ᠠᠯᠠᠰᠢᠨ ᠬᠤᠨᠢ ᠢᠮᠠᠭᠠᠨ ᠤ ᠠᠳᠠᠯᠢ ᠪᠤᠰᠤ ᠹᠢᠽᠢᠣᠯᠣᠭᠢ ᠶᠢᠨ ᠱᠠᠲᠤᠨ ᠤ ᠠᠷᠠᠴᠢᠯᠠᠭ᠎ᠠ ᠬᠠᠮᠢᠶᠠᠷᠤᠯᠳᠠ ᠶᠢᠨ ᠭᠤᠤᠯᠳᠠᠯᠭ᠎ᠠ
  
2022/9/2
         (ᠵᠢᠷᠭᠤᠭ᠎ᠠ) ᠪᠣᠶᠢᠵᠢᠭᠤᠯᠤᠭᠰᠠᠨ ᠬᠤᠨᠢ ᠢᠮᠠᠭ᠎ᠠ         ᠪᠣᠶᠢᠵᠢᠭᠤᠯᠤᠭᠰᠠᠨ ᠬᠤᠨᠢ ᠢᠮᠠᠭ᠎ᠠ ᠭᠡᠳᠡᠭ ᠨᠢ ᠬᠤᠷᠠᠭ᠎ᠠ ᠢᠰᠢᠭᠡ ᠶᠢ ᠰᠥ ᠠᠴᠠ ᠰᠠᠯᠭᠠᠭᠰᠠᠨ ᠤ ᠳᠠᠷᠠᠭ᠎ᠠ ᠠᠩᠬ᠎ᠠ ᠤᠳᠠᠭ᠎ᠠ ᠬᠡᠭᠡᠯᠲᠦᠭᠦᠯᠬᠦ ᠡᠷ᠎ᠡ ᠬᠤᠷᠠᠭ᠎ᠠ ᠢᠰᠢᠭᠡ᠂ ᠡᠮ᠎ᠡ ᠬᠤᠷᠠᠭ᠎ᠠ ᠢᠰᠢᠭᠡ ᠶᠢ ᠵᠢᠭᠠᠵᠤ ᠪᠠᠶᠢᠨ᠎ᠠ᠂ ᠣᠯᠠᠩᠬᠢ ᠨᠢ 3 —18 ᠰᠠᠷ᠎ᠠ ᠶᠢᠨ ᠨᠠᠰᠤ ᠬᠦᠷᠴᠦ᠂ ᠲᠡᠭᠦᠨ ᠤ ᠣᠨᠴᠠᠯᠢᠭ ᠨᠢ ᠥᠰᠥᠯᠲᠡ ᠪᠣᠶᠢᠵᠢᠯᠲᠠ ᠎ ᠨᠢ ᠨᠡᠯᠢᠶᠡᠳ ᠲᠦᠷᠭᠡᠨ᠂ ᠰᠢᠮ᠎ᠡ ᠲᠡᠵᠢᠭᠡᠯᠲᠦ ᠪᠣᠳᠠᠰ ᠤᠨ ᠬᠡᠷᠡᠭᠴᠡᠭᠡᠨ ᠤ ᠬᠡᠮᠵᠢᠶ᠎ᠡ ᠨᠢ ᠶᠡᠭᠡ᠂ ᠪᠣᠶᠢᠵᠢᠭᠤᠯᠤᠭᠰᠠᠨ ᠬᠤᠨᠢ ᠢᠮᠠᠭ᠎ᠠ ᠪᠣᠯ ᠬᠤᠨᠢ ᠢᠮᠠᠭᠠᠨ ᠰᠦᠷᠦᠭ ᠎ ᠤᠨ ᠭᠤᠤᠯ ᠴᠢᠬᠤᠯᠠ ᠨᠢ ᠪᠠᠶᠢᠵᠤ᠂ ᠪᠣᠶᠢᠵᠢᠭᠤᠯᠤᠭᠰᠠᠨ ᠬᠤᠨᠢ ᠢᠮᠠᠭ᠎ᠠ ᠶᠢ ᠲᠡᠵᠢᠭᠡᠨ ᠠᠷᠠᠴᠢᠯᠠᠬᠤ ᠬᠠᠮᠢᠶᠠᠷᠤᠯᠲᠠ ᠨᠢ ᠵᠦᠶ ᠵᠣᠬᠢᠰᠲᠠᠶ ᠡᠰᠡᠬᠦ᠂ ᠬᠤᠨᠢ ᠢᠮᠠᠭᠠᠨ ᠰᠦᠷᠦᠭ ᠤᠨ ᠬᠡᠯᠪᠡᠷᠢ ᠶᠢᠨ ᠪᠦᠲᠦᠴᠡ ᠪᠠ ᠥᠰᠥᠯᠲᠡ ᠪᠣᠶᠢᠵᠢᠯᠲᠠ ᠶᠢᠨ ᠬᠤᠷᠳᠤᠴᠠ ᠵᠡᠷᠭᠡ ᠳᠤ ᠰᠢᠶᠳᠪᠦᠷᠢᠯᠡᠭᠴᠢ ᠴᠢᠨᠠᠷᠲᠠᠶ ᠦᠶᠯᠡᠳᠦᠯ ᠦᠵᠡᠭᠦᠯᠳᠡᠭ᠃        ⒈ ᠪᠣᠶᠢᠵᠢᠭᠤᠯᠤᠭᠰᠠᠨ ᠬᠤᠨᠢ ᠢᠮᠠᠭᠠᠨ ᠤ ᠵᠤᠨ ᠨᠠᠮᠤᠷ ᠤᠨ ᠠᠷᠠᠴᠢᠯᠠᠭ᠎ᠠ ᠬᠠᠮᠢᠶᠠᠷᠤᠯᠳᠠ    ᠪᠣᠶᠢᠵᠢᠭᠤᠯᠤᠭᠰᠠᠨ ᠬᠤᠨᠢ ᠢᠮᠠᠭ᠎ᠠ ᠶᠢ ᠤᠶᠢᠷ᠎ᠠ ᠣᠷᠴᠢᠮ ᠤᠨ ᠵᠤᠨ ᠤ ᠪᠡᠯᠴᠢᠭᠡᠷ ᠢ ᠰᠣᠩᠭᠤᠵᠤ ᠬᠠᠷᠢᠭᠤᠯᠤᠨ᠎ᠠ᠃ ᠦᠳᠡ ᠶᠢᠨ ᠡᠮᠦᠨ᠎ᠡ ᠮᠠᠯ ᠢᠶᠠᠨ ᠬᠠᠷᠢᠭᠤᠯᠵᠤ᠂ ᠦᠳᠡ ᠳᠤ ᠠᠮᠠᠷᠠᠨ᠂ ᠦᠳᠡ ᠶᠢᠨ ᠬᠤᠶᠢᠨ᠎ᠠ ᠣᠷᠣᠢ ᠭᠠᠷᠴᠤ ᠣᠷᠣᠢ ᠪᠤᠴᠠᠨ᠎ᠠ᠃ 7 — 9 ᠰᠠᠷ᠎ᠠ ᠶᠢᠨ ᠨᠠᠮᠤᠷ ᠤᠨ ᠤᠯᠠᠷᠢᠯ ᠳᠤ ᠪᠡᠯᠴᠢᠭᠡᠷᠯᠡᠭᠦᠯᠬᠦ ᠴᠠᠭ ᠢᠶᠠᠨ ᠤᠷᠲᠤᠳᠬᠠᠵᠤ᠂ ᠬᠥᠳᠡᠯᠭᠡᠭᠡᠨ ᠤ ᠬᠡᠮᠵᠢᠶ᠎ᠡ ᠪᠠᠨ ᠪᠠᠭᠠᠰᠬᠠᠨ᠂ ᠡᠮ᠎ᠡ ᠬᠤᠨᠢ ᠢᠮᠠᠭ᠎ᠠ ᠶᠢ ᠠᠯᠢ ᠲᠦᠷᠭᠡᠨ ᠢᠶᠠᠷ ᠲᠠᠷᠭᠤ ᠬᠦᠴᠦ ᠲᠠᠢ ᠪᠣᠯᠭᠠᠬᠤ ᠬᠡᠷᠡᠭᠲᠡᠶ᠃ ᠤᠰᠤ ᠤᠤᠭᠤᠯᠭᠠᠬᠤ ᠤᠳᠠᠭ᠎ᠠ ᠪᠠᠨ ᠨᠡᠮᠡᠭᠳᠡᠭᠦᠯᠵᠦ᠂ ᠤᠰᠤ ᠤᠤᠭᠤᠬᠤ ᠭᠠᠵᠠᠷ ᠪᠤᠶᠤ ᠬᠤᠷᠢᠶ᠎ᠠ ᠬᠠᠰᠢᠶᠠᠨ ᠳᠤ ᠡᠷᠦᠳᠡᠰᠦᠲᠦ ᠳᠠᠪᠤᠰᠤᠨ ᠲᠣᠭᠤᠰᠬ᠎ᠠ ᠲᠠᠯᠪᠢᠵᠦ᠂ ᠬᠤᠨᠢ ᠢᠮᠠᠭ᠎ᠠ ᠪᠠᠨ ᠴᠢᠯᠥᠭᠡᠲᠡᠶ ᠳᠣᠯᠢᠶᠠᠯᠭᠠᠬᠤ ᠬᠡᠷᠡᠭᠲᠡᠶ᠃        ⒉ ᠪᠣᠶᠢᠵᠢᠭᠤᠯᠤᠭᠰᠠᠨ ᠬᠤᠨᠢ ᠢᠮᠠᠭᠠᠨ ᠤ ᠡᠪᠦᠯ ᠬᠠᠪᠤᠷ ᠤᠨ ᠠᠷᠠᠴᠢᠯᠠᠭ᠎ᠠ ᠬᠠᠮᠢᠶᠠᠷᠤᠯᠳᠠ    ᠡᠪᠦᠯ ᠬᠠᠪᠤᠷ ᠤᠨ ᠤᠯᠠᠷᠢᠯ ᠤᠨ ᠬᠤᠨᠢ ᠢᠮᠠᠭᠠᠨ ᠰᠦᠷᠦᠭ ᠢ ᠬᠠᠷᠢᠭᠤᠯᠬᠤ ᠠᠴᠠ ᠭᠠᠳᠠᠨ᠎ᠠ᠂ ᠬᠠᠭᠤᠷᠠᠶ ᠬᠥᠬᠡ ᠡᠪᠡᠰᠦ ᠪᠠ ᠨᠠᠷᠢᠯᠢᠭ ᠪᠣᠷᠳᠤᠭ᠎ᠠ ᠨᠥᠬᠦᠪᠥᠷᠢᠯᠡᠵᠦ ᠪᠣᠯᠤᠨ᠎ᠠ᠃ ᠬᠤᠨᠢ ᠢᠮᠠᠭ᠎ᠠ ᠪᠦᠷᠢ ᠳᠤ ᠡᠳᠦᠷ ᠲᠤ 0.5 ᠺᠢᠯᠣᠭ᠍ᠷᠠᠮ ᠤᠨ ᠬᠦᠬᠡ ᠡᠪᠡᠰᠦ᠂ 0.3 ᠺᠢᠯᠣᠭ᠍ᠷᠠᠮ ᠤᠨ ᠨᠠᠷᠢᠯᠢᠭ ᠪᠣᠷᠳᠤᠭ᠎ᠠ ᠨᠥᠬᠦᠪᠥᠷᠢᠯᠡᠨ᠎ᠡ᠃      
            