︽ ᠡᠨᠡ ᠵᠠᠮ ᠨᠡᠪᠳᠡᠷᠡᠴᠢᠬᠡᠪᠠᠯ᠂ ᠪᠢ ᠬᠤᠵᠢᠮ ᠭᠠᠳᠠᠬᠰᠢ ᠭᠠᠷᠬᠤ ᠳᠤ ᠵᠤᠪᠠᠭ᠋ᠤ ᠬᠡᠷᠡᠭ ᠦᠭᠡᠢ ᠰᠢᠤ︾ ᠭᠡᠵᠦ ᠮᠠᠯᠴᠢᠨ ᠾᠧᠦ ᠸᠠᠨ ᠺᠦᠢ | ᠢᠨᠢᠶᠠᠮᠰᠦᠭᠯᠠᠨ ᠶᠠᠷᠢᠨ᠎ᠠ᠃ | | | | ᠾᠧᠦ ᠸᠠᠨ ᠺᠦᠢ ᠶᠢᠨ ᠬᠢᠨ ᠬᠦᠬᠡᠴᠤ ᠰᠤᠮᠤ ᠶᠢᠨ ᠴᠢᠨᠳᠠᠮᠤᠨᠢ ᠭᠠᠴᠠᠭᠠᠨ ᠤ ᠮᠠᠨᠤ ᠨᠠᠭᠤᠷ ᠤᠨ ᠬᠠᠪᠢ ᠪᠠᠷ ᠰᠠᠭᠤᠷᠢᠰᠢᠵᠤ ᠪᠤᠢ᠂ ᠠᠳᠠ ᠴᠡᠷᠳᠡᠮᠠᠯ | ᠵᠠᠮ ᠲᠡᠪᠢᠰᠦᠭᠰᠠᠨ ᠦᠭᠡᠢ ᠪᠣᠯᠬᠤᠷ ᠤᠯᠠᠨ ᠵᠢᠯ ᠤᠨ ᠲᠤᠷᠰᠢ᠂ ᠦᠢᠷ᠎ᠠ ᠬᠠᠪᠢ ᠶᠢᠨ ᠮᠠᠯᠴᠢᠳ ᠭᠤᠪᠢ ᠶᠢᠨ ᠮᠠᠩᠬ᠎ᠠ ᠪᠠᠷ 40 — 50 ᠺᠢᠯᠦᠮᠧᠲᠷ ᠠᠶᠠᠯᠠᠭᠠᠳ | ᠰᠠᠶᠢ ᠴᠠᠷᠳᠠᠮᠠᠯ ᠵᠠᠮ ᠤᠨ ᠠᠭᠤᠯᠵᠡᠭᠤᠷ ᠲᠤ ᠬᠦᠷᠳᠡᠭ ᠰᠠᠨ᠃ | | | | | | ᠦᠢᠷ᠎ᠠ ᠳᠤ᠂ ᠤᠯᠤᠰ ᠤᠨ ᠵᠠᠮ 331 — ᠮᠠᠨᠤ ᠨᠠᠭᠤᠷ ᠤᠨ ᠬᠠᠮᠠᠭᠠᠯᠠᠯᠲᠠ ᠶᠢᠨ ᠥᠷᠲᠡᠭᠡᠨ ᠤ ᠪᠠᠶᠢᠭᠠᠯᠢᠯᠢᠭ ᠲᠣᠰᠬᠤᠨ ᠤ ᠵᠠᠰᠠᠮᠠᠯ ᠵᠠᠮ | ᠨᠡᠪᠲᠡᠷᠡᠭᠦᠯᠬᠦ ᠪᠠᠷᠢᠯᠭ᠎ᠠ ᠶᠢᠨ ᠠᠵᠢᠯ ᠤᠨ ᠲᠤᠬᠠᠶ ᠶᠢᠨ ᠲᠠᠯᠠᠪᠠᠶ ᠳᠤ᠂ ᠠᠵᠢᠯᠴᠢᠳ ᠲᠣᠮᠣ ᠬᠡᠯᠪᠡᠷᠢ ᠶᠢᠨ ᠮᠡᠰᠢᠨ ᠢᠶᠠᠨ ᠬᠦᠳᠡᠯ᠊ ᠬᠡᠵᠤ᠂ ᠴᠡᠷᠳᠡᠮᠠᠯ ᠵᠠᠮ ᠲᠡᠪᠢᠰᠴᠤ | ᠪᠠᠶᠢᠬᠤ ᠠᠭᠤᠤ ᠵᠢᠷᠤᠭ ᠲᠤᠳᠤᠷᠠᠨ᠂ ᠮᠤᠷᠤᠢ ᠰᠠᠷᠤᠢ ᠵᠠᠮ ᠱᠤᠭᠤᠮ ᠨᠢ ᠶᠠᠭ ᠠᠪᠤᠷᠭᠤ ᠯᠣᠣ ᠮᠡᠲᠦ ᠮᠠᠨᠤ ᠨᠠᠭᠤᠷ ᠢᠶᠠᠷ ᠡᠷᠬᠢᠯᠳᠤᠨᠠ᠃ | ︽ ᠬᠡᠷ ᠠᠴᠠ ᠪᠠᠨ ᠭᠠᠷᠤᠮᠠᠬᠴᠠ ᠴᠡᠷᠳᠡᠮᠠᠯ ᠵᠠᠮ ᠢᠶᠠᠷ ᠵᠠᠮᠨᠠᠴᠢᠬᠠᠨᠠ᠂ ᠡᠭᠦᠨ ᠢ ᠵᠠᠬᠦᠳᠤ ᠬᠡᠮᠠᠨ ᠢᠳᠡᠬᠡᠬᠦ ᠦᠭᠡᠢ ᠪᠠᠶᠢᠬᠰᠠᠨ ᠰᠢᠤ᠂ ᠣᠳᠣ ᠪᠢᠳᠠᠨ | ᠬᠦᠯᠢᠶᠡᠵᠦ ᠲᠡᠰᠬᠦ ᠦᠭᠡᠶ ᠪᠣᠯᠵᠠᠶ︾ ᠾᠧᠦ ᠸᠠᠨ ᠺᠦᠢ ᠪᠠᠷᠢᠯᠭ᠎ᠠ ᠳᠠᠭᠤᠰᠬᠤ ᠭᠡᠵᠦ ᠪᠠᠶᠢᠭ᠎ᠠ ᠵᠠᠰᠠᠮᠠᠯ ᠵᠠᠮ ᠢ ᠬᠠᠷᠠᠭᠠᠳ ᠶᠡᠬᠡᠳᠡ ᠪᠡᠶᠡᠷᠯᠠᠨᠠ ᠃ | ᠣᠶᠢᠯᠠᠭᠠᠭᠰᠠᠨ ᠢᠶᠠᠷ᠂ ᠤᠷᠠᠳ ᠤᠨ ᠬᠤᠶᠢᠲᠤ ᠬᠤᠰᠢᠭᠤᠨ ᠤ ᠤᠯᠤᠰ ᠤᠨ ᠵᠠᠮ 331 — ᠮᠠᠨᠤ ᠨᠠᠭᠤᠷ ᠤᠨ ᠬᠠᠮᠠᠭᠠᠯᠠᠯᠲᠠ ᠶᠢᠨ ᠥᠷᠲᠡᠭᠡᠨ ᠤ | ᠪᠠᠶᠢᠭᠠᠯᠢᠯᠢᠭ ᠲᠣᠰᠬᠤᠨ ᠤ ᠵᠠᠰᠠᠮᠠᠯ ᠵᠠᠮ ᠨᠡᠪᠲᠡᠷᠡᠭᠦᠯᠬᠦ ᠢᠨᠵᠧᠨᠧᠷᠢᠩ ᠤᠨ ᠶᠡᠷᠦᠩᠬᠡᠶ ᠪᠠᠯᠠ ᠣᠷᠣᠭᠤᠯᠤᠯᠲᠠ 3110 ᠲᠦᠮᠡᠨ ᠲᠥᠭᠦᠷᠢᠭ ᠲᠤ ᠬᠦᠷᠴᠦ᠂ | ᠬᠦᠬᠡᠴᠤ ᠰᠤᠮᠤ ᠶᠢᠨ ᠴᠢᠨᠳᠠᠮᠤᠨᠢ ᠭᠠᠴᠠᠭᠠᠨ ᠳᠤ ᠪᠠᠶᠢᠷᠢᠯᠠᠨ᠂ ᠵᠠᠰᠠᠮᠠᠯ ᠵᠠᠮ ᠤᠨ ᠳᠥᠷᠪᠡᠳᠦᠭᠡᠷ ᠳᠡᠰ ᠤᠨ ᠪᠠᠷᠢᠮᠵᠢᠶ᠎ᠠ ᠪᠠᠷ ᠪᠥᠲᠥᠭᠡᠨ ᠪᠠᠶᠢᠭᠤᠯᠵᠤ᠂ ᠵᠠᠮ ᠤᠨ | ᠥᠷᠭᠡᠨ ᠨᠢ 4.5 ᠮᠧᠲᠷ᠂ ᠣᠷᠳᠣ ᠨᠢ 43 ᠺᠢᠯᠣᠮᠧᠲᠷ ᠪᠠᠶᠢᠵᠤ᠂ 2022 ᠣᠨ ᠤ 5 ᠰᠠᠷ᠎ᠠ ᠳᠤ ᠪᠠᠷᠢᠯᠭ᠎ᠠ ᠢᠶᠠᠨ ᠡᠬᠢᠯᠠᠬᠦᠯᠵᠤ᠂ ᠵᠢᠱᠢᠯᠲᠡ ᠪᠠᠷ 10 | ᠰᠠᠷ᠎ᠠ ᠶᠢᠨ ᠳᠤᠮᠳᠠᠴᠢ ᠪᠠᠷ ᠪᠠᠷᠢᠯᠭ᠎ᠠ ᠲᠠᠭᠤᠰᠴᠤ ᠵᠠᠮ ᠱᠤᠭᠤᠮ ᠨᠡᠪᠳᠡᠷᠡᠬᠦ ᠶᠤᠮ᠃ |