ᠲᠠᠯ᠎ᠠ ᠨᠤᠲᠤᠭ ᠤᠨ ︽ᠲᠡᠮᠤᠷ ᠬᠡᠤᠭᠡᠨ︾ ᠤᠶᠤᠨᠴᠡᠴᠡᠭ
ᠨᠡᠶᠢᠲᠡᠯᠡᠭᠰᠡᠨ ᠴᠠᠭ᠄
2022/9/23
         ᠡᠮᠨᠢᠭ ᠰᠤᠷᠭᠠᠨ ᠡᠷᠭᠡᠰᠢᠶᠡᠯ ᠳᠤ ᠪᠠᠨ ᠤᠷᠤᠭᠤᠯᠤᠨ ᠵᠠᠯᠠᠭᠤ ᠡᠷ᠎ᠡ ᠲᠠᠢ ᠬᠦᠴᠦ ᠪᠠᠨ ᠮᠦᠷᠦ᠋ᠢᠴᠡᠨ ᠠᠭᠲᠠ ᠶᠢᠨ ᠨᠢᠷᠤᠭᠤᠨ ᠳᠤ ᠨᠡᠷᠡ ᠤᠶᠢᠷ᠎ᠠ ᠭᠡᠮᠡᠨ ᠵᠠᠯᠠᠭᠤ ᠨᠠᠰᠤ ᠠᠴᠠ ᠪᠠᠨ ᠦᠲᠡᠯᠦᠲᠠᠯ᠎ᠠ ᠨᠢ ᠵᠢᠳᠬᠦᠮᠤᠢ ᠤᠷᠠᠳ ᠨᠤᠲᠤᠭ ᠤᠨ ᠤᠤᠭᠠᠯ ᠤᠶᠤᠨᠴᠡᠴᠡᠭ 1958 ᠤᠨ ᠤ ᠬᠠᠪᠤᠷ ᠤᠨ 3 ᠰᠠᠷ᠎ᠠ ᠳᠤ ᠬᠤᠨᠢᠳ ᠤᠨ ᠮᠠᠶᠢᠯᠠᠭᠠᠨ ᠳᠤ ᠬᠦᠭ ᠨᠡᠮᠡᠵᠦ᠂ ᠤᠤᠯ ᠤᠨ ᠤᠷᠠᠳ ᠤᠨ ᠲᠤᠮᠲᠠᠲᠤ ᠬᠤᠰᠢᠭᠤᠨ ᠤ ᠰᠠᠩ ᠤᠨ ᠲᠡᠯᠠᠢ ᠰᠤᠮᠤ ᠶᠢᠨ ᠰᠠᠩ ᠤᠨ ᠲᠠᠯᠠᠢ ᠭᠠᠴᠠᠭᠠᠨ ᠤ ᠮᠠᠯᠴᠢᠨ ᠠᠶᠢᠯ ᠤᠨ ᠲᠤᠭᠤᠨᠤᠲᠤ ᠭᠡᠷ ᠲᠤ ᠲᠦᠷᠦᠵᠡᠢ᠃       ᠲᠠᠷᠡ 8 ᠨᠠᠰᠤᠲᠠᠢ ᠳᠤ ᠪᠠᠨ ᠬᠤᠨᠢ ᠬᠠᠷᠢᠭᠤᠯᠤᠨ᠂ 12 ᠨᠠᠰᠤᠨ ᠠᠴᠠ ᠪᠠᠨ ᠦᠬᠡᠷ ᠲᠤ ᠶᠠᠪᠤᠵᠤ᠂ 16 ᠨᠠᠰᠤᠲᠠᠢ ᠳᠤ ᠪᠠᠨ ᠡᠮᠨᠢᠭ ᠲᠡᠶᠢᠯᠤᠭ ᠰᠤᠷᠭᠠᠨ᠂ ᠨᠤᠭᠲᠤ ᠲᠠᠯᠪᠢᠵᠤ ᠡᠬᠢᠯᠡᠭᠰᠡᠨ ᠪᠦᠭᠡᠳ ᠪᠠᠷᠢᠭᠠᠲᠠ ᠶᠢᠨ ᠪᠠᠯᠠᠷ ᠢ ᠠᠷᠢᠯᠭᠠᠬᠤ ᠪᠤᠯᠪᠠᠰᠤᠷᠠᠯ ᠳᠤ ᠤᠷᠤᠯᠴᠠᠵᠤ᠂ ᠴᠠᠭᠠᠨ ᠲᠤᠯᠤᠭᠠᠢ ᠨᠢᠲᠤᠯᠠᠨ᠂ ᠰᠢᠯᠭᠠᠯᠲᠠ ᠪᠠᠷ ᠲᠠᠮᠵᠢᠨ᠂ ᠪᠠᠭ᠎ᠠ ᠰᠤᠷᠭᠠᠭᠤᠯᠢ ᠲᠡᠬᠦᠰᠦᠭᠰᠡᠨ ᠦᠨᠡᠮᠯᠡᠯ ᠢ ᠭᠠᠷᠲᠠᠭᠰᠠᠨ ᠪᠠᠶᠢᠨ᠎ᠠ᠃       ᠤᠶᠤᠨᠴᠡᠴᠡᠭ 1975 ᠤᠨ ᠳᠤ ᠰᠡᠭᠡᠭᠡᠲᠡᠨ ᠵᠠᠯᠠᠭᠤ ᠸᠧᠢ ᠴᠢᠩ᠂ ᠴᠤᠭᠵᠢᠯ ᠤᠨ ᠲᠠᠨᠢᠯᠴᠠᠭᠤᠯᠭ᠎ᠠ ᠪᠠᠷ ᠡᠪ ᠬᠠᠮᠲᠤ ᠵᠠᠯᠠᠭᠤᠴᠤᠳ ᠶᠢᠨ ᠡᠪᠯᠡᠯ ᠤᠨ ᠭᠡᠰᠢᠬᠦᠨ ᠢᠶᠠᠷ ᠡᠯᠰᠡᠭᠲᠡᠪᠡ᠃ ᠲᠡᠷᠡ ᠨᠠᠮᠤᠷ ᠤᠨ ᠬᠠᠲᠤᠯᠠᠩ᠂ ᠬᠤᠨᠢ ᠤᠬᠢᠶᠠᠬᠤ᠂ ᠮᠠᠯᠵᠢᠬᠤ ᠤᠷᠤᠨ ᠤ ᠳ᠋ᠠᠵᠠᠢ ᠠᠴᠠ ᠰᠤᠷᠤᠯᠴᠠᠬᠤ ᠠᠵᠢᠯᠯᠠᠭ᠎ᠠ ᠳᠤ ᠡᠪᠡᠰᠤᠨ ᠬᠦᠷᠢᠶ᠎ᠠ ᠬᠠᠰᠢᠬᠤ᠂ ᠲᠤᠮᠤ ᠠᠮᠠᠰᠠᠷᠳᠤ ᠬᠤᠤᠲᠤᠭ ᠮᠠᠯᠲᠠᠬᠤ ᠵᠡᠷᠭᠡ ᠨᠡᠶᠢᠲᠡ ᠶᠢᠨ ᠬᠦᠲᠡᠯᠮᠦᠷᠢ ᠳᠤ ᠤᠷᠤᠯᠴᠠᠨ᠂ ᠡᠷᠡᠭᠲᠡᠶᠢᠴᠤᠳ ᠡᠲᠦᠷ ᠲᠤ 13 ᠬᠤᠪᠢ ᠨᠤᠷᠮ᠎ᠠ ᠂ ᠡᠮᠡᠭᠲᠡᠶᠢᠴᠤᠳ ᠡᠲᠦᠷ ᠲᠤ 10 ᠬᠤᠪᠢ ᠨᠤᠷᠮ᠎ᠠ ᠤᠯᠵᠤ ᠪᠠᠶᠢᠭᠰᠠᠨ ᠦᠶ᠎ᠠ ᠤᠶᠤᠨᠴᠡᠴᠡᠭ ᠡᠷᠡᠭᠲᠡᠶᠢᠴᠤᠳ ᠲᠠᠢ ᠠᠲᠠᠯᠢ ᠬᠤᠪᠢ ᠨᠤᠷᠮ᠎ᠠ ᠲᠡᠮᠲᠡᠭᠯᠡᠬᠦᠯᠵᠦ᠂ ᠡᠮᠡᠭᠲᠡᠶᠢᠴᠤᠳ ᠤᠨ ᠭᠠᠪᠰᠢᠭᠠᠶᠢᠯᠠᠭᠴᠢ ︽ᠲᠡᠮᠦᠷ ᠭᠡᠤᠭᠡᠨ ᠤ ᠠᠩᠬᠢ︾ ᠶᠢᠨ ᠭᠡᠰᠢᠬᠦᠨ ᠤ ᠲᠤᠮᠲᠠ ᠬᠢᠯᠠᠷᠠᠭᠤᠯᠵᠤ ᠶᠠᠪᠤᠭᠰᠠᠨ ᠰᠠᠶᠢᠬᠠᠨ ᠲᠡᠤᠭᠡ ᠲᠠᠢ ᠪᠢᠯᠡ᠃        ᠲᠠᠷᠡ ᠪᠦᠬᠦ ᠠᠷᠠᠳ ᠢᠶᠠᠷ ᠢᠶᠠᠨ ᠴᠡᠷᠢᠭᠵᠢᠬᠦᠯᠦᠭᠰᠡᠨ ᠲᠤᠬᠠᠢ ᠶᠢᠨ ᠦᠶ᠎ᠡ ᠳᠤ ᠡᠷᠦᠭᠡ ᠶᠢᠨ ᠴᠡᠷᠢᠭ ᠪᠠᠶᠢᠵᠤ᠂ ᠭᠠᠷᠨᠠᠲᠠ ᠰᠢᠲᠡᠬᠦ᠂ ᠮᠤᠷᠢᠨ ᠲᠡᠭᠡᠷ᠎ᠡ ᠠᠴᠠ ᠫᠠᠢ ᠬᠠᠷᠪᠤᠬᠤ᠂ ᠭᠡᠭᠡᠷᠡᠯᠡᠨ ᠪᠤᠯᠪᠠᠰᠤᠷᠠᠬᠤ ᠵᠡᠷᠭᠡ ᠠᠵᠢᠯᠯᠠᠭ᠎ᠠ ᠳᠤ ᠰᠢᠯᠢᠲᠡᠭ ᠡᠷᠦᠭᠡ ᠶᠢᠨ ᠴᠡᠷᠢᠭ ᠢᠶᠠᠷ ᠰᠠᠶᠢᠰᠢᠶᠠᠭᠲᠠᠨ᠂ ᠪᠠᠷᠢᠭᠠᠲᠠ ᠶᠢᠨ ᠤᠷᠠᠨ ᠰᠠᠶᠢᠬᠠᠨ ᠤ ᠤᠬᠠᠭᠤᠯᠬᠤ ᠠᠩᠬᠢ ᠳᠤ ᠤᠷᠤᠯᠴᠠᠵᠤ ᠲᠠᠭᠤᠤ ᠬᠠᠩᠬᠢᠨᠠᠭᠤᠯᠤᠨ ᠪᠦᠵᠢᠭ ᠦᠰᠦᠷᠴᠤ᠂ ᠨᠢᠭᠡᠲᠦᠯ ᠬᠢᠯᠢ ᠶᠢᠨ ᠬᠠᠷᠠᠭᠤᠯ ᠤᠨ ᠬᠤᠸᠠᠷᠠᠨ ᠳᠤ ᠲᠤᠭᠯᠠᠯᠲᠠ ᠭᠠᠷᠭᠠᠨ ᠲᠦᠮᠡᠨ ᠤᠯᠠᠨ ᠢᠶᠠᠨ ᠪᠠᠶᠠᠰᠬᠠᠵᠤ ᠪᠠᠶᠢᠭᠰᠠᠨ ᠶᠤᠮ᠃        ᠤᠶᠤᠨᠴᠡᠴᠡᠭ 2006 ᠤᠨ ᠳᠤ ᠬᠤᠰᠢᠭᠤᠨ ᠤ ᠲᠦᠪ ᠬᠠᠯᠢᠭᠤᠲᠤ ᠪᠠᠯᠭᠠᠰᠤᠨ ᠳᠤ ᠰᠠᠭᠤᠷᠢᠰᠢᠵᠤ᠂ ᠲᠠᠭᠤᠤ ᠪᠦᠵᠢᠭ ᠤᠨ ᠠᠩᠬᠢ ᠳᠤ ᠤᠷᠤᠯᠴᠠᠨ᠂ ᠤᠯᠠᠨ ᠲᠤᠭᠯᠠᠯᠲᠠ ᠳᠤ ᠮᠤᠷᠢᠨ ᠬᠤᠭᠤᠷ᠂ ᠱᠤᠲᠤᠷᠭᠤ ᠬᠦᠭᠵᠢᠮ ᠤᠨ ᠠᠶ᠎ᠠ ᠪᠠᠷ ᠤᠯᠠᠨ ᠢᠶᠠᠨ ᠪᠠᠶᠠᠰᠬᠠᠯ᠎ᠠ᠃ ᠤᠶᠢᠷ᠎ᠠ ᠳᠤ ᠨᠠᠰᠤᠲᠠᠶᠢᠴᠤᠳ ᠤᠨ ᠶᠡᠭᠡ ᠰᠤᠷᠭᠠᠭᠤᠯᠢ ᠳᠤ ᠰᠤᠷᠤᠯᠴᠠᠨ᠂ ᠤᠷ᠎ᠠ ᠴᠢᠲᠠᠪᠤᠷᠢ ᠪᠠᠨ ᠲᠡᠭᠡᠭᠰᠢᠯᠡᠬᠦᠯᠦᠨ᠂ ᠠᠮᠢ ᠨᠠᠰᠤᠨ ᠤ ᠦᠨ᠎ᠡ ᠦᠷᠲᠡᠭ ᠢᠶᠠᠨ ᠢᠯᠡᠷᠡᠬᠦᠯᠵᠦ ᠪᠤᠢ᠃    
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ