ᠡᠶᠢᠮᠦ ᠪᠠᠶᠢᠳᠠᠯ ᠳᠤ ᠵᠣᠭᠤᠰ ᠵᠢᠭᠡᠯᠡᠭᠡᠳ ᠪᠤᠴᠠᠭᠠᠬᠤ ᠦᠬᠡᠢ ᠪᠠᠶᠢᠵᠤ ᠪᠣᠯᠣᠨ᠎ᠠ ᠦᠦ︖
  
2022/9/13
        ᠬᠡᠷᠡᠭ ᠤᠨ ᠵᠢᠱᠢᠶ᠎ᠡ                2017 ᠣᠨ ᠤ 1 ᠰᠠᠷ᠎ᠠ ᠳᠤ᠂ ᠰᠢᠶᠤᠤ ᠮᠢᠩ ᠭᠤᠸᠠᠢ ᠰᠢᠶᠣᠣ ᠸᠠᠩ ᠠᠴᠠ 3 ᠲᠦᠮᠡᠨ ᠲᠥᠭᠦᠷᠢᠭ ᠵᠢᠭᠡᠯᠡᠪᠡ᠂ ᠰᠢᠶᠤᠤ ᠮᠢᠩ ᠵᠢᠭᠡᠯᠡᠭᠰᠡᠨ ᠪᠠᠷᠢᠮᠲᠠ ᠭᠠᠷᠭᠠᠵᠤ ᠥᠭᠭᠦᠭᠰᠡᠨ ᠪᠥᠭᠡᠳ 2018 ᠣᠨ ᠤ 1 ᠰᠠᠷ᠎ᠠ ᠳᠤ ᠵᠢᠭᠡᠯᠡᠭᠰᠡᠨ ᠵᠣᠭᠤᠰ ᠢᠶᠠᠨ ᠪᠤᠴᠠᠭᠠᠬᠤ ᠪᠠᠷ ᠪᠣᠯᠵᠣᠨ ᠲᠣᠭᠲᠠᠵᠠᠢ᠃ ᠵᠢᠭᠡᠯᠡᠭᠰᠡᠨ ᠵᠣᠭᠤᠰ ᠤᠨ ᠲᠦᠯᠦᠬᠦ ᠬᠤᠭᠤᠴᠠᠭ᠎ᠠ ᠨᠢ ᠲᠤᠯᠤᠭᠰᠠᠨ ᠤ ᠲᠠᠷᠠᠭ᠎ᠠ ᠰᠢᠶᠤᠤ ᠮᠢᠩ ᠢᠶᠠᠷ ᠵᠣᠭᠤᠰ ᠢᠶᠠᠨ ᠪᠤᠴᠠᠭᠠᠯᠭᠠᠬᠤ ᠪᠠᠷ ᠰᠢᠶᠤᠤ ᠸᠠᠩ ᠣᠯᠠᠨᠲᠠ ᠱᠠᠭᠠᠷᠳᠠᠭᠰᠠᠨ ᠪᠣᠯᠪᠠᠴᠤ ᠰᠢᠶᠤᠤ ᠮᠢᠩ ᠪᠤᠴᠠᠭᠠᠭᠰᠠᠨ ᠦᠭᠡᠢ᠃ 2020 ᠣᠨ ᠤ 6 ᠰᠠᠷ᠎ᠠ ᠳᠤ᠂ ᠰᠢᠶᠤᠤ ᠸᠠᠩ ᠳᠠᠬᠢᠨᠲᠠ ᠰᠢᠶᠤᠤ ᠮᠢᠩ ᠢᠶᠠᠷ ᠵᠣᠭᠤᠰ ᠵᠶᠠᠨ ᠪᠤᠴᠠᠭᠠᠯᠭᠠᠬᠤ ᠪᠠᠷ ᠱᠠᠭᠠᠷᠳᠠᠭᠰᠠᠨ ᠳᠤ᠂ ᠰᠢᠶᠤᠤ ᠮᠢᠩ ᠬᠠᠷᠢᠨ ᠪᠤᠴᠠᠭᠠᠬᠤ ᠥᠬᠡᠶ ᠭᠡᠵᠦ᠂ ᠡᠨᠡ ᠬᠦ ᠵᠢᠭᠡᠯᠡᠭᠰᠡᠨ ᠵᠣᠭᠤᠰ ᠨᠢᠭᠡᠨᠲᠡ 3 ᠵᠢᠯ ᠥᠩᠭᠡᠷᠡᠪᠡ᠂ ᠰᠢᠭᠦᠬᠦ ᠬᠤᠷᠢᠶᠠᠨ ᠳᠤ ᠵᠠᠭᠠᠯᠳᠤᠭᠰᠠᠨ ᠴᠤ ᠵᠠᠷᠭᠤ ᠶᠢᠨ ᠬᠦᠴᠦᠨ ᠲᠠᠢ ᠬᠤᠭᠤᠴᠠᠭ᠎ᠠ ᠠᠴᠠ ᠬᠡᠲᠦᠷᠡᠭᠰᠡᠨ ᠭᠡᠵᠦ ᠮᠠᠷᠭᠤᠨ ᠬᠡᠯᠡᠵᠡᠶ᠃         ᠰᠢᠶᠤᠤ ᠮᠢᠩ ᠡᠨᠡ ᠵᠢᠭᠡᠯᠡᠯᠭᠡ ᠶᠢ ᠪᠤᠴᠠᠭᠠᠬᠤ ᠦᠭᠡᠢ ᠪᠠᠶᠢᠵᠤ ᠪᠣᠯᠤᠨ᠎ᠠ ᠦᠦ︖ ᠬᠡᠷᠡᠭ ᠢᠶᠠᠷ ᠬᠠᠥᠯᠢ ᠶᠠᠷᠢᠶ᠎ᠠ          ᠪᠣᠯᠬᠤ ᠦᠭᠡᠢ᠃ ᠬᠡᠳᠦ᠋ᠢᠪᠡᠷ ᠢᠷᠭᠡᠨ ᠤ ᠬᠠᠥᠯᠢ ᠶᠢᠨ ᠪᠢᠴᠢᠭ ᠤᠨ ᠵᠠᠭᠤ ᠨᠠᠶᠠᠨ ᠨᠠᠢᠮᠠᠳᠤᠭᠠᠷ ᠵᠦᠢᠯ ᠳᠤ᠂ ᠠᠷᠠᠳ ᠤᠨ ᠰᠢᠭᠦᠬᠦ ᠬᠤᠷᠢᠶ᠎ᠠ ᠳᠤ ᠢᠷᠭᠡᠨ ᠤ ᠬᠡᠷᠡᠭ ᠤᠨ ᠡᠷᠬᠡ ᠪᠠᠨ ᠬᠠᠮᠠᠭᠠᠯᠠᠭᠤᠯᠬᠤ ᠪᠠᠷ ᠭᠤᠶᠤᠴᠢᠯᠠᠬᠤ ᠵᠠᠷᠭᠤ ᠶᠢᠨ ᠬᠦᠴᠦᠨ ᠲᠠᠢ ᠬᠤᠭᠤᠴᠠᠭ᠎ᠠ ᠨᠢ ᠭᠤᠷᠪᠠᠨ ᠵᠢᠯ ᠪᠣᠯᠣᠨ᠎ᠠ ᠭᠡᠵᠦ ᠲᠣᠭᠲᠠᠭᠠᠭᠰᠠᠨ ᠪᠣᠯᠪᠠᠴᠤ ᠠᠪᠴᠠᠭᠠᠲᠠᠨ ᠨᠢ ᠵᠠᠷᠭᠤ ᠶᠢᠨ ᠬᠦᠴᠦᠨ ᠲᠠᠢ ᠬᠤᠭᠤᠴᠠᠭᠠᠨ ᠳᠤ ᠥᠭᠴᠡᠭᠡᠲᠡᠨ ᠳᠤ ᠡᠷᠬᠡ ᠪᠠᠨ ᠵᠣᠷᠢᠵᠤ ᠥᠩᠭᠡᠷᠡᠭᠰᠡᠨ ᠪᠠᠶᠢᠪᠠᠯ᠂ ᠵᠠᠷᠭᠤ ᠶᠢᠨ ᠬᠦᠴᠦᠨ ᠲᠠᠢ ᠬᠤᠭᠤᠴᠠᠭ᠎ᠠ ᠨᠢ ᠳᠠᠷᠤᠢ ᠲᠠᠰᠤᠯᠳᠠᠭᠰᠠᠨ ᠦᠷ᠎ᠡ ᠳ᠋ᠦᠩ ᠭᠠᠷᠴᠤ᠂ ᠭᠤᠷᠪᠠᠨ ᠵᠢᠯ ᠤᠨ ᠵᠠᠷᠭᠤ ᠶᠢᠨ ᠬᠦᠴᠦᠨ ᠲᠠᠢ ᠬᠤᠭᠤᠴᠠᠭ᠎ᠠ ᠶᠢ ᠲᠠᠬᠢᠵᠤ ᠪᠤᠳᠤᠨ᠎ᠠ᠃ ᠭᠡᠪᠡᠴᠦ ᠡᠷᠬᠡ ᠨᠢ ᠬᠤᠬᠢᠷᠠᠯ ᠳᠤ ᠤᠴᠠᠷᠠᠭᠰᠠᠨ ᠡᠳᠦᠷ ᠠᠴᠠ ᠡᠬᠢᠯᠡᠨ ᠬᠤᠷᠢᠨ ᠵᠢᠯ ᠬᠡᠲᠦᠷᠡᠭᠰᠡᠨ ᠪᠠᠶᠢᠪᠠᠯ᠂ ᠠᠷᠠᠳ ᠤᠨ ᠰᠢᠭᠦᠬᠦ ᠬᠤᠷᠢᠶ᠎ᠠ ᠬᠠᠮᠠᠭᠠᠯᠠᠬᠤ ᠦᠭᠡᠢ᠂ ᠣᠨᠴᠠᠭᠠᠢ ᠪᠠᠶᠢᠳᠠᠯ ᠲᠠᠢ ᠪᠣᠯ᠂ ᠠᠷᠠᠳ ᠤᠨ ᠰᠢᠭᠦᠬᠦ ᠬᠤᠷᠢᠶ᠎ᠠ ᠡᠷᠬᠡᠲᠦ ᠬᠥᠮᠦᠨ ᠤ ᠭᠤᠶᠤᠴᠢᠯᠠᠯ ᠢ ᠦᠨᠳᠦᠰᠦᠯᠡᠨ ᠤᠷᠲᠤᠳᠬᠠᠬᠤ ᠪᠠᠷ ᠲᠣᠭᠲᠠᠭᠠᠵᠤ ᠪᠣᠯᠤᠨ᠎ᠠ᠃       
    