᠎ᠡ ᠪᠠᠨ ᠲᠤᠭᠠᠯᠠᠨ᠎ᠠ᠂ ᠤᠲᠤ ᠪᠤᠯᠲᠠᠯ᠎ᠠ ᠴᠤᠬᠤᠮ ᠭᠡᠴᠢᠨᠠᠨ ᠪᠠᠶᠢᠭ᠎ᠠ ᠶᠢ ᠮᠡᠲᠡᠭᠡ ᠦᠭᠡᠢ ᠶᠠᠪᠤᠨ᠎ᠠ᠃        ᠨᠢᠭᠡ ᠮᠡᠲᠡᠬᠦ ᠳᠤ ᠯᠠ ᠪᠢ ᠨᠤᠲᠤᠭ ᠤᠨ ᠢᠶᠠᠨ ᠴᠢᠯᠠᠭᠤ ᠶᠢ ᠲᠤᠭᠠᠯᠠᠭᠰᠠᠨ ᠦᠭᠡᠢ ᠭᠤᠴᠢ ᠭᠠᠷᠤᠢ ᠵᠢᠯ ᠪᠤᠯᠴᠢᠬᠠᠵᠠᠢ᠃ ᠨᠤᠲᠤᠭ ᠤᠨ ᠮᠢᠨᠢ ᠴᠢᠯᠠᠭᠤ ᠨᠠᠲᠠ ᠵᠢᠵᠢᠭᠷᠡᠴᠢᠭᠡᠭᠰᠡᠨ ᠬᠠᠷᠠᠭᠲᠠᠨ᠎ᠠ᠃ ᠭᠡᠲᠦ ᠭᠡᠲᠦᠨ ᠴᠢᠯᠠᠭᠤ ᠲᠠᠪᠬᠤᠷᠯᠠᠨ ᠲᠡᠯᠪᠢᠭᠠᠳ ᠲᠦᠷᠦᠭᠡᠯᠡᠵᠦ ᠭᠠᠷᠲᠠᠭ ᠲᠡᠮᠡᠭᠡ ᠬᠠᠲᠠ ᠮᠢᠨᠤ ᠴᠡᠭᠡᠵᠢᠨ ᠭᠡᠰᠡᠭ ᠤᠨ ᠬᠢᠷᠢ ᠯᠠ ᠦᠨᠲᠦᠷ ᠪᠠᠶᠢᠵᠠᠢ᠃ 《ᠡᠷ᠎ᠡ ᠦᠰᠲᠡᠭ ᠢᠰᠡᠭᠡᠢ ᠰᠤᠨᠤᠲᠠᠭ》 ᠭᠡᠭᠦ ᠲᠡᠭᠡᠲᠦᠰ ᠤᠨ ᠮᠢᠨᠢ ᠦᠭᠡ ᠲᠡᠷᠡ ᠴᠡᠭ ᠢᠶᠠᠷ ᠬᠦᠨ ᠤᠬᠠᠭᠠᠨ ᠪᠠᠶᠢᠵᠠᠢ ᠳ᠋ᠠ᠃ ᠠᠪᠤ ᠶᠢᠨ ᠬᠦᠦ ᠦᠲᠦᠯᠡᠵᠦ ᠬᠤᠯᠠ ᠨᠢᠰᠴᠠᠢ᠂ ᠨᠤᠲᠤᠭ ᠤᠨ ᠮᠢᠨᠢ ᠴᠢᠯᠠᠭᠤ ᠬᠠᠬᠢᠷ ᠡᠪᠦᠯ᠂ ᠬᠠᠯᠠᠭᠤᠨ ᠵᠤᠨ ᠢ ᠢᠯᠭᠠᠯ ᠦᠭᠡᠢ ᠤᠭ ᠤᠷᠤᠨ ᠳᠤ ᠪᠠᠨ ᠬᠦᠲᠡᠯᠦᠯ ᠦᠭᠡᠢ ᠨᠤᠲᠤᠭ ᠢᠶᠠᠨ ᠰᠠᠬᠢᠭᠰᠠᠭᠠᠷ ᠁      
            