ᠠᠲᠤᠭᠤᠨ ᠰᠤᠶᠤᠯ ᠤᠨ ᠴᠢᠮᠡᠭ — ᠨᠤᠭᠲᠤ ᠲᠠᠯᠪᠢᠭᠴᠢ ᠬᠠᠷᠠᠨᠢᠲᠤᠨ ᠪᠦᠰᠡᠬᠦᠢ
ᠨᠡᠶᠢᠲᠡᠯᠡᠭᠰᠡᠨ ᠴᠠᠭ᠄
2022/9/23
      ᠮᠤᠩᠭᠤᠯ ᠮᠤᠷᠢ᠂ ᠨᠡᠬᠦᠲᠡᠯ ᠰᠤᠶᠤᠯ ᠤᠨ ᠲᠤᠮᠲᠠ ᠴᠢᠬᠤᠯᠠ ᠦᠢᠯᠡᠲᠦᠯ ᠢᠶᠠᠨ ᠦᠵᠡᠬᠦᠯᠦᠭᠰᠡᠭᠡᠷ ᠢᠷᠡᠭᠰᠡᠨ ᠶᠤᠮ᠃      ᠮᠤᠩᠭᠤᠯ ᠬᠦᠮᠦᠨ᠂ ᠠᠽᠢᠶ᠎ᠠ ᠡᠧᠦ᠋ᠷᠣᠫᠠ ᠰᠤᠨᠲᠠᠯᠠᠭᠰᠠᠨ ᠲᠤᠮᠤᠭᠲᠤ ᠪᠤᠭᠤᠷᠤᠯ ᠲᠡᠤᠭᠡ ᠶᠢ ᠪᠢᠴᠢᠭᠯᠡᠬᠦ ᠳᠤ᠂ ᠠᠭᠲᠠ ᠬᠦᠯᠦᠭ ᠲᠠᠢ ᠪᠠᠨ ᠠᠮᠢ ᠭᠤᠤᠯ ᠬᠤᠪᠢ ᠵᠠᠶᠠᠭ᠎ᠠ ᠪᠠᠨ ᠬᠤᠯᠪᠤᠵᠤ ᠶᠠᠪᠤᠭᠰᠠᠨ ᠶᠤᠮ᠃      ᠬᠦᠯ ᠳᠤ ᠤᠷᠤᠬᠤ ᠠᠴᠠ ᠪᠠᠨ ᠡᠬᠢᠯᠡᠨ ᠤᠨᠠᠭ᠎ᠠ ᠲᠠᠭ᠎ᠠ ᠲᠠᠢ ᠨᠤᠴᠤᠯᠲᠤᠵᠤ ᠦᠰᠦᠭᠰᠠᠨ ᠮᠠᠯᠴᠢᠨ ᠬᠦᠮᠦᠨ ᠮᠤᠷᠢ ᠪᠠᠨ ᠭᠡᠪᠡᠯ ᠰᠦᠷ ᠰᠦᠯᠲᠡ ᠨᠢ ᠪᠠᠲᠠᠷᠠᠵᠤ ᠂ ᠭᠡᠶᠢᠮᠦᠷᠢ ᠨᠢ ᠰᠡᠷᠬᠦᠲᠡᠭ ᠤᠨ ᠤᠴᠢᠷ᠂ ᠮᠤᠩᠭᠤᠯᠴᠤᠳ ᠮᠤᠷᠢ ᠪᠠᠨ ᠬᠠᠶᠢᠷᠠᠯᠠᠨ ᠰᠢᠲᠦᠵᠦ᠂ ᠮᠤᠷᠢ ᠪᠠᠷ ᠢᠶᠠᠨ ᠪᠠᠶᠠᠰᠴᠤ ᠶᠠᠪᠤᠲᠠᠭ ᠰᠠᠨ᠃      ᠲᠦᠴᠢ ᠶᠢ ᠲᠦᠬᠦᠵᠦ ᠶᠠᠪᠤᠭ᠎ᠠ ᠤᠶᠤᠲᠠᠯᠴᠢᠨ ᠪᠦᠰᠡᠬᠦᠢ ᠬᠠᠷᠠᠨᠢᠲᠤᠨ ᠤᠷᠠᠳ ᠤᠨ ᠲᠤᠮᠲᠠᠲᠤ ᠬᠤᠰᠢᠭᠤᠨ ᠤ ᠰᠢᠨᠡᠬᠦ᠋ᠷᠢᠶ᠎ᠡ ᠰᠤᠮᠤᠨ ᠤ ᠬᠠᠲᠠᠢ ᠭᠠᠴᠠᠭ᠎ᠠ ᠪᠠᠷ ᠨᠤᠲᠤᠭ ᠲᠠᠢ᠃ ᠠᠪᠤ ᠴᠤᠯᠮᠤᠨ ᠨᠢ ᠠᠲᠤᠭᠤᠴᠢᠨ ᠬᠦᠮᠦᠨ᠂ ᠬᠠᠷᠠᠨᠢᠲᠤᠨ ᠠᠬ᠎ᠠ ᠲᠠᠬᠦᠦ ᠲᠦᠷᠪᠡᠬᠦᠯᠡ ᠶᠢᠨ ᠲᠤᠮᠲᠠ ᠭᠠᠭᠴᠠ ᠦᠬᠢᠨ ᠨᠢ ᠪᠤᠯᠵᠤ ᠵᠠᠶᠠᠭᠠᠭᠰᠠᠨ ᠴᠦ ᠬᠠᠷᠠᠬᠠᠨ ᠪᠠᠭ᠎ᠠ ᠠᠴᠠ ᠪᠠᠨ ᠮᠤᠷᠢ ᠤᠨᠤᠭᠠᠨ ᠳᠤ ᠲᠤᠷ᠎ᠠ ᠲᠠᠢ᠂ ᠨᠡᠢᠮᠠ ᠶᠢᠰᠦᠲᠡᠢ ᠠᠴᠠ ᠪᠠᠨ ᠡᠬᠢᠯᠡᠨ ᠤᠷᠤᠯᠲᠤᠭᠠᠨ ᠮᠤᠷᠢ ᠤᠨᠤᠵᠤ᠂ ᠠᠵᠢᠨᠠᠢ ᠬᠦᠯᠦᠭ ᠤᠨ ᠨᠢᠷᠤᠭᠤᠨ ᠳᠤ ᠠᠪᠤ ᠶᠢᠨ ᠬᠦᠦ ᠠᠴᠠ ᠲᠤᠤᠷᠠᠲᠠᠬᠤ ᠦᠭᠡᠢ ᠬᠦᠦᠭᠯᠡᠨ᠂ ︽ᠤᠨᠤᠭᠠᠴᠢᠨ ᠬᠦᠦ︾ ᠶᠢᠨ ᠤᠷ᠎ᠠ ᠠᠪᠢᠶᠠᠰ ᠢᠶᠠᠨ ᠭᠠᠶᠢᠬᠠᠭᠤᠯᠵᠤ᠂ ᠦᠵᠡᠭᠴᠢ ᠲᠦᠮᠡᠨ ᠳᠤ ᠪᠠᠨ ᠱᠠᠭᠰᠢᠭᠲᠠᠵᠤ ᠶᠠᠪᠤᠭᠰᠠᠠ ᠶᠤᠮ᠃      ᠡᠷᠭᠡ ᠦᠰᠦᠭᠰᠠᠨ ᠬᠠᠷᠠᠨᠢᠲᠤᠨ ᠪᠠᠭ᠎ᠠ ᠪᠠᠯᠴᠢᠷ ᠨᠠᠰᠤᠨ ᠠᠴᠠ ᠪᠠᠨ ᠬᠦᠭᠡᠷᠦᠬᠦᠨ ᠶᠠᠭᠤᠮ᠎ᠠ ᠪᠤᠯᠭᠠᠨ ᠮᠢᠨᠤ ᠭᠡᠲᠡᠭ ︽ᠮᠠᠭᠤᠬᠠᠢ︾ ᠵᠠᠩ ᠲᠠᠢ᠃ ᠠᠷᠪᠠᠨ ᠭᠤᠷᠪᠠᠲᠠᠢ ᠲᠡᠷᠡ ᠵᠢᠯ᠂ ᠠᠲᠤᠭᠤᠨ ᠰᠦᠷᠦᠭ ᠲᠤᠨᠢ ᠲᠤᠩ ᠴᠦ ᠬᠦᠭᠡᠷᠦᠬᠦᠨ ᠰᠠᠷᠠᠯ ᠤᠨᠠᠭ᠎ᠠ ᠪᠠᠶᠢᠬᠤ ᠶᠢ ᠦᠵᠡᠭᠡᠳ ᠮᠢᠨᠤ ᠭᠡᠵᠤ ︽ᠬᠤᠪᠢᠨ ᠤ ᠦᠮᠴᠢ︾ ᠪᠠᠨ ᠪᠤᠯᠭᠠᠯ᠎ᠠ᠃ ᠠᠯᠢᠶ᠎ᠠ ᠭᠡᠤᠭᠡᠳ ᠤᠨ ᠭᠠᠷ ᠲᠤ ᠤᠷᠤᠭᠰᠠᠨ ᠬᠦᠭᠡᠷᠦᠬᠦᠨ ᠤᠨᠠᠭ᠎ᠠ ︽ᠲᠠᠮᠤ︾ ᠪᠠᠨ ᠦᠵᠡᠵᠦ᠂ ᠤᠨᠠᠭ᠎ᠠ ᠠᠴᠠ ᠪᠠᠨ ᠤᠨᠤᠭᠠᠷᠢ ᠶᠢᠨ ᠮᠤᠷᠢᠨ ᠤ ︽ᠬᠠᠯᠠ︾ ᠶᠢ ᠠᠮᠰᠠᠭᠰᠠᠨ ᠪᠢᠯᠡ᠃ ᠨᠦᠬᠦᠭᠡ ᠲᠠᠯ᠎ᠠ ᠠᠴᠠ ᠠᠪᠴᠤ ᠭᠡᠯᠡᠪᠡᠯ ᠬᠠᠷᠠᠨᠢᠲᠤᠨ ᠰᠠᠨᠠᠭᠠᠨ ᠳᠤ ᠦᠭᠡᠢ ᠪᠠᠷ ᠡᠮᠨᠢᠭ ᠰᠤᠷᠭᠠᠭᠰᠠᠨ ᠤᠴᠢᠷ ᠪᠤᠯᠵᠠᠢ᠃ ᠰᠠᠷᠠᠯ ᠤᠨᠠᠭ᠎ᠠ ᠴᠦ ᠡᠲᠦᠷ ᠤᠨ ᠤᠲᠠᠭᠠᠨ ᠳᠤ ᠡᠨᠡᠬᠦ ᠪᠢᠴᠢᠬᠠᠨ ᠡᠵᠡᠨ ᠢᠶᠠᠨ ᠲᠡᠨᠢᠨ ᠮᠡᠲᠡᠷᠡᠵᠦ᠂ ᠬᠤᠷᠮᠦ᠋ᠢᠲᠠᠨ ᠲᠠᠭᠠᠵᠤ ᠡᠷᠭᠡᠯᠡᠨ ᠲᠤᠭᠯᠠᠭᠰᠠᠭᠠᠷ ᠤᠯᠠᠨ ᠤ ᠪᠠᠬ᠎ᠠ ᠶᠢ ᠲᠠᠲᠠᠭᠰᠠᠨ ᠠᠷᠠᠮᠠᠭ ᠰᠠᠶᠢᠬᠠᠨ ᠬᠦᠯᠦᠭ ᠪᠤᠯᠬᠤ ᠳᠤ ᠲᠡᠬᠦᠨ ᠤ ᠡᠵᠡᠨ ᠬᠠᠷᠠᠨᠢᠲᠤᠨ ᠴᠦ ᠲᠠᠪᠬᠤᠷ ᠠᠯᠠᠭ ᠨᠢᠲᠦ ᠲᠠᠢ ᠲᠤᠮᠤ ᠭᠡᠤᠭᠡᠨ ᠪᠤᠯᠵᠠᠢ᠃ ᠮᠥᠨ ᠯᠡ ᠡᠨᠡ ᠦᠶ᠎ᠠ ᠠᠴᠠ ᠡᠬᠢᠯᠡᠨ ᠰᠠᠯᠬᠢᠨ ᠬᠤᠷᠲᠤ ᠲᠠᠢ ᠰᠠᠶᠢᠬᠠᠨ ᠡᠵᠡᠨ ᠤ ᠪᠠᠨ ᠰᠠᠨᠠᠭ᠎ᠠ ᠶᠢ ᠨᠡᠪᠲᠡ ᠮᠡᠲᠡᠲᠡᠭ ᠰᠠᠷᠠᠯ ᠮᠤᠷᠢ ᠶᠢᠨ ᠰᠠᠶᠢᠨ ᠢᠶᠠᠷ ᠬᠠᠷᠠᠨᠢᠲᠤᠨ ᠭᠡᠤᠭᠡᠨ ᠨᠤᠭᠲᠤ ᠲᠠᠯᠪᠢᠵᠤ ᠡᠬᠢᠯᠡᠭᠰᠡᠨ ᠶᠤᠮ᠃ ᠠᠩᠬ᠎ᠠ ᠡᠬᠢᠨ ᠳᠤ ᠪᠠᠨ ᠮᠤᠷᠢ ᠬᠦᠮᠦᠨ ᠬᠤᠶᠠᠭᠤᠯᠠ ᠨᠤᠭᠲᠤ ᠲᠠᠯᠪᠢᠬᠤ ᠳᠤ ᠰᠤᠷᠮᠠᠭᠠᠢ ᠪᠢᠰᠢ ᠪᠠᠶᠢᠭᠰᠠᠨ ᠴᠦ ᠭᠡᠲᠦ ᠤᠲᠠᠭ᠎ᠠ ᠪᠤᠯᠬᠤ ᠪᠠᠷ ᠨᠢ ᠡᠪ ᠲᠡᠮ ᠢ ᠨᠢ ᠤᠯᠵᠤ᠂ ᠤᠷᠠᠳ ᠨᠤᠲᠤᠭ ᠲᠤ ᠨᠤᠭᠲᠤ ᠲᠠᠯᠪᠢᠬᠤ ᠰᠢᠨ᠎ᠠ ᠤᠲᠤᠨ ᠪᠤᠯᠵᠤ ᠬᠢᠯᠠᠯᠵᠠᠵᠠᠢ᠃      ᠡᠮᠡᠭᠲᠡᠶᠢᠴᠤᠳ ᠨᠤᠭᠲᠤ ᠲᠠᠯᠪᠢᠬᠤ ᠵᠠᠩᠰᠢᠯ ᠤᠷᠠᠳ ᠨᠤᠲᠤᠭ ᠪᠠ ᠲᠡᠷᠬᠠᠨ ᠮᠤᠤᠮᠢᠩᠭᠠᠨ ᠳᠤ ᠯᠠ ᠪᠠᠶᠢᠲᠠᠭ᠃ ᠤᠷᠠᠳ ᠨᠤᠲᠤᠭ ᠲᠤ ᠲᠠᠤᠭᠡᠨ ᠠᠴᠠ ᠠᠪᠤᠭᠠᠳ ᠨᠤᠲᠤᠭ ᠤᠷᠤᠨ ᠳᠤ ᠪᠠᠨ ᠨᠡᠷ᠎ᠡ ᠠᠯᠲᠠᠷᠲᠠᠢ ᠨᠤᠭᠲᠤ ᠲᠠᠯᠪᠢᠭᠴᠢ ᠤᠯᠠᠨ ᠪᠠᠶᠢᠵᠤ᠂ ᠠᠲᠤᠭᠤᠨ ᠰᠤᠶᠤᠯ ᠤᠨ ᠨᠠᠶᠢᠷ ᠪᠤᠯᠬᠤ ᠪᠠᠷ ᠡᠮᠡᠭᠲᠡᠶᠢᠴᠤᠳ ᠤᠨ ᠨᠤᠭᠲᠤ ᠲᠠᠯᠪᠢᠬᠤ ᠨᠢ ᠬᠦᠮᠦᠰ ᠤᠨ ᠠᠩᠬᠠᠷᠤᠯ ᠢ ᠲᠡᠲᠡᠨ᠂ ᠨᠠᠶᠢᠷ ᠤᠨ ᠴᠢᠮᠡᠭ ᠪᠤᠯᠲᠠᠭ ᠰᠠᠨ᠃      ᠬᠠᠷᠠᠨᠢᠲᠤᠨ ᠭᠡᠤᠭᠡᠨ ᠨᠤᠭᠲᠤ ᠲᠠᠯᠪᠢᠬᠤ ᠤᠷ᠎ᠠ ᠮᠡᠷᠭᠡᠵᠢᠯ ᠳᠤ ᠮᠡᠷᠭᠡᠰᠢᠵᠦ᠂ ᠲᠦᠮᠡᠨ ᠤᠯᠠᠨ ᠤ ᠨᠢᠲᠤ ᠶᠢ ᠬᠤᠵᠢᠷᠯᠠᠨ᠂ ᠬᠠᠷᠴᠠᠭᠠᠢ ᠰᠢᠭ᠋ ᠬᠠᠯᠢᠵᠤ᠂ ᠪᠦᠷᠬᠦᠳ ᠰᠢᠭ ᠰᠢᠬᠦᠷᠦᠨ᠂ ᠰᠠᠷᠠᠯ ᠮᠤᠷᠢ ᠨᠢ ᠰᠤᠮᠤᠲᠠᠭᠠᠳ ᠤᠷᠤᠬᠤ ᠳᠤ ᠰᠤᠷ ᠤᠨ ᠨᠤᠭᠲᠤ ᠡᠮᠨᠢᠭ ᠤᠨ ᠲᠤᠯᠤᠭᠠᠢ ᠳᠤ ᠪᠠᠶᠢᠲᠠᠭ ᠨᠢ ᠭᠠᠶᠢᠬᠠᠯᠲᠠᠢ᠃ ︽ᠡᠨᠡ ᠭᠡᠨ ᠤ ᠭᠡᠤᠭᠡᠨ ᠪᠤᠢ︖ ᠨᠤᠭᠲᠤ ᠰᠠᠶᠢᠬᠠᠨ ᠲᠠᠯᠪᠢᠵᠤ ᠪᠠᠶᠢᠨ᠎ᠠ᠂ ᠤᠷᠠᠳ ᠨᠤᠲᠤᠭ ᠲᠤ ᠪᠠᠰᠠ ᠨᠢᠭᠡ ᠰᠠᠶᠢᠨ ᠨᠤᠭᠲᠤ ᠲᠠᠯᠪᠢᠭᠴᠢ ᠭᠠᠷᠬᠤ ᠨᠢ︾ ᠭᠡᠵᠤ ᠦᠵᠡᠭᠰᠡᠨ ᠪᠦᠬᠦᠨ ᠱᠠᠭᠰᠢᠨ᠎ᠠ᠃ ᠲᠡᠮᠡᠢ ᠤᠲᠠᠯ ᠦᠭᠡᠢ ᠬᠦᠮᠦᠰ ᠬᠠᠷᠡᠨᠢᠲᠤᠨ ᠤ ᠨᠤᠭᠲᠤ ᠲᠠᠯᠪᠢᠬᠤ ᠶᠢ ᠤᠯᠵᠤ ᠬᠠᠷᠠᠬᠤ ᠪᠠᠨ ᠪᠤᠯᠢᠪᠠ᠃ ᠤᠲᠠᠭᠠᠨ ᠵᠢᠯ ᠤᠯᠵᠤ ᠬᠠᠷᠠᠭᠰᠠᠨ ᠦᠭᠡᠢ ᠠᠴᠠ ᠪᠤᠯᠵᠤ᠂ ᠪᠦᠷ ᠮᠠᠷᠲᠠᠴᠢᠬᠠᠭᠰᠠᠨ ᠪᠠᠶᠢᠯ᠎ᠠ᠃        ᠬᠠᠷᠡᠨᠢᠲᠤᠨ ᠢ ᠠᠷᠪᠠᠨ ᠨᠠᠢᠮᠠ ᠶᠢᠰᠤ ᠲᠠᠢ ᠲᠡᠷᠡ ᠵᠢᠯ᠂ ᠰᠠᠷᠠᠯ ᠮᠤᠷᠢ ᠨᠢ ᠭᠡᠨᠡᠳᠲᠠ ᠡᠪᠡᠳᠴᠢᠯᠡᠵᠡᠢ᠃ ᠭᠡᠲᠦᠢ ᠡᠮᠴᠢᠯᠡᠭᠰᠡᠨ ᠴᠦ ᠢᠯᠡᠷᠢ ᠪᠤᠯᠤᠭᠰᠠᠨ ᠦᠭᠡᠢ ᠨᠢᠲᠤ ᠪᠠᠨ ᠠᠨᠢᠵᠠᠢ᠃ ᠤᠨᠠᠭ᠎ᠠ ᠪᠠᠶᠢᠬᠤ ᠳᠤᠨᠢ ᠤᠨᠤᠵᠤ᠂ ᠲᠠᠭ᠎ᠠ ᠪᠠᠶᠢᠬᠤ ᠳᠤᠨᠢ ᠲᠠᠪᠬᠢᠭᠤᠯᠵᠤ᠂ ᠲᠠᠩᠴᠤ ᠤᠯᠠᠨ ᠨᠠᠭᠠᠲᠤᠮ ᠢᠶᠠᠷ ᠲᠠᠶᠠᠭᠠᠷ ᠤᠯᠠᠨ ᠳᠤ ᠪᠠᠨ ᠱᠠᠭᠰᠢᠭᠲᠠᠭᠰᠠᠨ ᠬᠠᠶᠢᠷᠠᠲᠤ ᠬᠦᠯᠦᠭ ᠲᠠᠢ ᠪᠠᠨ ᠢᠩᠬᠢᠵᠦ ᠬᠠᠭᠠᠴᠠᠬᠤ ᠨᠢ ᠬᠠᠷᠠᠨᠢᠲᠤᠨ ᠤ ᠵᠡᠬᠦᠲᠦᠨ ᠳᠤ ᠴᠦ ᠪᠠᠶᠢᠭ᠎ᠠ ᠦᠭᠡᠢ ᠤᠴᠢᠷ᠃ ᠰᠡᠬᠦᠲᠡᠷ ᠠᠴᠠ ᠪᠠᠨ ᠨᠠᠳᠬᠤᠨ ᠪᠤᠯᠬᠢᠵᠤ ᠲᠡᠬᠦᠨ ᠢ ᠬᠠᠶᠠᠵᠤ ᠪᠠᠶᠢᠭᠰᠠᠨ ᠨᠢ ᠪᠤᠲᠤᠭᠲᠠᠨ᠎ᠠ᠂ ᠰᠡᠬᠦᠯ ᠢᠶᠠᠷ ᠢᠶᠠᠨ ᠨᠠᠭᠠᠲᠤᠨ ᠲᠤᠭᠯᠠᠵᠤ ᠲᠡᠬᠦᠨ ᠲᠠᠢ ᠡᠷᠭᠡᠯᠡᠵᠦ ᠪᠠᠶᠢᠭᠰᠠᠨ ᠨᠢ ᠦᠵᠡᠭᠲᠡᠨ᠎ᠠ᠃ ᠬᠠᠷᠠᠨᠢᠲᠤᠨ ᠰᠡᠳᠬᠢᠯ ᠢᠶᠠᠷ ᠤᠨᠠᠵᠠᠢ ᠁      ᠤᠯᠠᠨ ᠵᠦᠢᠯ ᠤᠨ ᠰᠢᠯᠲᠠᠭᠠᠨ ᠢᠶᠠᠷ ᠤᠷᠠᠳ ᠨᠤᠲᠤᠭ ᠲᠤ ᠠᠲᠤᠭᠤ ᠴᠦᠭᠡᠷᠡᠬᠦ ᠶᠢ ᠲᠠᠭᠠᠯᠲᠤᠨ ᠡᠮᠡᠭᠲᠡᠢ ᠨᠤᠭᠲᠤ ᠲᠠᠯᠪᠢᠭᠴᠢ ᠴᠦ ᠡᠲᠦᠷ ᠤᠨ ᠤᠲᠤ ᠠᠲᠠᠯᠢ ᠪᠤᠯᠤᠭᠰᠠᠨ ᠢ ᠠᠲᠤᠭᠤᠨ ᠰᠤᠶᠤᠯ ᠳᠤ ᠠᠩᠬᠠᠷᠤᠯ ᠲᠠᠯᠪᠢᠵᠤ ᠬᠦᠮᠦᠰ ᠠᠨᠲᠠᠬᠤ ᠶᠤᠰᠤ ᠦᠭᠡᠢ᠃ ᠤᠶᠢᠷ᠎ᠠ ᠶᠢᠨ ᠭᠡᠲᠦᠨ ᠵᠢᠯ ᠠᠴᠠ ᠠᠲᠤᠭᠤᠨ ᠳᠤ ᠪᠠᠨ ᠬᠠᠶᠢᠷᠠᠲᠠᠢ ᠬᠦᠮᠤᠰ ᠤᠨ ᠬᠠᠯᠠᠰᠢᠷᠠᠯ ᠦᠭᠡᠢ ᠴᠢᠷᠮᠠᠶᠢᠯᠭ᠎ᠠ ᠳᠤ ᠤᠷᠠᠳ ᠨᠤᠲᠤᠭ ᠤᠨ ᠠᠲᠤᠭᠤᠨ ᠰᠤᠶᠤᠯ ᠤᠨ ᠦᠢᠯᠡᠰ ᠬᠦᠭᠵᠢᠯᠲᠡ ᠶᠢᠨ ᠱᠠᠲᠤᠨ ᠳᠤ ᠪᠠᠨ ᠤᠷᠤᠵᠤ᠂ ᠲᠠᠭ᠎ᠠ ᠲᠠᠮᠠᠭᠠᠯᠠᠬᠤ᠂ ᠦᠷᠢᠶ᠎ᠠ ᠬᠠᠭᠠᠷᠢᠬᠤ᠂ ᠭᠡᠬᠦᠦ ᠲᠡᠯᠯᠡᠬᠦ᠂ ᠠᠲᠤᠭᠤᠨ ᠰᠤᠶᠤᠯ ᠤᠨ ᠦᠵᠡᠬᠦᠯᠦᠯᠭᠡ ᠵᠡᠷᠭᠡ ᠠᠯᠢ ᠤᠯᠠᠨ ᠠᠵᠢᠯᠯᠠᠭ᠎ᠠ ᠶᠢ ᠦᠷᠨᠢᠬᠦᠯᠦᠭᠰᠡᠨ ᠪᠠᠶᠢᠨ᠎ᠠ᠃        2017 ᠤᠨ ᠤ ᠴᠠᠭᠠᠨ ᠰᠠᠷ᠎ᠠ ᠶᠢᠨ ᠲᠠᠷᠠᠭᠠᠬᠠᠨ᠂ ᠬᠠᠷᠠᠨᠢᠲᠤᠨ ᠨᠤᠲᠤᠭ ᠲᠤ ᠪᠠᠨ ᠬᠠᠷᠢᠬᠤ ᠳᠤ ᠡᠷᠲᠡᠮᠲᠤ ᠪᠤᠯᠤᠨ ᠲᠡᠬᠦᠦ ᠲᠠᠪᠰᠢᠯ ᠨᠢ ᠠᠲᠤᠭᠤ ᠪᠠᠨ ᠡᠮᠨᠡᠬᠦ ᠲᠠᠢ ᠲᠠᠭᠠᠷᠠᠵᠠᠢ᠃ ᠬᠠᠷᠠᠨᠢᠲᠤᠨ ᠢ ᠮᠡᠲᠡᠲᠡᠭ ᠲᠠᠨᠢᠲᠠᠭ ᠬᠦᠮᠤᠰ ᠤᠨ ᠵᠤᠷᠢᠭᠵᠢᠭᠤᠯᠤᠯ᠂ ᠦᠶ᠎ᠡ ᠶᠢᠨ ᠨᠦᠬᠦᠳ ᠤᠨ ᠦᠲᠦᠭᠡᠯᠭᠡ ᠳᠤ 20 ᠰᠢᠬᠠᠮ ᠵᠢᠯ ᠨᠤᠭᠲᠤ ᠲᠠᠯᠪᠢᠭ᠎ᠠ ᠦᠭᠡᠢ ᠲᠡᠷᠡ ᠮᠠᠨᠢ ᠴᠦ ᠲᠡᠰᠭᠡᠯ ᠦᠭᠡᠢ ᠠᠭᠲᠠ ᠬᠦᠯᠦᠭ ᠲᠤ ᠪᠠᠨ ᠠᠯᠠᠪᠬᠢᠨ ᠮᠤᠷᠲᠠᠯ᠎ᠠ᠃ ᠭᠡᠲᠦ᠋ᠢᠪᠡᠷ ᠬᠤᠷᠢ ᠰᠢᠬᠠᠮ ᠵᠢᠯ ᠮᠤᠷᠢ ᠤᠨᠤᠭ᠎ᠠ ᠦᠭᠡᠢ ᠴᠦ ᠠᠭᠲᠠ ᠶᠢᠨ ᠨᠢᠷᠤᠭᠤᠨ ᠳᠤ ᠠᠬᠢᠭᠠᠳ ᠮᠤᠷᠲᠠᠬᠤ ᠪᠠᠷ ᠬᠡᠶᠢᠮᠦᠷᠢ ᠨᠢ ᠰᠡᠷᠬᠦᠭᠡᠵᠦ ᠬᠤᠷᠮᠤᠢ ᠭᠡᠶᠢᠰᠭᠡᠨ ᠲᠤᠪᠲᠤᠯᠭᠠᠯ᠎ᠠ᠃ ᠠᠷᠭ᠎ᠠ ᠦᠭᠡᠢ ᠯᠠ ᠳ᠋ᠠ᠂ ᠠᠲᠤᠭᠤᠴᠢᠨ ᠠᠶᠢᠯ ᠤᠨ ᠤᠲᠤᠮ ᠭᠡᠵᠤ ᠡᠶᠢᠮᠦ ᠯᠠ ᠪᠠᠶᠢᠲᠠᠭ᠃ ᠲᠡᠬᠦᠨ ᠠᠴᠠ ᠬᠤᠶᠢᠰᠢ ᠨᠠᠶᠢᠷ ᠨᠠᠭᠠᠲᠤᠮ ᠤᠨ ᠴᠢᠮᠡᠭᠡ ᠶᠢ ᠰᠤᠨᠤᠰᠬᠤ ᠪᠦᠷᠢ ᠰᠡᠳᠬᠢᠯ ᠬᠦᠭᠰᠡᠵᠦ ᠂ ᠤᠶᠤᠲᠠᠯ ᠤᠨ ᠠᠵᠢᠯ ᠶᠠᠭᠠᠷᠠᠤ ᠪᠠᠶᠢᠲᠠᠭ ᠠᠴᠠ ︽ᠤᠴᠢᠬᠤ ᠦᠭᠡᠢ ᠤᠴᠢᠬᠤ ᠦᠭᠡᠢ︾ ᠭᠡᠵᠤ ᠪᠠᠶᠢᠭᠰᠠᠨ ᠴᠦ ᠡᠲᠦᠷ ᠨᠢ ᠪᠤᠯᠬᠤ ᠪᠠᠷ ᠲᠠᠯᠪᠢᠭᠠᠳ ᠬᠦᠷᠦᠴᠢᠭᠡᠭᠰᠡᠨ ᠪᠠᠶᠢᠲᠠᠭ ᠡ᠃ ︽ᠲᠤᠷ᠎ᠠ ᠳᠤ ᠰᠢᠷ᠎ᠠ ᠦᠭᠡᠢ︾ ᠭᠡᠭᠴᠢ ᠡᠨᠡ ᠪᠠᠶᠢᠬ᠎ᠠ᠃ ᠭᠡᠲᠦ ᠤᠲᠠᠭᠠᠨ ᠤ ᠠᠲᠤᠭᠤᠨ ᠰᠤᠶᠤᠯ ᠤᠨ ᠨᠡᠶᠢᠷ ᠢᠶᠠᠷ ᠨᠤᠭᠲᠤ ᠲᠠᠯᠪᠢᠵᠤ ᠶᠠᠪᠤᠬᠤ ᠳᠤ ᠪᠦᠷ ᠪᠤᠰᠤᠳ ᠤᠨ ᠮᠤᠷᠢ ᠶᠢ ᠤᠨᠤᠲᠠᠭ ᠠᠴᠠ ᠶᠡᠷᠦ ᠨᠢ ᠰᠠᠨᠠᠭᠠᠨ ᠳᠤ ᠨᠡᠶᠢᠴᠠᠮ᠎ᠠ ᠦᠭᠡᠢ ᠪᠠᠶᠢᠭᠰᠠᠨ ᠢᠶᠠᠷ ᠵᠤᠷᠢᠭ ᠰᠢᠭᠤᠲᠤᠨ ᠲᠤᠭᠤᠭᠰᠠᠨ ᠮᠤᠷᠢ ᠪᠠᠨ ᠮᠦᠩᠬᠦ ᠬᠠᠶᠢᠷᠠᠯᠠᠯ ᠦᠭᠡᠢ ᠬᠤᠲᠠᠯᠲᠤᠨ ᠠᠪᠴᠤ᠂ ᠦᠪᠡᠷ ᠤᠨ ᠭᠡᠰᠡᠨ ᠨᠤᠭᠲᠤ ᠲᠠᠯᠪᠢᠬᠤ ᠮᠤᠷᠢ ᠲᠠᠢ ᠪᠤᠯᠵᠠᠢ᠃       ᠤᠲᠤ ᠤᠷᠠᠳ ᠨᠤᠲᠤᠭ ᠲᠤ ᠨᠤᠭᠲᠤ ᠲᠠᠯᠪᠢᠲᠠᠭ ᠡᠮᠡᠭᠲᠡᠶᠢᠴᠤᠳ ᠡᠲᠦᠷ ᠢᠷᠡᠬᠦᠶ᠎ᠠ ᠤᠯᠠᠰᠢᠷᠠᠵᠤ᠂ ᠲᠦᠴᠢ ᠦᠩᠭᠡᠷᠡᠭᠰᠡᠨ ᠪᠦᠰᠡᠬᠦ᠋ᠢᠴᠤᠳ ᠠᠴᠠ ᠡᠬᠢᠯᠡᠨ ᠰᠠᠶ᠋ᠢ ᠯᠠ ᠬᠤᠷᠢ ᠦᠩᠭᠡᠷᠡᠭᠡ ᠭᠡᠤᠭᠡᠨᠴᠤᠳ ᠬᠦᠷᠲᠡᠯ᠎ᠠ ᠪᠠᠶᠢᠵᠤ᠂ ᠭᠠᠵᠠᠷ ᠤᠷᠤᠨ ᠤ ᠤᠨᠴᠠᠯᠢᠭ ᠲᠠᠢ ᠨᠤᠭᠲᠤ ᠲᠠᠯᠪᠢᠬᠤ ᠰᠤᠶᠤᠯ ᠢ ᠤᠯᠠᠮᠵᠢᠯᠠᠨ ᠵᠠᠯᠭᠠᠮᠵᠢᠯᠠᠬᠤ ᠪᠠᠷ ᠵᠢᠷᠭᠠᠯ ᠢᠶᠠᠨ ᠪᠤᠯᠭᠠᠨ᠂ ᠠᠲᠤᠭᠤᠨ ᠰᠤᠶᠤᠯ ᠤᠨ ᠴᠢᠮᠡᠭ ᠪᠤᠯᠵᠤ ᠤᠲᠤᠯᠠᠨ᠎ᠠ᠃ ᠤᠶᠤᠲᠠᠯᠴᠢᠨ ᠪᠦᠰᠡᠬᠦᠢ ᠬᠠᠷᠠᠨᠢᠲᠤᠨ ᠴᠦ ᠡᠨᠡᠬᠦ ᠬᠤᠷᠸ᠎ᠠ ᠳᠤ ᠬᠤᠪᠤᠷᠬᠠᠨ ᠪᠠᠶᠢᠲᠠᠭ ᠰᠤᠶᠤᠯ ᠳᠤ ᠰᠤᠭᠲᠤᠭᠤᠷᠠᠵᠤ᠂ ᠤᠯᠠᠨ ᠤᠯᠠᠨ ᠨᠠᠶᠢᠷ ᠨᠠᠭᠠᠲᠤᠮ ᠢᠶᠠᠷ ᠤᠷ᠎ᠠ ᠠᠪᠢᠶᠠᠰ ᠢᠶᠠᠨ ᠭᠠᠶᠢᠬᠠᠭᠤᠯᠵᠤ ᠶᠠᠪᠤᠨ᠎ᠠ᠃ ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ
ᠢᠷᠡᠯᠲᠡ᠄ ᠪᠠ᠊ ᠪᠦᠬᠡ ᠶᠢᠨ ︽ᠬᠠᠶᠢᠷ᠎ᠠ ᠪᠠᠷ ᠢᠪᠢᠯᠬᠦ ᠬᠤᠷᠸ᠎ᠠ︾ ᠭᠡᠬᠦ ᠮᠡᠳᠡᠭᠡᠯᠡᠯ ᠤᠨ ᠤᠷᠠᠨ ᠵᠤᠬᠢᠶᠠᠯ ᠤᠨ ᠲᠡᠭᠦᠪᠦᠷᠢ ᠠᠴᠠ ᠪᠠᠭᠤᠯᠭᠠᠪᠠ