ᠠᠯᠠᠰᠢᠨ ᠬᠤᠨᠢ ᠢᠮᠠᠭᠠᠨ ᠤ ᠠᠳᠠᠯᠢ ᠪᠤᠰᠤ ᠹᠢᠽᠢᠣᠯᠣᠭᠢ ᠶᠢᠨ ᠱᠠᠲᠤᠨ ᠤ ᠠᠷᠠᠴᠢᠯᠠᠭ᠎ᠠ ᠬᠠᠮᠢᠶᠠᠷᠤᠯᠳᠠ ᠶᠢᠨ ᠭᠤᠤᠯᠳᠠᠯᠭ᠎ᠠ
  
2022/9/2
        ( ᠲᠦᠷᠪᠡ)  ᠰᠦ ᠱᠦᠭᠦᠷᠡᠭᠦᠯᠬᠦ ᠡᠮ᠎ᠡ ᠬᠤᠨᠢ ᠢᠮᠠᠭ᠎ᠠ    ᠡᠬᠡ ᠶᠢᠨ ᠰᠦ ᠪᠣᠯ ᠬᠤᠷᠠᠭ᠎ᠠ ᠢᠰᠢᠭᠡᠨ ᠤ ᠥᠰᠥᠯᠲᠡ ᠪᠣᠶᠢᠵᠢᠯᠲᠠ ᠳᠤ ᠬᠡᠷᠡᠭᠰᠡᠬᠦ ᠰᠢᠮ᠎ᠡ ᠲᠡᠵᠢᠭᠡᠯ ᠤᠨ ᠭᠤᠣᠯ ᠢᠷᠡᠯᠲᠡ ᠪᠣᠯᠤᠨ᠎ᠠ᠂ ᠣᠨᠴᠠᠭᠠᠶᠢᠯᠠᠨ ᠲᠦᠯᠯᠡᠭᠰᠠᠠ ᠤ ᠳᠠᠷᠠᠭᠠᠬᠢ 20 — 30 ᠡᠳᠦᠷ ᠲᠤ᠂ ᠡᠬᠡ ᠶᠢᠨ ᠰᠦ ᠠᠷᠪᠢᠨ ᠪᠤᠯ ᠬᠤᠷᠠᠭ᠎ᠠ ᠢᠰᠢᠭᠡᠨ ᠤ ᠪᠣᠶᠢᠵᠢᠯᠲᠠ ᠰᠠᠶᠢᠨ ᠪᠠᠶᠢᠵᠦ᠂ ᠡᠪᠡᠳᠴᠢᠨ ᠢ ᠡᠰᠡᠷᠭᠦᠴᠡᠬᠦ ᠴᠢᠳᠠᠪᠤᠷᠢ ᠨᠢ ᠴᠢᠩᠭ᠎ᠠ ᠪᠠᠶᠢᠵᠦ᠂ ᠤᠨᠳᠤᠷᠠᠯᠳᠠ ᠶᠢᠨ ᠨᠣᠷᠮ᠎ᠠ ᠥᠨᠳᠥᠷ ᠪᠠᠶᠢᠳᠠᠭ᠃ ᠬᠡᠷᠪᠡ ᠡᠮ᠎ᠡ ᠬᠤᠨᠢ ᠢᠮᠠᠭ᠎ᠠ ᠶᠢ ᠮᠠᠭᠤ ᠲᠡᠵᠢᠭᠡᠪᠡᠯ᠂ ᠡᠮ᠎ᠡ ᠬᠤᠨᠢ ᠢᠮᠠᠭ᠎ᠠ ᠡᠴᠡᠵᠦ ᠲᠤᠷᠠᠭᠠᠳ᠂ ᠰᠦ ᠭᠠᠷᠬᠤ ᠬᠡᠮᠵᠢᠶ᠎ᠡ ᠨᠢ ᠪᠠᠭ᠎ᠠ ᠪᠣᠯᠬᠤ ᠪᠠᠷ ᠪᠠᠷᠠᠬᠤ ᠥᠬᠡᠶ᠂ ᠬᠤᠷᠠᠭ᠎ᠠ ᠢᠰᠢᠭᠡᠨ ᠤ ᠥᠰᠥᠯᠲᠡ ᠪᠣᠶᠢᠵᠢᠯᠲᠠ ᠶᠢ ᠨᠥᠯᠥᠭᠡᠯᠡᠨ᠎ᠡ᠃ ᠡᠶᠢᠮᠦ ᠠᠴᠠ᠂ ᠰᠦ ᠱᠦᠭᠦᠷᠡᠭᠦᠯᠬᠦ ᠡᠮ᠎ᠡ ᠬᠤᠨᠢ ᠢᠮᠠᠭ᠎ᠠ ᠶᠢ ᠲᠡᠵᠢᠭᠡᠵᠦ ᠠᠷᠠᠴᠢᠯᠠᠬᠤ ᠳᠤ ᠲᠡᠭᠦᠨ ᠤ ᠰᠦ ᠶᠢᠨ ᠭᠠᠷᠤᠯᠲᠠ ᠶᠢ ᠳᠡᠭᠡᠭᠰᠢᠯᠡᠭᠦᠯᠬᠦ ᠶᠢ ᠴᠢᠬᠤᠯᠠᠴᠢᠯᠠᠬᠤ ᠬᠡᠷᠡᠭᠲᠡᠶ᠃         7 — 20 ᠡᠳᠦᠷ ᠤᠨ ᠨᠠᠰᠤᠨ ᠤ ᠬᠤᠷᠠᠭ᠎ᠠ ᠢᠰᠢᠭᠡ ᠶᠢ ᠡᠳᠦᠷ ᠨᠢ ᠬᠠᠰᠢᠶᠠᠨ ᠳᠤ ᠦᠯᠡᠳᠡᠭᠡᠵᠦ᠂ ᠡᠮ᠎ᠡ ᠬᠤᠨᠢ ᠢᠮᠠᠭ᠎ᠠ ᠶᠢ ᠣᠶᠢᠷ᠎ᠠ ᠣᠷᠴᠢᠮ ᠤᠨ ᠪᠡᠯᠴᠢᠭᠡᠷ ᠲᠤ ᠬᠠᠷᠢᠭᠤᠯᠵᠤ᠂ ᠡᠳᠦᠷ ᠲᠤ 3 — 4 ᠤᠳᠠᠭ᠎ᠠ  ᠪᠤᠴᠠᠭᠠᠵᠦ᠂ ᠠᠳᠠᠭ ᠲᠤ ᠪᠠᠨ 2 ᠤᠳᠠᠭ᠎ᠠ ᠪᠤᠴᠠᠭᠠᠬᠤ ᠶᠢ ᠪᠠᠲᠤᠯᠠᠨ᠂ ᠬᠤᠷᠠᠭ᠎ᠠ ᠢᠰᠢᠭᠡ ᠪᠠᠨ ᠭᠥᠭᠦᠭᠦᠯᠵᠦ᠂ ᠰᠥᠨᠢ ᠳᠡᠭᠡᠨ ᠰᠦᠷᠦᠭ ᠨᠡᠶᠢᠯᠡᠬᠦᠯᠵᠦ ᠴᠢᠯᠥᠭᠡᠲᠡᠶ ᠭᠥᠭᠦᠭᠦᠯᠦᠨ᠎ᠡ᠃ ᠡᠮ᠎ᠡ ᠬᠤᠨᠢ ᠢᠮᠠᠭᠠᠨ ᠤ ᠮᠦᠮᠤᠬᠦᠯᠬᠦ ᠬᠤᠭᠤᠴᠠᠭ᠎ᠠ ᠨᠢ ᠶᠡᠷᠦ ᠳᠡᠭᠡᠨ 2 — 3 ᠰᠠᠷ᠎ᠠ ᠪᠠᠶᠢᠵᠦ᠂ ᠰᠥ ᠱᠦᠭᠦᠷᠡᠭᠦᠯᠬᠦ ᠡᠬᠢᠨ ᠤ ᠬᠤᠭᠤᠴᠠᠭ᠎ᠠ᠂ ᠰᠦ ᠱᠦᠭᠦᠷᠡᠭᠦᠯᠬᠦ ᠬᠤᠭᠤᠴᠠᠭ᠎ᠠ ᠪᠠ ᠰᠦ ᠱᠦᠭᠦᠷᠡᠭᠦᠯᠬᠦ ᠰᠡᠭᠦᠯᠴᠢ ᠶᠢᠨ ᠬᠤᠭᠤᠴᠠᠭ᠎ᠠ ᠭᠡᠵᠦ ᠬᠤᠪᠢᠶᠠᠨ᠎ᠠ᠃        ᠰᠦ ᠱᠦᠭᠦᠷᠡᠭᠦᠯᠬᠦ ᠶᠢᠨ ᠡᠮᠦᠨ᠎ᠡ ᠬᠤᠭᠤᠴᠠᠭᠠᠨ ᠤ ᠡᠮ᠎ᠡ ᠬᠤᠨᠢ ᠢᠮᠠᠭ᠎ᠠ ᠲᠦᠯᠯᠡᠭᠰᠠᠠ ᠤ ᠳᠠᠷᠠᠭ᠎ᠠ ᠪᠡᠶ᠎ᠡ ᠨᠢ ᠲᠠᠮᠢᠷ ᠦᠭᠡᠢ ᠪᠣᠯ ᠲᠡᠵᠢᠭᠡᠯ ᠢᠶᠠᠨ ᠴᠢᠩᠭᠠᠳᠬᠠᠬᠤ ᠬᠡᠷᠡᠭᠲᠡᠢ᠃ ᠬᠤᠨᠤᠭ ᠤᠨ ᠲᠡᠵᠢᠭᠡᠯ ᠨᠢ ᠰᠢᠮ᠎ᠡ ᠲᠡᠵᠢᠭᠡᠯ ᠢ ᠪᠦᠷᠢᠨ ᠭᠦᠶᠴᠡᠳ᠂ ᠰᠢᠩᠭᠡᠭᠡᠬᠦ ᠳᠤ ᠠᠮᠠᠷᠬᠠᠨ ᠪᠠᠶᠢᠵᠤ᠂ ᠡᠮ᠎ᠡ ᠬᠤᠨᠢ ᠢᠮᠠᠭᠠᠨ ᠤ ᠡᠷᠡᠭᠦᠯ ᠴᠢᠭᠢᠷᠠᠭ ᠢ ᠲᠦᠷᠭᠡᠬᠡᠨ ᠰᠡᠷᠭᠦᠭᠡᠬᠦ ᠪᠠ ᠭᠦᠶᠴᠡᠳ ᠰᠦ ᠱᠦᠭᠦᠷᠡᠭᠦᠯᠬᠦ ᠬᠡᠷᠡᠭᠲᠡᠶ᠃        ᠰᠦ ᠱᠦᠭᠦᠷᠡᠭᠦᠯᠬᠦ ᠬᠤᠭᠤᠴᠠᠭ᠎ᠠ ᠨᠢ ᠶᠡᠷᠦ ᠳᠡᠭᠡᠨ ᠲᠦᠯᠯᠡᠭᠰᠠᠠ ᠤ ᠳᠠᠷᠠᠭᠠᠬᠢ 30 — 45 ᠡᠳᠦᠷ ᠲᠤ ᠪᠠᠶᠢᠵᠦ᠂ ᠡᠮ᠎ᠡ ᠬᠤᠨᠢ ᠢᠮᠠᠭᠠᠨ ᠤ ᠪᠡᠶᠠᠨ ᠳᠤ ᠬᠠᠳᠠᠭᠠᠯᠠᠭᠳᠠᠵᠤ ᠪᠠᠶᠢᠭ᠎ᠠ ᠡᠯ᠎ᠡ ᠵᠦᠶᠯ ᠤᠨ ᠰᠢᠮ᠎ᠡ ᠲᠡᠵᠢᠭᠡᠯ ᠨᠢ ᠲᠠᠰᠤᠷᠠᠯᠲᠠ ᠥᠬᠡᠶ ᠪᠠᠭᠠᠰᠴᠤ᠂ ᠪᠡᠶ᠎ᠡ ᠶᠢᠨ ᠬᠦᠨᠳᠦ ᠨᠢ ᠴᠦ ᠪᠠᠭᠤᠷᠠᠳᠠᠭ᠂ ᠡᠨᠡ ᠬᠦ ᠬᠤᠭᠤᠴᠠᠭᠠᠨ ᠎ ᠤ ᠲᠡᠵᠢᠭᠡᠬᠦ ᠨᠥᠬᠦᠴᠡᠯ ᠨᠢ ᠰᠦ ᠱᠦᠭᠦᠷᠡᠭᠦᠯᠬᠦ ᠬᠡᠮᠵᠢᠶ᠎ᠡ ᠳᠤ ᠮᠠᠰᠢ ᠶᠡᠭᠡ ᠨᠥᠯᠥᠭᠡ ᠲᠠᠢ᠂ ᠡᠮ᠎ᠡ ᠬᠤᠨᠢ ᠢᠮᠠᠭᠠᠨ ᠳᠤ ᠬᠠᠮᠤᠭ ᠤᠨ ᠳᠠᠪᠠᠭᠤᠯᠢᠭ ᠲᠡᠵᠢᠭᠡᠬᠦ ᠨᠥᠬᠦᠴᠡᠯ ᠢ ᠬᠠᠩᠭᠠᠨ᠂ ᠬᠤᠨᠤᠭ ᠤᠨ ᠪᠣᠷᠳᠣᠭᠠᠨ ᠤ ᠰᠢᠮ᠎ᠡ ᠲᠡᠵᠢᠭᠡᠯ ᠤᠨ ᠲᠦᠪᠰᠢᠨ ᠢ ᠡᠮ᠎ᠡ ᠬᠤᠨᠢ ᠢᠮᠠᠭᠠᠨ ᠤ ᠰᠦ ᠱᠦᠭᠦᠷᠡᠭᠦᠯᠬᠦ ᠬᠡᠮᠵᠢᠶ᠎ᠡ ᠶᠢ ᠦᠨᠳᠦᠰᠦᠯᠡᠨ ᠲᠣᠬᠢᠷᠠᠭᠤᠯᠵᠤ᠂ ᠡᠳᠦᠷ ᠪᠦᠷᠢ ᠡᠮ᠎ᠡ ᠬᠤᠨᠢ ᠢᠮᠠᠭ᠎ᠠ ᠪᠦᠷᠢ ᠳᠤ ᠰᠢᠭᠦᠰᠦᠯᠢᠭ ᠪᠣᠷᠳᠤᠭ᠎ᠠ 2 ᠺᠢᠯᠣᠭ᠍ᠷᠠᠮ᠂ ᠬᠤᠯᠢᠮᠠᠭ ᠪᠣᠷᠳᠤᠭ᠎ᠠ 0.8 — 1.0 ᠺᠢᠯᠣᠭ᠍ᠷᠠᠮ ᠨᠥᠬᠦᠪᠥᠷᠢᠯᠡᠵᠦ ᠥᠭᠭᠦᠨ᠎ᠡ᠃       ᠰᠦ ᠱᠦᠭᠦᠷᠡᠭᠦᠯᠬᠦ ᠰᠡᠭᠦᠯᠴᠢ ᠶᠢᠨ ᠬᠤᠭᠤᠴᠠᠭᠠᠨ ᠳᠤ ᠬᠤᠨᠤᠭ ᠤᠨ ᠲᠡᠵᠢᠭᠡᠯ ᠤᠨ ᠰᠢᠮ᠎ᠡ ᠲᠡᠵᠢᠭᠡᠯ ᠤᠨ ᠬᠡᠮᠵᠢᠶ᠎ᠡ ᠶᠢ ᠪᠠᠭᠤᠷᠠᠭᠤᠯᠵᠤ᠂ ᠲᠡᠵᠢᠭᠡᠯ ᠪᠣᠷᠳᠣᠭᠠᠨ ᠎ ᠤ ᠬᠡᠮᠵᠢᠶ᠎ᠡ ᠶᠢ ᠬᠢᠵᠠᠭᠠᠷᠯᠠᠨ᠎ᠠ᠃ ᠬᠤᠷᠠᠭ᠎ᠠ ᠢᠰᠢᠭᠡ ᠶᠢ ᠶᠡᠷᠦ ᠳᠡᠭᠡᠨ 2 - 3 ᠰᠠᠷ᠎ᠠ ᠲᠠᠢ ᠰᠦᠨ ᠠᠴᠠ ᠨᠢ ᠰᠠᠯᠭᠠᠵᠤ᠂ ᠬᠤᠷᠠᠭ᠎ᠠ ᠢᠰᠢᠭᠡ ᠶᠢ ᠰᠦᠨ ᠠᠴᠠ ᠨᠢ ᠰᠠᠯᠭᠠᠭᠰᠠᠨ ᠤ ᠳᠠᠷᠠᠭ᠎ᠠ ᠡᠮ᠎ᠡ ᠬᠤᠨᠢ ᠢᠮᠠᠭ᠎ᠠ ᠨᠢ ᠰᠤᠪᠠᠶ ᠬᠤᠭᠤᠴᠠᠭᠠᠨ ᠳᠤ ᠣᠷᠣᠳᠠᠭ᠂ ᠡᠮ᠎ᠡ ᠬᠤᠨᠢ ᠢᠮᠠᠭᠠᠨ ᠤ ᠰᠤᠪᠠᠶ ᠬᠤᠭᠤᠴᠠᠭ᠎ᠠ ᠨᠢ ᠶᠡᠷᠦ ᠳᠡᠭᠡᠨ ᠣᠬᠤᠷ ᠪᠠᠶᠢᠵᠦ᠂ ᠡᠨᠡ ᠬᠤᠭᠤᠴᠠᠭᠠᠨ ᠳᠤᠨᠢ ᠡᠮ᠎ᠡ ᠬᠤᠨᠢ ᠢᠮᠠᠭᠠᠨ ᠤ ᠪᠡᠶ᠎ᠡ ᠶᠢᠨ ᠪᠠᠶᠢᠳᠠᠯ ᠢ ᠰᠡᠷᠭᠦᠭᠡᠨ᠎ᠡ᠃      
            