ᠡᠯ᠎ᠡ ᠭᠠᠵᠠᠷ ᠤᠨ ᠬᠢᠨ ᠣᠨᠴᠠᠯᠢᠭᠲᠤ ᠠᠵᠤ ᠦᠢᠯᠡᠰ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠵᠦ ᠦᠷ᠎ᠡ ᠠᠰᠢᠭ ᠢ ᠨᠢ ᠨᠡᠮᠡᠭᠳᠡᠭᠦᠯᠦᠨ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠠᠵᠢᠯ ᠢ ᠯᠠᠪᠳᠠᠭᠤᠨ ᠪᠠᠲᠤᠲᠠᠢ ᠠᠬᠢᠭᠤᠯᠵᠤ᠂ ᠴᠣ ᠰᠢᠨ᠎ᠡ ᠳᠦᠷᠢ ᠲᠥᠷᠬᠦ ᠪᠠᠷ ᠨᠠᠮ ᠤᠨ ᠬᠤᠷᠢᠳᠤᠭᠠᠷ ᠳ᠋ᠤᠭᠠᠷ ᠶᠡᠭᠡ ᠬᠤᠷᠠᠯ ᠤᠨ ᠢᠯᠠᠯᠲᠠ ᠲᠠᠢ ᠬᠤᠷᠠᠯᠳᠤᠬᠤ ᠶᠢ ᠤᠭᠲᠤᠵᠤ ᠪᠠᠶᠢᠨ᠎ᠠ
ᠨᠡᠶᠢᠲᠡᠯᠡᠭᠰᠡᠨ ᠴᠠᠭ᠄
2022/9/27
         ᠡᠯ᠎ᠡ ᠭᠠᠵᠠᠷ  ᠤᠨ  ᠬᠢᠨ ᠣᠨᠴᠠᠯᠢᠭᠲᠤ ᠠᠵᠤ ᠦᠢᠯᠡᠰ  ᠤᠨ ᠴᠢᠨᠠᠷ ᠴᠢᠨᠰᠠᠭ᠎ᠠ  ᠶᠢ ᠳᠡᠭᠡᠭᠰᠢᠯᠡᠭᠦᠯᠵᠦ ᠦᠷ᠎ᠡ  ᠠᠰᠢᠭ   ᠢ ᠨᠢ ᠨᠡᠮᠡᠭᠳᠡᠭᠦᠯᠦᠨ᠂ ᠬᠥᠳᠡᠭᠡ ᠲᠣᠰᠬᠤᠨ  ᠢ ᠬᠥᠭᠵᠢᠭᠦᠯᠦᠨ  ᠮᠠᠨᠳᠤᠭᠤᠯᠬᠤ  ᠠᠵᠢᠯ   ᠢ  ᠯᠠᠪᠳᠠᠭᠤᠨ  ᠪᠠᠲᠤᠲᠠᠢ  ᠠᠬᠢᠭᠤᠯᠵᠤ᠂ᠭᠠᠴᠠᠭ᠎ᠠ ᠲᠣᠰᠬᠤᠨ  ᠤ ᠢᠷᠭᠡᠳ  ᠤᠨ ᠣᠯᠣᠯᠲᠠ ᠬᠦᠷᠲᠡᠭᠡᠮᠵᠢ ᠪᠠ ᠵᠣᠯ ᠵᠢᠷᠭᠠᠯᠲᠤ  ᠰᠡᠳᠬᠢᠯᠭᠡ   ᠶᠢ   ᠨᠢ  ᠨᠡᠮᠡᠭᠳᠡᠭᠦᠯᠦᠨ  ᠴᠣ‌‍ᠰᠢᠨ᠎ᠡ ᠳᠦᠷᠢ ᠲᠥᠷᠬᠦ  ᠪᠠᠷ ᠨᠠᠮ  ᠤᠨ ᠬᠤᠷᠢᠳᠤᠭᠠᠷ ᠶᠡᠭᠡ ᠬᠤᠷᠠᠯ  ᠤᠨ ᠢᠯᠠᠯᠲᠠ  ᠲᠠᠢ ᠬᠤᠷᠠᠯᠳᠤᠬᠤ  ᠶᠢ ᠤᠭᠲᠤᠵᠤ ᠪᠠᠶᠢᠨ᠎ᠠ᠃          ᠠᠯᠲᠠᠨ ᠨᠠᠮᠤᠷ  ᠤᠨ ᠰᠢᠷᠭᠠᠯ ᠤᠯᠠᠷᠢᠯ  ᠳᠤ ᠠᠯᠢᠮ᠎ᠠ ᠵᠢᠮᠢᠰ  ᠤᠨ  ᠰᠣᠷᠭᠤᠭ  ᠦᠨᠦᠷ  ᠠᠯᠤᠰ   ᠤᠨ  ᠭᠠᠵᠠᠷ  ᠡᠴᠠ‌ᠬᠠᠩᠬᠤᠯᠤᠨ᠎ᠠ᠃ ᠬᠠᠷᠠᠮᠥ᠋ᠷᠡᠨ ᠮᠤᠵᠢ  ᠶᠢᠨ ᠵᠢᠢ ᠰᠢ ᠬᠤᠲᠠ  ᠶᠢᠨ ᠵᠢᠢ ᠳ᠋ᠦᠩ ᠰᠢᠶᠠᠨ  ᠤ ᠳ᠋ᠦᠩ ᠬᠠᠢ ᠪᠠᠯᠭᠠᠰᠤᠨ  ᠤ ᠭᠤᠤ ᠹᠧᠩ‌‍ᠲ᠋ᠣᠰᠬᠤᠨ  ᠤ ᠮᠢᠩᠭᠠᠨ ᠮᠦ  ᠶᠢᠨ ᠠᠯᠢᠮ᠎ᠠ  ᠶᠢᠨ ᠬᠦᠷᠢᠶᠡᠯᠡᠩ  ᠤᠨ ᠠᠯᠢᠮ᠎ᠠ ᠡᠯᠪᠡᠭ  ᠬᠤᠷᠢᠶᠠᠯᠲᠠ  ᠣᠯᠵᠤ᠂  ᠲᠠᠷᠢᠶᠠᠴᠢᠳ  ‍ᠣᠨ‌‍ᠪᠠᠶᠠᠷ  ᠤᠨ ᠮᠠᠩᠨᠠᠢ ᠲᠡᠨᠢᠢᠯ᠎ᠡ᠃ ᠭᠤᠤ ᠹᠧᠩ ᠲᠣᠰᠬᠤᠨ ᠳᠣᠪᠤ ᠲᠣᠯᠣᠭᠠᠳ ᠦᠷᠭᠦᠯᠵᠢᠯᠡᠭᠰᠡᠨ  ᠭᠠᠵᠠᠷ   ᠤᠨ  ᠪᠠᠶᠢᠴᠠ  ᠳ᠋ᠠᠭᠠᠨ‌‍ᠲ᠋ᠣᠬᠢᠷᠠᠭᠤᠯᠤᠨ ᠠᠯᠢᠮ᠎ᠠ ᠵᠢᠮᠢᠰ  ᠢ ᠬᠡᠪᠴᠢᠶᠡᠵᠢᠭᠦᠯᠦᠨ ᠲᠠᠷᠢᠬᠤ ᠠᠵᠤ ᠦᠢᠯᠡᠰ  ᠢ ᠬᠥᠭᠵᠢᠭᠦᠯᠦᠭᠰᠡᠨ ᠪᠠᠶᠢᠨ᠎ᠠ᠃  ᠲᠣᠰᠬᠤᠨ  ‍ᠣ‌ᠬᠤᠶᠢᠲᠤ ᠲᠠᠯ᠎ᠠ  ᠶᠢᠨ ᠳᠣᠪᠤ ᠳᠡᠭᠡᠷ᠎ᠡ 2 ᠵᠢᠯ  ᠤᠨ ᠳᠣᠲᠣᠷ᠎ᠠ 600 ᠭᠠᠷᠤᠢ ᠮᠦ ᠲᠠᠯᠠᠪᠠᠢ   ᠲᠠᠢ  ᠠᠯᠢᠮ᠎ᠠ   ᠶᠢᠨ  ᠮᠣᠳᠣᠨ  ‍ᠣ‌‍ᠬᠦ᠋ᠷᠢᠶᠡᠯᠡᠩ ᠪᠠᠶᠢᠭᠤᠯᠵᠤ᠂ ᠲᠤᠬᠠᠢ  ᠶᠢᠨ ᠭᠠᠵᠠᠷ  ᠤᠨ 100 ᠭᠠᠷᠤᠢ ᠲᠠᠷᠢᠶᠠᠴᠢᠨ ᠡᠷᠦᠬᠡ   ᠳᠤ  ᠳᠠᠭᠠᠭᠠᠴᠢᠯᠠᠭᠤᠯᠤᠭᠰᠠᠨ  ᠵᠶ᠋ᠡᠷ‌ᠥᠩᠭᠡᠷᠡᠭᠰᠡᠨ  ᠳᠤ ᠲᠠᠴᠢᠷ ᠪᠠᠶᠢᠭᠰᠠᠨ ᠭᠠᠵᠠᠷ ᠰᠢᠷᠣᠢ ᠣᠳᠣ ᠲᠠᠷᠢᠶᠠᠴᠢᠳ  ᠤᠨ ᠣᠷᠣᠯᠭ᠎ᠠ  ᠶᠢᠨ ᠭᠤᠣᠯ ᠢᠷᠡᠯᠲᠡ  ᠪᠣᠯᠣᠭᠰᠠᠨ‌‍ᠪᠣᠯᠣᠨ᠎ᠠ᠃ ᠭᠤᠤ ᠹᠧᠩ ᠲᠣᠰᠬᠤᠨ  ᠤ ᠨᠠᠮ  ᠤᠨ ᠡᠭᠦᠷ  ᠤᠨ ᠱᠦᠵᠢ ᠭᠧ ᠱᠸᠦ ᠹᠧᠩ ᠬᠡᠯᠡᠬᠦ  ᠳᠡᠭᠡᠨ᠂ ᠨᠠᠮ   ᠤᠨ  ᠬᠤᠷᠢᠳᠤᠭᠠᠷ‌‍ᠶᠡᠭᠡ ᠬᠤᠷᠠᠯ ᠤᠳᠠᠯ ᠦᠭᠡᠢ ᠬᠤᠷᠠᠯᠳᠤᠬᠤ  ᠭᠡᠵᠤ  ᠪᠠᠶᠢᠭ᠎ᠠ  ᠦᠶ᠎ᠡ   ᠳᠤ  ᠪᠢᠳᠠ  ᠬᠥᠳᠡᠭᠡ  ᠲᠣᠰᠬᠤᠨ   ᠢ  ᠬᠥᠭᠵᠢᠭᠦᠯᠦᠨ ᠮᠠᠨᠳᠤᠭᠤᠯᠬᠤ ᠠᠯᠬᠤᠴᠠ  ᠪᠠᠨ ᠲᠠᠰᠤᠷᠠᠯᠲᠠ ᠦᠭᠡᠢ ᠲᠦᠷᠭᠡᠳᠬᠡᠵᠦ᠂ ᠨᠡᠩ ᠰᠠᠶᠢᠨ ᠰᠠᠶᠢᠬᠠᠨ ᠢᠷᠡᠭᠡᠳᠦᠢ ᠵᠦᠭ  ᠤᠷᠤᠭᠰᠢᠯᠠᠬᠤ‌‍ᠪᠣᠯᠣᠨ᠎ᠠ ᠭᠡᠵᠡᠢ᠃          ᠡᠨᠡ ᠬᠤᠶᠠᠷ ᠬᠤᠨᠤᠭ ᠰᠢᠨᠵᠢᠶᠠᠩ  ᠤᠨ ᠮᠠᠨᠠᠰ ᠰᠢᠶᠠᠨ  ᠳᠠᠬᠢ ᠭᠤᠸᠠᠩᠳᠦ᠋ᠩ  ᠤᠨ ᠳ᠋ᠢ ᠰᠢᠶᠠᠩ  ᠤᠨ ᠲᠦᠮᠡᠨ ᠮᠦ  ᠵᠢᠨ‌‍ᠲ᠋ᠠᠯᠠᠪᠠᠢ  ᠲᠠᠢ ᠨᠠᠢᠮᠠᠯᠵᠢ ᠲᠡᠵᠢᠭᠡᠬᠦ ᠠᠮᠢ ᠠᠬᠤᠢ  ᠶᠢᠨ ᠲᠣᠭᠤᠷᠢᠭ  ᠤᠨ   ᠬᠢᠨ  ᠰᠢᠨ᠎ᠡ  ᠰᠣᠷᠭᠤᠭ  ᠨᠠᠢᠮᠠᠯᠵᠢ   ᠶᠢ  ᠠᠭᠠᠷ  ᠵᠶ᠋ᠠᠷ‌ᠵᠥ᠋ᠭᠡᠭᠡᠪᠦᠷᠢᠯᠡᠨ ᠵᠠᠬ᠎ᠠ  ᠳᠡᠯᠭᠡᠭᠦᠷ   ᠲᠤ  ᠭᠠᠷᠭᠠᠵᠤ  ᠪᠠᠶᠢᠨ᠎ᠠ᠃  ᠭᠤᠸᠠᠩᠳᠦ᠋ᠩ   ᠤᠨ  ᠳ᠋ᠢ  ᠰᠢᠶᠠᠩ   ᠤᠨ   ᠬᠢᠨ  ᠺᠣᠮᠫᠠᠨᠢ᠂ᠬᠤᠷᠰᠢᠶᠠᠵᠢᠯ᠂ ᠲᠡᠵᠢᠭᠡᠵᠦ ᠦᠷᠡᠵᠢᠭᠦᠯᠬᠦ ᠡᠷᠦᠬᠡ ᠬᠠᠮᠲᠤᠷᠠᠬᠤ ᠠᠷᠭ᠎ᠠ ᠬᠡᠯᠪᠡᠷᠢ  ᠪᠠᠷ  ᠲᠡᠵᠢᠭᠡᠵᠦ  ᠦᠷᠡᠵᠢᠭᠦᠯᠬᠦ  ᠡᠷᠦᠬᠡ  ᠵᠢᠨ‌ᠣᠷᠣᠯᠭ᠎ᠠ  ᠶᠢ ᠨᠡᠮᠡᠭᠳᠡᠭᠦᠯᠦᠨ ᠪᠠᠶᠠᠵᠢᠨ ᠴᠢᠨᠡᠭᠡᠯᠢᠭᠵᠢᠭᠦᠯᠵᠦ ᠪᠠᠶᠢᠨ᠎ᠠ᠃ ᠲᠡᠵᠢᠭᠡᠵᠦ ᠦᠷᠡᠵᠢᠭᠦᠯᠬᠦ ᠡᠷᠦᠬᠡ  ᠶᠢᠨ ᠡᠵᠡᠨ  ᠢᠮᠢᠨ᠂ᠠᠶᠢᠮᠠᠶᠢᠷ ᠬᠡᠯᠡᠬᠦ  ᠳᠡᠭᠡᠨ᠂ ᠥᠩᠭᠡᠷᠡᠭᠰᠡᠨ  ᠳᠤ ᠪᠢᠳᠠ ᠨᠠᠢᠮᠠᠯᠵᠢ  ᠶᠢᠨ  ᠮᠢᠬ᠎ᠠ  ᠠᠮᠲᠠᠯᠠᠵᠤ  ᠦᠵᠡᠭᠡ  ᠦᠭᠡᠢ᠂  ᠣᠳᠣ  ᠪᠢᠳᠠ‌‍ᠲ᠋ᠡᠵᠢᠭᠡᠭᠰᠡᠨ ᠨᠠᠢᠮᠠᠯᠵᠢ  ᠪᠠᠨ ᠲᠣᠮᠣ ᠬᠤᠲᠠ  ᠳᠤ ᠬᠦᠷᠭᠡᠨ ᠬᠤᠳᠠᠯᠳᠤᠵᠤ ᠪᠠᠶᠢᠭ᠎ᠠ  ᠳᠠᠭᠠᠨ ᠮᠠᠰᠢ ᠪᠠᠶᠠᠷᠯᠠᠵᠤ ᠪᠠᠶᠢᠨ᠎ᠠ᠃ ᠨᠠᠮ ‍ᠣᠨ‌ᠬᠤᠷᠢᠳᠤᠭᠠᠷ ᠶᠡᠭᠡ ᠬᠤᠷᠠᠯ ᠬᠤᠷᠠᠯᠳᠤᠬᠤ ᠭᠡᠵᠤ ᠪᠠᠶᠢᠭ᠎ᠠ  ᠡᠨᠡ  ᠦᠶ᠎ᠡ   ᠶᠢ  ᠪᠢᠳᠠ  ᠮᠠᠰᠢ  ᠬᠦᠰᠡᠨ  ᠬᠦᠯᠢᠶᠡᠵᠦ  ᠬᠥᠭᠰᠡᠨ‌ᠵᠣᠷᠢᠭᠵᠢᠵᠤ ᠪᠤᠢ᠂ ᠨᠠᠮ  ᠤᠨ ᠤᠳᠤᠷᠢᠳᠤᠯᠭ᠎ᠠ ᠳᠣᠣᠷ᠎ᠠ ᠪᠢᠳᠠᠨ  ᠤ ᠠᠮᠢᠳᠤᠷᠠᠯ ᠤᠯᠠᠮ ᠵᠣᠯ ᠵᠢᠷᠭᠠᠯᠲᠠᠢ᠂ ᠤᠯᠤᠰ ᠣᠷᠣᠨ ᠤᠯᠠᠮ ᠬᠦᠴᠦᠷᠬᠡᠭᠵᠢᠨ᠎ᠡ ᠭᠡᠳᠡᠭ  ᠲᠤ ᠢᠲᠡᠭᠡᠯ ᠳᠦᠭᠦᠷᠡᠩ ᠪᠠᠶᠢᠨ᠎ᠠ ᠭᠡᠯ᠎ᠡ᠃         ᠱᠠᠨᠳᠦ᠋ᠩ  ᠤᠨ ᠴᠢᠩᠳᠣᠣ  ᠶᠢᠨ ᠯᠠᠢ ᠰᠢ ᠬᠤᠲᠠ  ᠶᠢᠨ ᠱᠦᠢ ᠵᠢᠢ ᠵᠡᠭᠡᠯᠢ  ᠶᠢᠨ ᠴᠠᠨ ᡁᠢ ᠲᠣᠰᠬᠤᠨ  ᠤ ᠴᠠᠭᠠᠨ ᠬᠡᠷᠡᠮ‌‍ᠬᠥ᠋ᠬᠡ ᠸᠠᠭᠠᠷ  ᠤᠨ ᠪᠠᠶᠢᠰᠢᠩ᠂ ᠴᠢᠯᠠᠭᠤᠨ ᠬᠠᠪᠲᠠᠰᠤᠨ ᠵᠠᠮ  ᠨᠢ ᠬᠤᠯᠠ ᠣᠶᠢᠷ᠎ᠠ  ᠶᠢᠨ ᠵᠢᠭᠤᠯᠴᠢᠯᠠᠭᠴᠢᠳ   ᠤᠨ  ᠰᠣᠨᠢᠷᠬᠠᠯ  ᠢ‌‍ᠲ᠋ᠠᠲᠠᠨ᠎ᠠ᠃ ᠬᠥᠳᠡᠭᠡ  ᠠᠴᠠ ᠬᠤᠲᠠ ᠣᠷᠣᠵᠤ ᠠᠳᠠᠯ ᠦᠢᠯᠡᠰ ᠪᠣᠰᠬᠠᠵᠤ ᠪᠠᠶᠢᠭ᠎ᠠ ᠮᠠ ᠰᠢᠦ ᠡᠸ᠋  ᠤᠨ ᠭᠤᠯᠢᠷ ᠬᠤᠭᠤᠯᠠ  ᠵᠢᠨ‌‍ᠲ᠋ᠡᠯᠭᠡᠭᠦᠷ  ᠨᠢ ᠠᠳᠡ ᠪᠠᠶᠢᠷᠢᠯᠠᠳᠠᠭ᠃ ᠴᠠᠨ ᡁᠢ ᠲᠣᠰᠬᠤᠨ 2018 ᠣᠨ  ᠠᠴᠠ ᠡᠬᠢᠯᠡᠨ ᠬᠥᠳᠡᠭᠡ ᠲᠣᠰᠬᠤᠨ  ᠢ  ᠬᠥᠭᠵᠢᠭᠦᠯᠬᠦ‌ᠵᠠᠮ  ᠢ ᠬᠠᠶᠢᠨ ᠰᠦᠪᠡᠭᠴᠢᠯᠡᠵᠦ᠂ ᠲᠠᠷᠢᠶᠠᠴᠢᠳ  ᠤᠨ ᠵᠢᠷᠠᠭᠠᠳ ᠪᠠᠶᠢᠰᠢᠩ  ᠢ ᠵᠠᠰᠠᠨ  ᠰᠡᠯᠪᠢᠵᠦ᠂  ᠣᠨᠴᠠᠯᠢᠭᠲᠤ  ᠠᠷᠠᠳ  ‍ᠣᠨ‌ᠬᠤᠨᠤᠭ ᠪᠠᠭᠤᠳᠠᠯ᠂  ᠪᠣᠳᠠᠰ   ᠤᠨ  ᠪᠤᠰᠤ  ᠰᠣᠶᠣᠯ   ᠤᠨ  ᠥᠪ   ᠢ  ᠪᠡᠶᠡᠴᠢᠯᠡᠨ  ᠣᠶᠢᠯᠠᠭᠠᠬᠤ  ᠣᠷᠳᠣᠨ   ᠢ  ᠨᠡᠭᠡᠭᠡᠵᠦ᠂ ᠦᠵᠡᠰᠬᠦᠯᠡᠩᠲᠦ ᠰᠠᠶᠢᠬᠠᠨ ᠬᠥᠳᠡᠭᠡ ᠲᠣᠰᠬᠤᠨ  ᠢ ᠪᠠᠶᠢᠭᠤᠯᠬᠤ  ᠶᠢ ᠲᠡᠳᠬᠦᠨ ᠳᠡᠮᠵᠢᠬᠦ  ᠳᠤ ᠲᠦᠰᠢᠭᠯᠡᠨ ᠬᠥᠳᠡᠭᠡ ᠲᠣᠰᠬᠤᠨ  ‍ᠣ‌ᠠᠶᠠᠯᠠᠯ ᠵᠢᠭᠤᠯᠴᠢᠯᠠᠯ  ᠤᠨ ᠲᠤᠰᠬᠠᠶᠢᠵᠢᠭᠰᠠᠨ  ᠬᠤᠷᠰᠢᠶ᠎ᠠ  ᠪᠠᠶᠢᠭᠤᠯᠤᠭᠰᠠᠨ  ᠪᠠᠶᠢᠨ᠎ᠠ᠃  ᠨᠢᠳᠤᠨᠤᠨ  10  ᠲᠦᠮᠡ  ᠭᠠᠷᠤᠢ‌ᠵᠢᠭᠤᠯᠴᠢᠯᠠᠭᠴᠢᠳ  ᠢ ᠬᠦᠯᠢᠶᠡᠨ ᠵᠣᠴᠢᠯᠠᠵᠤ᠂ ᠲᠣᠰᠬᠤᠨ  ᠤ ᠬᠠᠮᠲᠤ  ᠶᠢᠨ ᠣᠷᠣᠯᠭ᠎ᠠ ᠪᠠᠷᠤᠭ  70  ᠲᠦᠮᠡᠨ  ᠲᠥᠭᠦᠷᠢᠭ  ᠲᠥ‌‍ᠬᠦ᠋ᠷᠴᠡᠢ᠃      
ᠢᠷᠡᠯᠲᠡ᠄ ᠠᠷᠠᠳ ᠤᠨ ᠰᠦᠯᠵᠢᠶ᠎ᠠ