ᠠᠳᠠᠨ ᠲᠡᠮᠡᠭᠡ ᠪᠠᠨ ᠵᠤᠬᠳᠤᠷᠯᠠᠨ ᠪᠤᠣᠷ᠎ᠠ ᠪᠠᠨ ᠭᠤᠶᠤᠯᠠᠵᠤ ᠰᠢᠨᠡᠯᠠᠳᠡᠭ ᠤᠷᠠᠳᠴᠤᠳ
ᠨᠡᠶᠢᠲᠡᠯᠡᠭᠰᠡᠨ ᠴᠠᠭ᠄
2022/2/9
      《 ᠭᠠᠵᠠᠷ ᠭᠠᠵᠠᠷ ᠤᠨ ᠶᠤᠰᠤ ᠬᠦᠵᠡᠭᠡ ᠬᠦᠵᠡᠬᠡᠨ ᠤ ᠪᠤᠯᠤᠩ》 ᠬᠡᠵᠤ ᠮᠠᠨ ᠤ ᠤᠷᠠᠳ ᠮᠤᠩᠭᠤᠯᠴᠤᠳ ᠤᠨ ᠶᠤᠰᠤ ᠰᠠᠶᠢᠬᠠᠨ ᠡ᠃       ᠵᠢᠯ ᠵᠢᠯ ᠤᠨ ᠪᠢᠳᠡᠬᠦᠨ ᠪᠤᠯᠬᠤ ᠳᠤ ᠤᠷᠠᠳ ᠨᠤᠳᠤᠭ ᠤᠨ ᠲᠡᠮᠡᠬᠡᠴᠢᠳ ᠤᠨᠤᠭᠠᠷᠢ ᠶᠢᠨ ᠠᠳᠠ ᠪᠠᠨ ᠵᠤᠬᠳᠤᠷᠯᠠᠨ ᠂  ᠠᠶᠢᠯᠴᠢᠯᠠᠵᠤ ᠤᠷᠤᠯᠳᠤᠭᠤᠯᠬᠤ  ᠳᠤ ᠪᠡᠯᠡᠬᠡᠨ ᠪᠤᠯᠭᠠᠵᠤ᠂ ᠭᠠᠩᠭᠠᠩ ᠤᠯᠠᠭᠠᠨ ᠪᠤᠤᠷ᠎ᠠ ᠪᠠᠨ ᠠᠷᠴᠠ ᠰᠠᠩ ᠢᠶᠠᠷ ᠠᠷᠢᠭᠤᠯᠠᠨ᠂ ᠰᠢᠨ᠎ᠠ ᠲᠤᠮᠤᠭ ᠵᠠᠬᠦᠯᠬᠡᠨ ᠴᠢᠮᠡᠵᠤ ᠭᠤᠶᠤᠯᠠᠭᠠᠳ ᠬᠠᠳᠠᠭ ᠵᠡᠬᠦᠯᠬᠡᠵᠤ᠂ ᠮᠠᠯ ᠰᠦᠷᠦᠭ ᠤᠨ ᠢᠶᠠᠨ ᠦᠨᠢᠷ ᠦᠰᠤᠯᠳᠠ ᠶᠢ ᠪᠡᠯᠬᠡᠳᠠᠨ ᠲᠠᠭᠠᠳᠬᠠᠳᠠᠭ ᠵᠠᠩᠰᠢᠯ ᠲᠠᠢ ᠪᠢᠯᠨ᠃  ᠡᠨᠠ ᠵᠢᠯ ᠤᠨ ᠪᠢᠳᠡᠬᠦᠨ ᠬᠤᠷᠢ ᠶᠢᠰᠤᠨ ᠲᠤᠬᠢᠶᠠᠬᠰᠠᠨ ᠪᠤᠯᠬᠤᠷ ᠲᠡᠰᠤᠷᠬᠠᠢ ᠶᠢᠰᠤ ᠬᠡᠵᠤ ᠴᠡᠬᠡᠷᠯᠠᠨ ᠤᠷᠠᠳ ᠤᠨ ᠬᠤᠶᠢᠳᠤ ᠬᠤᠰᠢᠭᠤᠨ ᠤ ᠪᠡᠶᠠᠨᠴᠢᠨᠳᠠᠮᠤᠨᠢ ᠰᠤᠮᠤ ᠶᠢᠨ ᠪᠡᠶᠠᠨᠬᠦ᠋ᠷᠢᠶ᠎ᠠ ᠭᠠᠴᠠᠭᠠᠨ ᠤ ᠲᠡᠮᠡᠬᠡᠴᠢᠨ ᠶᠢᠰᠤᠨᠵᠢᠩ ᠤᠨ ᠬᠢ ᠬᠤᠷᠢᠭᠠᠳ ᠠᠳᠠ ᠪᠠᠨ ᠵᠤᠬᠳᠤᠷᠯᠠᠨ ᠵᠠᠰᠠᠵᠤ᠂ ᠭᠠᠩᠭᠠᠩ ᠤᠯᠠᠭᠠᠨ ᠪᠤᠤᠷ᠎ᠠ ᠪᠠᠨ ᠵᠤᠬᠳᠤᠷᠯᠠᠨ ᠵᠠᠰᠠᠵᠤ᠂  ᠭᠠᠩᠭᠠᠩ ᠤᠯᠠᠭᠠᠨ ᠪᠤᠤᠷ᠎ᠠ ᠪᠠᠨ ᠭᠤᠶᠤᠯᠠᠵᠤ ᠴᠢᠮᠡᠬᠡᠳ ᠰᠢᠨᠡᠯᠡᠬᠦ ᠳᠤ  ᠪᠡᠯᠠᠨ ᠪᠤᠯᠪᠠ᠃       ᠶᠢᠰᠤᠨᠵᠢᠩ ᠤᠨ ᠬᠢ ᠬᠤᠷᠳᠤᠨ ᠲᠡᠮᠡᠭᠡ ᠲᠠᠢ ᠠᠶᠢᠯ ᠪᠦᠬᠡᠳ ᠭᠠᠴᠠᠭᠠᠨ ᠤ ᠬᠢᠨᠢ ᠵᠢᠯ ᠪᠦᠷᠢ ᠲᠡᠮᠡᠭᠡ ᠤᠷᠤᠯᠳᠤᠭᠤᠯᠵᠤ ᠰᠢᠨᠡᠯᠡᠳᠡᠭ ᠵᠠᠩᠰᠢᠯ ᠲᠠᠢ ᠪᠤᠯᠬᠤᠷ  ᠡᠨᠡ  ᠬᠦ ᠵᠠᠩᠰᠢᠯ ᠢᠶᠠᠨ  ᠬᠠᠳᠠᠭᠠᠯᠠᠬᠰᠠᠭᠠᠷ ᠢᠷᠡᠵᠠᠢ᠃  ᠦᠩᠬᠡᠷᠡᠬᠦ ᠨᠠᠮᠤᠷ ᠭᠠᠩ ᠭᠠᠴᠢᠭ ᠲᠠᠢ ᠵᠢᠯ ᠪᠤᠯᠬᠤᠷ ᠡᠨᠠ ᠴᠡᠭᠠᠨ ᠰᠠᠷ᠎ᠠ  ᠭᠤᠴᠢᠭᠠᠳ ᠲᠡᠮᠡᠭᠡ ᠯᠨ  ᠤᠷᠤᠯᠳᠤᠭᠤᠯᠬᠤ ᠰᠤᠷᠠᠭ ᠲᠠᠢ ᠪᠠᠶᠢᠯ᠎ᠠ᠃ ᠬᠠᠮᠤᠭ ᠤᠯᠠᠨ ᠳᠤ ᠪᠠᠨ ᠵᠠᠭᠤᠭᠠᠳ ᠲᠡᠮᠡᠭᠡ ᠤᠷᠤᠯᠳᠤᠭᠤᠯᠵᠤ ᠪᠠᠶᠢᠬᠰᠠᠨ ᠰᠠᠶᠢᠬᠠᠨ ᠲᠡᠤᠬᠡ ᠲᠠᠢ ᠶᠤᠮᠰᠠᠨ ᠬᠡᠵᠤ ᠶᠢᠰᠤᠨᠵᠢᠩ ᠰᠤᠷᠪᠤᠯᠵᠢᠯᠠᠬᠴᠢ ᠳᠤ ᠶᠠᠷᠢᠯ᠎ᠠ᠃ 
ᠢᠷᠡᠯᠲᠡ᠄ ᠲᠤᠰ ᠰᠦᠯᠵᠢᠶ᠎ᠠ