| ᠬᠠᠪᠤᠷ ᠤᠨ ᠤᠷᠢᠨ ᠳᠤᠯᠠᠭᠠᠨ ᠳᠤ ᠬᠦᠳᠡᠭᠡ ᠨᠤᠳᠤᠭ ᠲᠠᠶᠢᠪᠤᠩᠬᠠᠨ ᠳᠤᠯᠠᠭᠠᠬᠠᠨ᠃ ᠡᠨᠡ ᠰᠠᠶᠢᠬᠠᠨ ᠠᠮᠤᠭᠤᠯᠠᠩᠨᠤᠳᠤᠭ ᠢᠶᠠᠨ ᠤᠶᠠᠩᠭᠠᠯᠠᠨ | ᠳᠠᠭᠤᠯᠠᠵᠦ ᠮᠠᠭᠳᠠᠨ ᠰᠢᠯᠦᠭᠯᠡᠳᠡᠭ ᠨᠢᠬᠡᠨ ᠡᠭᠡᠯ ᠵᠢᠷ ᠤᠨ ᠮᠠᠯᠴᠢᠨ ᠡᠪ ᠬᠠᠮᠳᠤ ᠨᠠᠮ ᠤᠨ ᠭᠡᠰᠢᠬᠦᠨᠬᠠᠶᠢᠷᠠ ᠰᠡᠳᠬᠢᠯᠭᠡ ᠲᠠᠢ ᠬᠦᠮᠤᠨ ᠪᠠᠶᠢᠳᠠᠭ ᠪᠤᠯ ᠬᠡᠰᠡᠨ | ᠪᠤᠳᠤᠯ ᠢᠶᠠᠷ ᠪᠢᠳᠠ ᠮᠠᠯᠴᠢᠨ ᠰᠤᠶᠤᠯᠮ᠎ᠠ ᠶᠢ ᠰᠤᠷᠪᠤᠯᠵᠢᠯᠠᠬᠤ ᠪᠠᠷᠬᠦ᠋ᠳᠡᠭᠡ ᠨᠤᠳᠤᠭ ᠢ ᠵᠤᠷᠢᠯ᠎ᠠ᠃ ᠰᠤᠶᠤᠯᠮ᠎ᠠ ᠪᠤᠯ ᠡᠸᠡᠩᠬᠢ ᠬᠤᠰᠢᠭᠤᠨ ᠤ ᠰᠢᠨᠡᠬᠡᠨ ᠵᠡᠭᠦᠨ | ᠰᠣᠮᠣᠨ ᠤ ᠪᠦᠷᠢᠳᠦ ᠭᠠᠴᠠᠭᠠᠨ ᠣᠮᠠᠯᠴᠢᠨ᠃ ᠨᠡᠨ ᠵᠢᠯ 54 ᠨᠠᠰᠣᠲᠠᠢ᠂ ᠨᠠᠮᠤᠭᠤᠬᠠᠨ ᠳᠦᠯᠭᠡᠭᠡᠨ ᠣᠶᠠᠨ ᠵᠦᠭᠡᠯᠡᠨ ᠵᠠᠩ ᠲᠠᠢ᠂ ᠴᠠᠶᠢᠯᠭᠠᠨ ᠴᠠᠭᠠᠪᠤᠷᠢ | ᠰᠡᠳᠬᠢᠯᠲ᠋ᠠᠢ ᠡᠶᠠᠯᠰᠡᠭ ᠬᠠᠯᠠᠭᠤᠮᠰᠤᠭ ᠮᠤᠩᠭᠤᠯ ᠪᠦᠰᠡᠬᠦᠢ᠃ ᠨᠥᠭᠦᠷ ᠲᠠᠰᠢᠪᠠᠯᠪᠠᠷ ᠨᠢ ᠰᠢᠨᠡᠬᠡᠨ ᠵᠡᠭᠦᠨ ᠰᠤᠮᠣᠨ ᠤ ᠶᠡᠷᠦᠩᠬᠡᠶᠢᠯᠡᠭᠰᠡᠨᠪᠠᠳᠣᠯᠭᠠ ᠶᠢᠨ ᠲᠥᠪ | ᠤᠨ ᠮᠠᠯ ᠤᠨ ᠡᠮᠴᠢ ᠤᠨ ᠠᠵᠢᠯ ᠲᠠᠢ ᠃ ᠭᠦᠣ ᠨᠢ ᠬᠠᠶᠢᠯᠠᠷ ᠤᠨ ᠨᠢᠰᠭᠡᠯ ᠤᠨ ᠪᠠᠭᠤᠳᠠᠯ ᠳ᠋ᠤ᠋ᠠᠵᠢᠯᠯᠠᠳᠠᠭ᠃ ᠰᠤᠶᠤᠯᠮ᠎ᠠ ᠳᠠᠰᠢᠪᠠᠯᠪᠠᠷ ᠬᠤᠶᠠᠭᠤᠯᠠ ᠪᠠᠨ | ᠪᠦᠷ ᠨᠠᠮ ᠤᠨ ᠬᠡᠰᠢᠬᠦᠨ ᠪᠢᠯᠡ᠃ | ᠰᠤᠶᠤᠯᠮ᠎ᠠ ᠬᠠᠷᠠᠬᠠᠨ ᠪᠠᠭ᠎ᠠ ᠠᠴᠠ ᠪᠠᠨ ᠦᠯᠢᠬᠡᠷ ᠳᠡᠤᠬᠡ ᠳᠤ ᠳᠤᠷᠠᠳᠠᠢ᠃ ᠪᠢᠴᠢᠭ ᠦᠵᠡᠵᠦ ᠪᠠᠶᠢᠭ᠎ᠠ ᠦᠶᠡᠰᠬᠡᠯᠡ ᠪᠢᠴᠢᠭ ᠤᠨ ᠬᠢᠴᠢᠶᠡᠯ ᠯᠠ | ᠳᠡᠬᠦᠨ ᠤ ᠬᠠᠮᠤᠭ ᠤᠨ ᠳᠤᠷ᠎ᠠ ᠪᠠᠬ᠎ᠠ ᠶᠢ ᠳᠠᠳᠠᠳᠠᠭ ᠬᠢᠴᠢᠶᠡᠯ ᠪᠠᠶᠢᠯ᠎ᠠ᠃ ᠰᠠᠶᠢᠨ ᠪᠠᠭᠰᠢ ᠡᠴᠠᠰᠠᠶᠢᠨ ᠱᠠᠪᠢ ᠭᠠᠷᠳᠠᠭ ᠬᠡᠳᠡᠭ ᠢᠶᠠᠷ ᠬᠡᠯᠡ ᠪᠢᠴᠢᠭ ᠤᠨ ᠪᠠᠭᠰᠢ ᠶᠢᠨ | ᠵᠢᠭᠠᠨ ᠵᠢᠯᠦᠭᠤᠳᠤᠯᠭ᠎ᠠ ᠪᠠᠷ ᠰᠤᠶᠤᠯᠮ᠎ᠠ ᠶᠢᠨ ᠤᠷᠠᠨᠵᠤᠬᠢᠶᠠᠯ ᠤᠨ ᠠᠪᠢᠶᠠᠰ ᠪᠢᠯᠢᠭ ᠨᠢ ᠪᠠᠳᠠᠷᠠᠵᠤ᠂ ᠰᠢᠯᠦᠭ ᠵᠤᠬᠢᠶᠠᠯ ᠪᠢᠴᠢᠬᠦ ᠤᠷᠮ᠎ᠠ ᠴᠢᠳᠠᠪᠤᠷᠢ ᠨᠢ | ᠳᠡᠭᠡᠭᠰᠢᠯᠡᠭᠦᠯᠦᠭᠰᠡᠨᠪᠠᠶᠢᠨᠠ᠃ ᠰᠤᠶᠤᠯᠮ᠎ᠠ ᠶᠡᠷᠤ ᠳᠡᠭᠡᠨ ᠨᠤᠮ ᠵᠤᠬᠢᠶᠠᠯ ᠠᠷᠪᠢᠨ ᠤᠩᠰᠢᠵᠤ ᠠᠵᠢᠯ ᠤᠨ ᠴᠢᠯᠤᠭᠡ ᠵᠠᠪ ᠢᠶᠠᠨ ᠤᠯᠠᠨ ᠰᠢᠯᠥᠭᠵᠤᠬᠢᠶᠠᠳᠠᠭ | ᠪᠠᠶᠢᠯ᠎ᠠ᠃ ᠲᠡᠷᠡ ᠪᠢᠳᠠᠨ ᠳᠤ᠄ ︽ᠪᠢ ᠵᠠᠷᠢᠮ ᠦᠶᠠᠰ ᠳᠤ ᠪᠠᠨ ᠭᠠᠲᠠᠨ᠎ᠠ ᠶᠠᠪᠦᠵᠦ ᠪᠠᠶᠢᠬᠤ ᠳᠤ ᠪᠠᠨ ᠭᠤᠶᠤᠰᠠᠶᠢᠬᠠᠨ ᠪᠠᠶᠢᠭᠠᠯᠢ ᠵᠢᠨᠦᠵᠡᠮᠵᠢ ᠶᠢ | ᠬᠠᠷᠠᠭᠰᠠᠭᠠᠷ ᠯᠠ ᠭᠠᠷ ᠤᠲᠠᠰᠦ ᠪᠠᠨ ᠭᠠᠷᠭᠠᠨ ᠬᠡᠳᠦᠨ ᠪᠠᠳᠠᠭ ᠪᠢᠴᠢᠲᠡᠭ ᠶᠤᠮ᠂ᠲᠡᠶᠢᠮᠦ ᠪᠤᠯᠬᠤᠷ ᠮᠢᠨᠤ ᠵᠤᠬᠢᠶᠠᠭᠰᠠᠨ ᠰᠢᠯᠥᠭ ᠨᠤᠭᠤᠳ ᠤᠯᠠᠩᠬᠢ ᠨᠢ ᠪᠦᠷ | ᠪᠤᠷᠦ ᠰᠢᠯᠥᠭ᠂ ᠤᠩᠭᠤᠨ ᠪᠠᠶᠢᠭᠠᠯᠢ ᠪᠣᠶᠤ ᠠᠮᠢᠲᠠᠨᠰᠢᠪᠠᠭᠤᠨ ᠤ ᠲᠠᠭᠤ ᠴᠤᠤᠷᠢᠶ᠎ᠠ ᠠᠴᠠ ᠪᠣᠯᠵᠦ ᠵᠤᠬᠢᠶᠠᠭᠰᠠᠨ ᠶᠤᠮ᠃ ᠪᠢ ᠪᠠᠰᠠᠨᠢᠬᠡ ᠨᠠᠮ ᠤᠨ ᠭᠡᠰᠢᠬᠦᠨ | ᠪᠤᠯᠤᠭᠰᠠᠨ ᠤ ᠬᠤᠪᠢᠳᠥ ᠨᠠᠮ ᠵᠠᠰᠠᠭ ᠤᠨ ᠲᠦᠷᠦ ᠶᠢᠨ ᠪᠤᠳᠤᠯᠭ᠎ᠠ ᠳᠤᠤᠷ᠎ᠠ ᠵᠤᠯ ᠵᠢᠷᠭᠠᠯᠳᠠᠢ ᠠᠮᠢᠳᠤᠷᠠᠵᠦ ᠪᠠᠶᠢᠭ᠎ᠠ ᠪᠠᠨ ᠪᠤᠳᠤᠭᠰᠠᠭᠠᠷ ᠯᠠ ᠦᠪᠡᠷᠤᠨ ᠡᠷᠬᠡ | ᠦᠬᠡᠢ ᠡᠪ ᠬᠠᠮᠳᠤ ᠨᠠᠮ ᠢᠶᠠᠨ ᠮᠠᠭᠳᠠᠨ ᠳᠠᠭᠤᠯᠠᠵᠤ ᠰᠢᠯᠦᠭᠯᠡᠳᠡᠭ︾ ᠬᠡᠪᠡ᠃ ᠨᠡᠭᠡᠷᠡᠨ ᠴᠦ ᠳᠡᠶᠢᠮᠦ ᠪᠠᠶᠢᠨ᠎ᠠ᠂ᠰᠤᠶᠤᠯᠮ᠎ᠠ ᠦᠬᠡ ᠬᠡᠯᠡᠬᠦ ᠨᠢ ᠨᠠᠮᠤᠭᠤᠬᠠᠨ | ᠲᠦᠯᠬᠡᠬᠡᠨ ᠪᠤᠯᠪᠠᠴᠤ ᠰᠡᠳᠬᠢᠯᠭᠡ ᠨᠢ ᠬᠠᠷᠢᠨ ᠳᠤᠩ ᠪᠢᠯᠬᠠᠮ᠎ᠠ ᠪᠠᠶᠢᠯ᠎ᠠ᠃ ᠬᠦᠳᠡᠭᠡᠨᠤᠳᠤᠭ ᠤᠨ ᠠᠮᠤᠭᠤᠯᠠᠩ ᠳᠠᠶᠢᠪᠤᠩ᠂ ᠴᠡᠪᠡᠷ ᠰᠠᠶᠢᠬᠠᠨ ᠠᠭᠤᠷ ᠠᠮᠢᠰᠭᠤᠯ᠂ | ᠤᠩᠭᠤᠨ ᠢᠶᠠᠷ ᠪᠠᠶᠢᠭ᠎ᠠ ᠪᠠᠶᠢᠭᠠᠯᠢ ᠳᠡᠯᠡᠬᠡᠢ ᠶᠠᠭᠤᠪᠦ᠋ᠬᠦᠨ ᠨᠢ ᠰᠢᠯᠦᠭᠴᠢᠨ ᠬᠦᠮᠤᠨ ᠤ ᠰᠡᠳᠬᠢᠯ ᠢ ᠳᠤᠭᠳᠤᠯᠤᠭᠤᠯᠬᠤ ᠨᠢ ᠶᠠᠭᠤᠨ ᠰᠠᠶᠢᠬᠠᠨ ᠪᠠᠶᠢᠯ᠎ᠠ᠃ | ᠪᠢᠳᠠᠨ ᠤ ᠰᠤᠷᠪᠤᠯᠵᠢᠯᠠᠬᠤ ᠪᠠᠷ ᠬᠦᠷᠬᠦ ᠰᠤᠶᠤᠯᠮ᠎ᠠ ᠶᠠᠭ ᠰᠠᠶᠢᠬᠠᠨ ᠨᠢᠭᠡ ᠰᠢᠯᠥᠭ ᠪᠢᠴᠢᠭᠡᠳ ᠪᠠᠶᠢᠯ᠎ᠠ᠃ ᠨᠡᠨ ᠵᠢᠯᠡᠪ ᠬᠠᠮᠲᠦ ᠨᠠᠮ | ᠪᠠᠶᠢᠭᠤᠯᠠᠳᠠᠭᠰᠡᠨ100 ᠵᠢᠯ ᠣᠢ ᠪᠣᠯᠬᠤᠷ᠂ ᠰᠣᠶᠣᠯᠮ᠎ᠠ ᠨᠠᠮ ᠪᠠᠶᠢᠭᠤᠯᠣᠭᠳᠠᠭᠰᠠᠨ ᠣᠢ ᠳᠤ ᠵᠤᠷᠢᠭᠤᠯᠠᠨ︽ᠨᠠᠮ ᠮᠢᠨᠢ︾ ᠭᠡᠰᠡᠨ ᠰᠢᠯᠥᠭ ᠪᠢᠴᠢᠭᠰᠡᠨ ᠨᠢ ᠡᠨᠡ | ᠪᠠᠶᠢᠯ᠎ᠠ᠃ ᠶᠠᠭᠤ ᠠᠴᠠ ᠰᠡᠳᠦᠪᠯᠡᠵᠦ ᠲᠣᠰ ᠰᠢᠯᠥᠭ ᠢ ᠵᠤᠬᠢᠶᠠᠭᠰᠠᠨ ᠪᠤᠢᠬᠡᠵᠦ ᠠᠰᠠᠭᠤᠬᠤ ᠳᠤ ᠰᠤᠶᠤᠯᠮ᠎ᠠ ᠄ ︽ᠪᠢ ᠨᠢᠭᠡ ᠨᠠᠮ ᠤᠨ ᠬᠡᠰᠢᠭᠦᠨ ᠪᠤᠯᠤᠭᠰᠠᠨ ᠤ | ᠬᠤᠪᠢ ᠳᠤ ᠨᠠᠮ ᠳᠤ ᠪᠠᠨ ᠲᠠᠯᠠᠷᠬᠠᠵᠦᠪᠠᠶᠢᠭᠠ ᠰᠡᠳᠬᠢᠯ ᠢᠶᠠᠨ ᠢᠯᠡᠳᠭᠡᠭᠦ ᠭᠡᠰᠡᠨ ᠶᠤᠮ᠂ ᠡᠮᠤᠨᠡᠬᠢ ᠬᠠᠷ᠎ᠠ ᠠᠶᠤᠯ ᠪᠣᠯᠤᠭᠰᠠᠨ ᠰᠢᠨ᠎ᠡ ᠲᠢᠳᠢᠮᠯᠢᠭ | ᠠᠭᠤᠰᠬᠢᠨᠦᠷᠪᠢᠰᠦᠯ ᠤᠨ ᠬᠢᠵᠢᠭ ᠢᠶᠠᠷ ᠠᠪᠣᠭᠠᠳ ᠭᠡᠯᠡᠭᠦ ᠳᠤ ᠮᠠᠨ ᠤ ᠨᠠᠮ ᠤᠨ ᠠᠪᠤᠭᠰᠡᠨ ᠲᠦᠷᠥ ᠶᠢᠨ ᠪᠣᠲᠤᠯᠭ᠎ᠠ ᠮᠠᠰᠢ ᠰᠠᠶᠢᠨᠮᠦ᠋ᠷᠳᠡᠭᠡᠨ ᠮᠠᠰᠢ | ᠵᠤᠬᠢᠰᠳᠠᠢ ᠠᠷᠭ᠎ᠠ ᠪᠠᠷᠢᠯ ᠢᠶᠠᠷ ᠦᠷᠭᠡᠨ ᠤᠯᠠᠨ ᠠᠷᠠᠳ ᠲᠦᠮᠡᠨ ᠢ ᠬᠠᠷ᠎ᠠ ᠠᠶᠤᠯ ᠠᠴᠠ ᠠᠪᠤᠷᠭᠰᠡᠨᠪᠠᠶᠢᠨᠠ︾ ᠭᠡᠵᠦ ᠶᠡᠭᠡ ᠰᠡᠳᠬᠢᠯ ᠲᠣᠭᠳᠤᠯᠠᠨ ᠶᠠᠷᠢᠯ᠎ᠠ᠃ | ᠰᠤᠶᠤᠯᠮ᠎ᠠ ᠲᠠᠬᠢᠨ ᠭᠡᠯᠡᠭᠦ ᠳᠡᠭᠡᠨ᠄ ︽ᠪᠢᠳᠡ ᠰᠠᠶᠢᠨ ᠨᠠᠮ ᠤᠨᠤᠳᠤᠷᠢᠳᠤᠯᠭ᠎ᠠ ᠲᠠᠢ ᠪᠤᠯᠬᠤᠷ ᠮᠠᠨᠣᠰ ᠤᠨ ᠦᠨᠦᠭᠡᠳᠦᠷ ᠤᠨ ᠠᠮᠢᠳᠤᠷᠠᠯ ᠮᠠᠰᠢ ᠰᠠᠷᠠᠭᠤᠯ | ᠲᠤᠩᠭᠠᠯᠠᠭ ᠪᠠᠶᠢᠨ᠎ᠠ᠂ ᠪᠢ ᠨᠢᠭᠡᠨᠮᠠᠯᠴᠢᠨ ᠨᠠᠮ ᠤᠨ ᠬᠡᠰᠢᠭᠦᠨ ᠪᠤᠯᠤᠭᠰᠡᠨ ᠬᠤᠪᠢ ᠳᠤ ᠵᠠᠪᠡᠯ ᠠᠶᠢᠯ ᠠᠶᠢᠮᠠᠭ ᠳᠤ ᠪᠠᠨ ᠲᠠᠭᠠᠭᠤᠯᠭᠴᠢ ᠦᠢᠯᠡᠳᠦᠯ | ᠦᠵᠡᠬᠦᠯᠬᠦᠬᠡᠷᠡᠭᠲᠠᠢ︾ ᠭᠡᠵᠦ ᠤᠮᠤᠭᠰᠢᠨ ᠶᠠᠷᠢᠯ᠎ᠠ᠃ | ᠲᠡᠷᠡ ᠰᠢᠯᠦᠭ ᠲᠤ ᠪᠠᠨ | | | ︽ᠵᠠᠭᠤᠨ ᠵᠠᠭᠤᠨ ᠵᠢᠯ ᠤᠨ ᠪᠡᠷᠬᠡ ᠶᠢ | ᠳᠡᠤᠬᠡᠨ ᠶᠢᠨ ᠬᠠᠭᠤᠳᠠᠰᠤᠨ ᠳᠤ ᠦᠯᠡᠳᠡᠭᠡᠵᠦ | ᠬᠦᠴᠢᠷ ᠪᠡᠷᠭᠡᠰᠢᠶᠡᠯᠳᠦ ᠴᠠᠭ ᠦᠶ᠎ᠡ ᠶᠢ | ᠪᠦᠯᠬᠦᠮᠳᠡᠯ ᠤᠨ ᠡᠷᠴᠢ ᠪᠠᠷ ᠢᠯᠠᠵᠤ | ᠵᠤᠯ ᠵᠢᠷᠭᠠᠯᠳᠤ ᠠᠮᠢᠳᠤᠷᠠᠯ ᠢᠶᠠᠨ | ᠢᠯᠠᠯᠳᠠ ᠶᠢᠨ ᠳᠠᠭᠤᠤ ᠪᠠᠷ ᠴᠤᠤᠷᠢᠶᠠᠳᠤᠭᠤᠯᠵᠤ | ᠬᠦᠭᠵᠢᠯᠳᠡ ᠶᠢᠨ ᠰᠠᠶᠢᠬᠠᠨ ᠡᠷᠢᠨ ᠳᠤ | ᠠᠷᠠᠳ ᠤᠯᠠᠨ ᠢᠶᠠᠨ ᠴᠢᠨᠡᠭᠡᠯᠢᠭᠵᠢᠬᠦᠯᠵᠦ | ᠵᠢᠯᠤᠭᠤᠳᠤᠯᠭ᠎ᠠ ᠶᠢᠨ ᠠᠴᠢ ᠪᠤᠶᠠᠨ ᠢᠶᠠᠷ | ᠬᠦᠮᠦᠨ ᠠᠷᠠᠳ ᠢ ᠪᠠᠶᠠᠷᠯᠠᠭᠤᠯᠵᠤ | ᠬᠦᠰᠡᠯ ᠳᠡᠮᠡᠤᠯᠦᠯ ᠤᠨ ᠢᠷᠡᠭᠡᠳᠦᠢ ᠵᠦᠭ | ᠪᠠᠳᠠᠷᠠᠯ ᠬᠦᠭᠵᠢᠯ ᠲᠠᠢ ᠤᠷᠤᠭᠰᠢᠯᠠᠨ᠎ᠠ︾ ᠭᠡᠵᠦ ᠪᠢᠴᠢᠨ ᠨᠠᠮ ᠳᠠᠭᠠᠨ ᠳᠠᠯᠠᠷᠬᠠᠵᠤ ᠪᠠᠶᠢᠭ᠎ᠠ ᠰᠡᠳᠬᠢᠯᠭᠡ ᠪᠡᠨᠢᠯᠡᠳᠭᠡᠵᠡᠢ᠃ ᠰᠤᠶᠤᠯᠮ᠎ᠠ ᠠᠶᠢᠯ | ᠬᠦᠷᠰᠢ ᠪᠠᠨ ᠬᠠᠪᠰᠤᠷᠴᠤ ᠳᠡᠮᠵᠢᠳᠡᠭ ᠪᠦᠬᠡᠳ ᠤᠯᠠᠨ ᠨᠡᠶᠢᠳᠡ ᠶᠢᠨ ᠬᠦᠳᠡᠯᠬᠡᠬᠡᠨ ᠳᠤ ᠢᠳᠡᠪᠬᠢᠳᠡᠢ ᠤᠷᠤᠯᠴᠠᠵᠦ ᠳᠠᠶᠢᠴᠢᠯᠠᠨ ᠳᠠᠭᠠᠭᠤᠯᠳᠠᠭ ᠪᠠᠶᠢᠯ᠎ᠠ᠃ | ᠪᠢᠳᠠ ᠶᠠᠭ ᠰᠤᠶᠤᠯᠮ᠎ᠠ ᠲᠠᠢ ᠶᠠᠷᠢᠯᠴᠠᠵᠦ ᠪᠠᠶᠢᠳᠠᠯ᠎ᠠ ᠵᠡᠭᠦᠨ ᠠᠶᠢᠯ ᠤᠨ ᠨᠢᠭᠡ ᠬᠦᠮᠤᠨ ᠲᠠᠰᠢᠪᠠᠯᠪᠠᠷ ᠢ ᠡᠷᠢᠵᠦ ᠮᠠᠯᠢᠶ᠋ᠠᠨ ᠡᠮᠨᠡᠭᠦᠯᠬᠦ ᠭᠡᠪᠡ᠃ ᠮᠠᠯ | ᠡᠮᠨᠡᠬᠦ ᠤᠴᠢᠷ ᠭᠡᠭᠰᠡᠭᠡᠷ ᠰᠤᠶᠤᠯᠮ᠎ᠠ ᠶᠢᠨ ᠨᠦᠬᠦᠷ ᠲᠠᠰᠢᠪᠠᠯᠪᠠᠷ ᠶᠠᠭᠤ ᠴᠦ ᠳᠤᠤᠭᠠᠷᠬᠤ ᠦᠬᠡᠢᠲ᠋ᠡᠷᠡ ᠬᠦᠮᠤᠨ ᠢ ᠲᠠᠭᠠᠨ ᠭᠠᠷᠪᠠ᠃ ᠪᠢᠳᠠ ᠪᠠᠰᠠ ᠲᠠᠰᠢᠪᠡᠯᠪᠠᠷ | ᠢ ᠲᠠᠭᠠᠨ ᠭᠠᠷᠪᠠ᠃ ᠳᠠᠰᠢᠪᠠᠯᠪᠠᠷ ᠵᠡᠬᠦᠨ ᠠᠶᠢᠯ ᠳ᠋ᠥᠬᠦ᠋ᠷᠦᠭᠡᠳ ᠭᠡᠷ ᠲᠤ ᠨᠢ ᠤᠷᠤᠨ ᠦᠬᠡᠢ ᠪᠠᠷ ᠰᠢᠭᠤᠳ ᠮᠠᠯ ᠤᠨ ᠫᠧᠩ ᠵᠦᠭ ᠶᠠᠪᠤᠵᠦ ᠮᠠᠯ ᠢ | ᠡᠮᠨᠡᠵᠦ ᠡᠬᠢᠯᠡᠪᠡ᠃ᠲᠠᠰᠢᠪᠠᠯᠪᠠᠷ ᠮᠠᠯ ᠤᠨ ᠡᠮᠴᠢ ᠭᠢᠬᠡᠳ ᠭᠤᠴᠢᠨ ᠵᠢᠯ ᠤᠨ ᠨᠢᠭᠤᠷ ᠦᠵᠡᠵᠦ ᠪᠠᠶᠢᠨ᠎ᠠ ᠭᠡᠨ᠎ᠠ᠂ ᠵᠠᠷᠢᠮ ᠦᠶᠡᠰ ᠠᠶᠢᠯ ᠠᠶᠢᠮᠠᠭᠭᠦ᠋ᠮᠣᠰ ᠮᠠᠯ | ᠡᠮᠨᠡᠭᠦᠯᠭᠦ ᠢᠶᠠᠨ ᠢᠷᠡᠬᠦ ᠳᠤ ᠴᠠᠭ ᠤᠨ ᠬᠤᠭᠤᠯᠠ ᠪᠣᠲᠠᠭ᠎ᠠ ᠪᠠᠨ ᠢᠳᠡᠬᠦ ᠦᠭᠡᠢ ︿ ᠭᠦᠮᠦᠨ ᠢ ᠭᠦᠯᠢᠶᠡᠯᠭᠡᠭᠡᠳᠶᠠᠭᠠᠬᠢᠬᠤ ᠶᠤᠮ ᠪᠤᠢ ﹀ ᠭᠡᠳ ᠶᠠᠭᠠᠷᠠᠨ ᠶᠠᠪᠤᠲᠠᠭ | ᠭᠡᠵᠦ ᠰᠤᠶᠤᠯᠮ᠎ᠠ ᠪᠢᠳᠠᠨ ᠳᠤ ᠢᠨᠢᠶᠡᠮᠰᠭᠯᠡᠨ ᠶᠠᠷᠢᠪᠠ᠃ ᠭᠤᠴᠢ ᠭᠠᠷᠤᠢ ᠵᠢᠯᠤᠨ ᠳᠤᠷᠰᠢ ᠳᠠᠰᠢᠪᠠᠯᠪᠠᠷ ᠶᠢᠨ ᠠᠵᠢᠯ ᠪᠦᠷ ᠠᠶᠢᠯ ᠢᠶᠠᠷ ᠶᠠᠪᠤᠵᠦ ᠬᠢᠳᠡᠭ ᠪᠤᠯᠬᠤᠷ | ᠠᠷᠤ ᠬᠡᠷ ᠤᠨ ᠠᠵᠢᠯ ᠪᠦᠷ ᠯᠠ ᠰᠤᠶᠤᠯᠮᠠᠶᠢᠨ ᠮᠦᠷᠦᠨ ᠳᠡᠬᠡᠷ᠎ᠡ ᠢᠷᠡᠳᠡᠭ᠃ ᠬᠡᠳᠡᠯ᠎ᠡ ᠰᠤᠶᠤᠯᠮ᠎ᠠ ᠶᠡᠷᠦ ᠠᠴᠠ ᠨᠦᠬᠦᠷ ᠲᠤ ᠪᠠᠨ ᠭᠤᠮᠤᠳᠠᠳᠠᠭ ᠦᠬᠡᠢ᠃ ᠬᠠᠷᠢᠨ | ᠨᠦᠬᠦᠷᠤᠨ ᠢᠶᠠᠨ ᠠᠵᠢᠯ ᠦᠢᠯᠡᠰ ᠢ ᠦᠬᠡ ᠳᠠᠭᠤᠨ ᠦᠬᠡᠢ ᠳᠡᠮᠵᠢᠭᠰᠡᠭᠡᠷ ᠢᠷᠡᠭᠰᠡᠨ ᠨᠢ ᠡᠨᠡ ᠪᠠᠶᠢᠯ᠎ᠠ᠃ | ᠰᠤᠶᠤᠯᠮ᠎ᠠ ᠳᠠᠰᠢᠪᠠᠯᠪᠠᠷ ᠦᠨᠳᠤᠰᠤᠨ ᠱᠠᠳᠤᠨ ᠤ ᠡᠩ ᠤᠨ ᠨᠠᠮ ᠤᠨ ᠬᠡᠰᠢᠬᠦᠨ ᠪᠤᠯᠤᠭᠰᠠᠨ ᠤ ᠬᠤᠪᠢ ᠳᠤ᠂ ᠦᠪᠡᠷᠤᠨ ᠡᠩ ᠤᠨ ᠠᠵᠢᠯ ᠤᠨ ᠪᠠᠶᠢᠷᠢᠨ | ᠳᠤ ᠪᠠᠨ ᠡᠩ ᠤᠨ ᠪᠤᠰᠤ ᠠᠵᠢᠯ ᠢᠶᠠᠨ ᠢᠩᠬᠡᠵᠦ ᠪᠠᠷᠢᠮᠳᠠᠯᠠᠵᠤ ᠶᠠᠪᠤᠭ᠎ᠠ ᠶᠢ ᠬᠠᠷᠠᠭᠠᠳᠪᠢᠳᠠ ᠦᠪᠡᠷ ᠤᠨ ᠡᠷᠬᠡ ᠦᠬᠡᠢ ᠪᠢᠰᠢᠷᠠᠨ ᠬᠦᠨᠳᠤᠳᠭᠡᠵᠦ᠂ ᠳᠡᠳᠡᠨ ᠤ | ᠮᠠᠨᠢ ᠠᠮᠢᠳᠤᠷᠠᠯ ᠦᠭᠡᠳᠡ ᠡᠰᠡᠷᠡᠩ ᠵᠤᠯ ᠵᠢᠷᠭᠠᠯ ᠲᠠᠢᠪᠠᠶᠢᠬᠤ ᠪᠤᠯᠳᠤᠭᠠᠢ ᠬᠡᠵᠦ ᠵᠦᠩᠨᠡᠨ ᠪᠡᠯᠭᠡᠯᠡᠶ᠎ᠡ︕ (ᠪᠢᠴᠢᠨ ᠰᠡᠷᠬᠦᠯᠡᠩ ᠮᠡᠳᠡᠭᠡᠯᠡᠪᠡ) | | |