| | ᠵᠢᠶᠠᠩ ᠽᠧ ᠮᠢᠨ ᠨᠥᠬᠦᠷ ᠤᠨ ᠴᠢᠨᠳᠠᠷ ᠤᠨ ᠦᠨᠡᠰᠦ ᠶᠢ | ᠬᠥᠬᠡᠮᠥ᠋ᠷᠡᠨ ᠪᠣᠯᠣᠨ ᠳᠠᠯᠠᠢ ᠳᠤ ᠰᠠᠴᠤᠪᠠ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠥᠷᠥ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠲᠤᠨ | ᠸᠠᠩ ᠶᠧ ᠫᠢᠩ ᠵᠡᠷᠭᠡ ᠲᠥᠷᠥᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ | ᠰᠢᠨᠬᠤᠸᠠ ᠬᠤᠷᠢᠶᠠᠨ ᠤ ᠪᠡᠭᠡᠵᠢᠩ ᠤᠨ 12 ᠰᠠᠷ᠎ᠠ ᠶᠢᠨ 11 ᠤ | ᠴᠠᠬᠢᠯᠭᠠᠨ ᠮᠡᠳᠡᠭᠡ ᠵᠢᠶᠠᠩ ᠽᠧ ᠮᠢᠨ ᠨᠥᠬᠦᠷ ᠵᠢᠴᠢ ᠲᠡᠭᠦᠨ ᠤ | ᠲᠥᠷᠥᠯ ᠰᠠᠳᠤᠨ ᠤ ᠬᠦᠰᠡᠯ ᠰᠠᠨᠠᠭ᠎ᠠ ᠶᠢ ᠵᠢᠷᠤᠮᠯᠠᠵᠤ᠂ | ᠬᠦᠨᠳᠦᠲᠦ ᠬᠠᠶᠢᠷᠠᠲᠤ ᠵᠢᠶᠠᠩ ᠽᠧ ᠮᠢᠨ ᠨᠥᠬᠦᠷ ᠤᠨ ᠴᠢᠨᠳᠠᠷ ᠤᠨ | ᠦᠨᠡᠰᠦ ᠶᠢ 11 ᠤ ᠡᠳᠦᠷ ᠬᠥᠬᠡᠮᠥ᠋ᠷᠡᠨ ᠤ ᠳᠠᠯᠠᠢ ᠶᠢᠨ | ᠴᠢᠳᠬᠤᠯᠠᠩ ᠢᠶᠠᠷ ᠳᠠᠯᠠᠢ ᠳᠤ ᠰᠠᠴᠤᠪᠠ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠥᠷᠥ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠲᠤᠨ | ᠸᠠᠩ ᠶᠧ ᠫᠢᠩ ᠵᠡᠷᠭᠡ ᠲᠥᠷᠥᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠤ᠂ ᠬᠠᠮᠤᠭ ᠤᠨ | ᠬᠦᠨᠳᠦᠳᠬᠡᠨ ᠪᠢᠰᠢᠷᠡᠬᠦ᠂ ᠬᠠᠮᠤᠭ ᠤᠨ ᠲᠥᠪ ᠴᠢᠩᠭ᠎ᠠ ᠠᠷᠭ᠎ᠠ | ᠮᠠᠶ᠋ᠢᠭ ᠢᠶᠠᠷ᠂ ᠮᠠᠨ ᠤ ᠨᠠᠮ ᠮᠠᠨ ᠤ ᠴᠡᠷᠢᠭ ᠮᠠᠨ ᠤ ᠤᠯᠤᠰ ᠤᠨ | ᠦᠨᠳᠦᠰᠦᠲᠡᠨ ᠨᠥᠬᠦᠳ ᠤᠨ ᠠᠷᠠᠳ ᠲᠦᠮᠡᠨ ᠳᠤ ᠨᠡᠶᠢᠳᠡᠮ | ᠮᠡᠳᠡᠷᠡᠭᠳᠡᠭᠰᠡᠨ ᠡᠷᠬᠢᠮ ᠳᠡᠭᠡᠳᠦ ᠨᠡᠷ᠎ᠡ ᠬᠦᠨᠳᠦᠲᠡᠢ | ᠰᠢᠯᠭᠠᠷᠠᠭᠰᠠᠨ ᠤᠳᠤᠷᠢᠳᠬᠤ ᠬᠥᠮᠥᠨ᠂ ᠠᠭᠤᠤ ᠶᠡᠭᠡ ᠮᠠᠷᠺᠰ ᠤᠨ | ᠦᠵᠡᠯᠲᠡᠨ᠂ ᠦᠭᠡᠶᠢᠭᠦᠦ ᠠᠩᠭᠢ ᠶᠢᠨ ᠠᠭᠤᠤ ᠶᠡᠭᠡ | ᠬᠤᠪᠢᠰᠬᠠᠯᠴᠢ᠂ ᠤᠯᠤᠰ ᠲᠥᠷᠥᠴᠢᠨ᠂ ᠴᠡᠷᠢᠭ ᠤᠨ ᠡᠷᠳᠡᠮᠲᠡᠨ᠂ | ᠭᠠᠳᠠᠭᠠᠳᠤ ᠬᠠᠷᠢᠯᠴᠠᠭᠠᠨ ᠤ ᠵᠢᠳᠬᠦᠯᠲᠡᠨ᠂ ᠤᠷᠲᠤ | ᠬᠤᠭᠤᠴᠠᠭᠠᠨ ᠤ ᠰᠢᠯᠭᠠᠯᠲᠠ ᠶᠢ ᠥᠩᠭᠡᠷᠡᠭᠡᠭᠰᠡᠨ ᠡᠪ ᠬᠠᠮᠲᠤ | ᠶᠣᠰᠣᠨ ᠤ ᠪᠠᠶᠢᠯᠳᠤᠭᠴᠢ᠂ ᠳᠤᠮᠳᠠᠳᠤ ᠤᠯᠤᠰ ᠤᠨ | ᠣᠨᠴᠠᠯᠢᠭ ᠲᠠᠢ ᠨᠡᠶᠢᠭᠡᠮ ᠵᠢᠷᠤᠮ ᠤᠨ ᠠᠭᠤᠤ ᠶᠡᠭᠡ ᠦᠢᠯᠡᠰ ᠤᠨ | ᠭᠠᠷᠮᠠᠭᠠᠢ ᠤᠳᠤᠷᠢᠳᠤᠭᠴᠢ᠂ ᠨᠠᠮ ᠤᠨ ᠭᠤᠷᠪᠠᠳᠤᠭᠠᠷ | ᠦᠶ᠎ᠡ ᠶᠢᠨ ᠲᠥᠪ ᠬᠤᠷᠢᠶᠠᠨ ᠤ ᠤᠳᠤᠷᠢᠳᠬᠤ ᠬᠠᠮᠲᠤ ᠶᠢᠨ | ᠭᠤᠣᠯᠯᠠᠭᠴᠢ᠂ ︽ᠭᠤᠷᠪᠠ ᠶᠢ ᠲᠥᠯᠥᠭᠡᠯᠡᠬᠦ︾ ᠴᠢᠬᠤᠯᠠ ᠦᠵᠡᠯ | ᠰᠠᠨᠠᠭᠠᠨ ᠤ ᠭᠤᠣᠯ ᠡᠭᠦᠳᠦᠭᠴᠢ ᠵᠢᠶᠠᠩ ᠽᠧ ᠮᠢᠨ ᠨᠥᠬᠦᠷ ᠢ | ᠭᠦᠨ᠎ᠡ ᠭᠠᠰᠢᠭᠤᠳᠠᠵᠤ ᠬᠢᠵᠠᠭᠠᠯᠠᠰᠢ ᠦᠭᠡᠢ ᠳᠤᠷᠠᠰᠤᠨ | ᠰᠠᠨᠠᠭᠠᠯᠵᠠᠵᠤ ᠪᠠᠶᠢᠭ᠎ᠠ ᠪᠠᠨ ᠢᠯᠡᠳᠬᠡᠪᠡ᠃ | ᠵᠢᠶᠠᠩ ᠽᠧ ᠮᠢᠨ ᠨᠥᠬᠦᠷ ᠪᠣᠯ ᠲᠤᠶᠢᠯᠪᠤᠷᠢᠲᠠᠢ ᠪᠣᠳᠠᠰᠴᠢ | ᠦᠵᠡᠯᠲᠡᠨ ᠮᠥᠨ᠃ ᠲᠡᠷᠡ ᠠᠮᠢᠳᠤ ᠰᠡᠷᠡᠭᠦᠨ ᠪᠠᠶᠢᠬᠤ ᠳᠠᠭᠠᠨ | ᠴᠢᠨᠳᠠᠷ ᠤᠨ ᠦᠨᠡᠰᠦ ᠪᠠᠨ ᠬᠥᠬᠡᠮᠥ᠋ᠷᠡᠨ ᠪᠣᠯᠣᠨ ᠳᠠᠯᠠᠢ ᠳᠤ | ᠰᠠᠴᠤᠬᠤ ᠬᠦᠰᠡᠯ ᠢᠶᠠᠨ ᠦᠯᠡᠳᠡᠭᠡᠵᠡᠢ᠃ ᠵᠢᠶᠠᠩ ᠽᠧ ᠮᠢᠨ ᠨᠥᠬᠦᠷ | ᠪᠥᠬᠦ ᠨᠠᠰᠤ ᠪᠠᠨ ᠡᠬᠡ ᠣᠷᠣᠨ ᠪᠠ ᠠᠷᠠᠳ ᠲᠦᠮᠡᠨ ᠳᠡᠭᠡᠨ ᠬᠠᠷᠠᠮ | ᠦᠭᠡᠢ ᠵᠣᠷᠢᠭᠤᠯᠵᠠᠢ᠃ | ᠲᠣᠰ ᠡᠳᠦᠷ ᠤᠨ ᠦᠳᠡ ᠶᠢᠨ ᠡᠮᠦᠨ᠎ᠡ᠂ ᠵᠢᠶᠠᠩ ᠽᠧ ᠮᠢᠨ | ᠨᠥᠬᠦᠷ ᠤᠨ ᠠᠮᠢᠳᠤ ᠰᠡᠷᠡᠭᠦᠨ ᠪᠠᠶᠢᠬᠤ ᠳᠠᠭᠠᠨ ᠤᠷᠲᠤ | ᠬᠤᠭᠤᠴᠠᠭ᠎ᠠ ᠪᠠᠷ ᠠᠵᠢᠯᠯᠠᠵᠤ ᠪᠠᠶᠢᠭᠰᠠᠨ ᠵᠥᠩ ᠨᠠᠨ ᠬᠠᠢ | ᠲᠤᠭ ᠢᠶᠠᠨ ᠬᠠᠭᠠᠰ ᠪᠠᠭᠤᠯᠭᠠᠵᠤ ᠭᠠᠰᠢᠭᠤᠳᠠᠯ ᠢᠶᠠᠨ | ᠢᠯᠡᠷᠬᠡᠶᠢᠯᠡᠵᠡᠢ᠃ ᠯᠠᠢ ᠹᠦ᠋ ᠲᠠᠩ ᠲᠠᠩᠬᠢᠮ ᠳᠤ᠂ ᠴᠠᠭᠠᠨ | ᠬᠥᠰᠢᠭᠡᠨ ᠳᠡᠭᠡᠷ᠎ᠡ᠂ ᠵᠢᠶᠠᠩ ᠽᠧ ᠮᠢᠨ ᠨᠥᠬᠦᠷ ᠤᠨ ᠪᠤᠳᠤᠭᠲᠤ | ᠬᠥᠷᠥᠭ ᠢ ᠡᠯᠭᠦᠵᠦ ᠪᠠᠶᠢᠯ᠎ᠠ᠃ ᠬᠥᠷᠥᠭ ᠤᠨ ᠳᠣᠣᠷ᠎ᠠ | ᠲᠠᠯ᠎ᠠ ᠳᠤ᠂ ᠵᠢᠶᠠᠩ ᠽᠧ ᠮᠢᠨ ᠨᠥᠬᠦᠷ ᠤᠨ ᠴᠢᠨᠳᠠᠷ ᠤᠨ | ᠬᠠᠶᠢᠷᠴᠠᠭ ᠢ ᠲᠠᠯᠪᠢᠵᠤ᠂ ᠳᠡᠭᠡᠷ᠎ᠡ ᠨᠢ ᠳᠤᠮᠳᠠᠳᠤ ᠤᠯᠤᠰ ᠤᠨ | ᠡᠪ ᠬᠠᠮᠲᠤ ᠨᠠᠮ ᠤᠨ ᠭᠠᠯ ᠤᠯᠠᠭᠠᠨ ᠲᠤᠭ ᠢᠶᠠᠷ ᠪᠦᠲᠡᠭᠡᠵᠡᠢ᠃ | ᠵᠢᠶᠠᠩ ᠽᠧ ᠮᠢᠨ ᠨᠥᠬᠦᠷ ᠤᠨ ᠬᠠᠲᠤᠨ ᠸᠠᠩ ᠶᠧ ᠫᠢᠩ ᠪᠥᠬᠦ | ᠭᠡᠷ ᠤᠨ ᠢᠶᠠᠨ ᠬᠦᠷᠭᠡᠭᠰᠡᠨ ᠰᠠᠭᠰᠤᠲᠤ ᠴᠡᠴᠡᠭ ᠢ ᠵᠢᠶᠠᠩ ᠽᠧ | ᠮᠢᠨ ᠨᠥᠬᠦᠷ ᠤᠨ ᠴᠢᠨᠳᠠᠷ ᠤᠨ ᠬᠠᠶᠢᠷᠴᠠᠭ ᠤᠨ ᠡᠮᠦᠨ᠎ᠡ | ᠲᠠᠯᠪᠢᠵᠤ᠂ ᠬᠤᠶᠠᠷ ᠲᠠᠯ᠎ᠠ ᠳᠤᠨᠢ ᠪᠤᠰᠤᠳ ᠲᠥᠷᠥᠯ ᠰᠠᠳᠤᠨ ᠪᠠ | ᠬᠤᠯᠪᠣᠭᠳᠠᠯ ᠪᠦᠬᠦᠢ ᠲᠠᠯ᠎ᠠ ᠶᠢᠨ ᠬᠦᠷᠭᠡᠭᠰᠡᠨ ᠴᠠᠭᠠᠷᠢᠭᠲᠤ | ᠴᠡᠴᠡᠭ ᠲᠠᠯᠪᠢᠭᠠᠰᠤᠲᠠᠢ ᠪᠠᠶᠢᠯ᠎ᠠ᠃ | ᠦᠳᠡ ᠶᠢᠨ ᠡᠮᠦᠨᠡᠬᠢ 8 ᠴᠠᠭ 10 ᠮᠢᠨᠦ᠋ᠲ ᠲᠤ᠂ ᠼᠠᠢ ᠴᠢ ᠪᠣᠯᠣᠨ | ᠭᠠᠰᠢᠭᠤᠳᠠᠯ ᠤᠨ ᠶᠠᠪᠤᠳᠠᠯ ᠢ ᠡᠷᠬᠢᠯᠡᠬᠦ ᠭᠡᠰᠢᠭᠦᠳ ᠤᠨ | ᠬᠤᠷᠠᠯ ᠤᠨ ᠠᠯᠪᠠᠨ ᠭᠡᠷ ᠤᠨ ᠤᠳᠤᠷᠢᠳᠬᠤ ᠨᠥᠬᠦᠳ᠂ ᠵᠢᠶᠠᠩ ᠽᠧ | ᠮᠢᠨ ᠨᠥᠬᠦᠷ ᠤᠨ ᠲᠥᠷᠥᠯ ᠰᠠᠳᠤᠨ ᠲᠠᠢ ᠠᠳᠡ ᠢᠷᠡᠵᠦ | ᠬᠢᠴᠢᠶᠡᠩᠭᠦᠶᠢᠯᠡᠨ ᠵᠣᠭᠰᠣᠵᠤ᠂ ᠲᠤᠶᠢᠯ ᠢᠶᠠᠷ ᠡᠮᠭᠡᠨᠢᠨ | ᠭᠠᠰᠢᠭᠤᠳᠠᠵᠤ ᠪᠠᠶᠢᠭ᠎ᠠ ᠰᠡᠳᠬᠢᠯᠭᠡ ᠪᠣᠯᠣᠨ ᠭᠦᠨ ᠳᠤᠷᠠᠰᠤᠨ | ᠰᠠᠨᠠᠭᠠᠯᠵᠠᠵᠤ ᠪᠠᠶᠢᠭ᠎ᠠ ᠰᠡᠳᠬᠢᠯᠭᠡ ᠪᠠᠷ ᠵᠢᠶᠠᠩ ᠽᠧ ᠮᠢᠨ | ᠨᠥᠬᠦᠷ ᠤᠨ ᠬᠥᠷᠥᠭ ᠲᠤ ᠭᠤᠷᠪᠠᠨᠲᠠ ᠶᠣᠰᠣᠯᠠᠪᠠ᠃ | ᠳᠠᠷᠠᠭ᠎ᠠ ᠨᠢ᠂ ᠵᠢᠶᠠᠩ ᠽᠧ ᠮᠢᠨ ᠨᠥᠬᠦᠷ ᠤᠨ ᠲᠥᠷᠥᠯ ᠰᠠᠳᠤᠨ ᠨᠢ | ᠬᠥᠷᠥᠭ᠂ ᠴᠢᠨᠳᠠᠷ ᠤᠨ ᠬᠠᠶᠢᠷᠴᠠᠭ ᠪᠣᠯᠣᠨ ᠴᠠᠭᠠᠷᠢᠭᠲᠤ | ᠴᠡᠴᠡᠭ ᠢ ᠡᠷᠭᠦᠨ᠂ ᠠᠯᠭᠤᠷᠬᠠᠨ ᠢᠶᠠᠷ ᠯᠠᠢ ᠹᠦ᠋ ᠲᠠᠩ | ᠲᠠᠩᠬᠢᠮ ᠠᠴᠠ ᠭᠠᠷᠴᠤ ᠢᠷᠡᠪᠡ᠃ | ᠴᠢᠨᠳᠠᠷ ᠤᠨ ᠲᠡᠷᠭᠡ ᠵᠥᠩ ᠨᠠᠨ ᠬᠠᠢ ᠠᠴᠠ ᠠᠯᠭᠤᠷᠬᠠᠨ | ᠮᠣᠷᠳᠠᠵᠤ᠂ ᠵᠥᠩ ᠨᠠᠨ ᠬᠠᠢ ᠳᠤ ᠠᠵᠢᠯᠯᠠᠵᠤ ᠪᠠᠶᠢᠭᠰᠠᠨ ᠺᠠᠳ᠋ᠷ | ᠠᠵᠢᠯᠲᠠᠳ ᠵᠠᠮ ᠤᠨ ᠬᠤᠶᠠᠷ ᠬᠠᠵᠠᠭᠤ ᠪᠠᠷ ᠡᠩᠨᠡᠷᠡᠵᠦ᠂ | ᠡᠩᠭᠡᠷ ᠲᠡᠭᠡᠨ ᠴᠠᠭᠠᠨ ᠬᠤᠸᠠᠷ ᠵᠡᠭᠦᠵᠦ᠂ ᠲᠥᠪ | ᠬᠢᠴᠢᠶᠡᠩᠭᠦᠢ ᠪᠠᠷ ᠵᠢᠶᠠᠩ ᠽᠧ ᠮᠢᠨ ᠨᠥᠬᠦᠷ ᠢ ᠠᠶᠠᠷᠯᠠᠨ | ᠮᠣᠷᠳᠠᠭᠤᠯᠪᠠ᠃ | | ᠴᠢᠨᠳᠠᠷ ᠤᠨ ᠲᠡᠷᠭᠡ ᠪᠠᠷᠠᠭᠤᠨ ᠳᠡᠭᠦᠷᠭᠡ ᠨᠢᠰᠬᠡᠯ ᠤᠨ | ᠪᠠᠭᠤᠳᠠᠯ ᠳᠤ ᠠᠯᠭᠤᠷᠬᠠᠨ ᠣᠷᠣᠪᠠ᠃ ᠨᠠᠷᠠᠰᠤ ᠮᠠᠶᠢᠯᠠᠰᠤ ᠨᠠᠮ | ᠵᠢᠮᠬᠡᠨ ᠰᠡᠬᠦᠶᠢᠵᠦ᠂ ᠠᠯᠤᠰ ᠤᠨ ᠠᠭᠤᠯᠠᠰ ᠨᠠᠮᠬᠠᠨ | ᠰᠦᠨᠳᠡᠷᠯᠡᠨ᠎ᠡ᠃ ᠠᠭᠠᠷ ᠤᠨ ᠴᠡᠷᠢᠭ ᠤᠨ ᠳᠠᠷᠤᠭ᠎ᠠ | ᠪᠠᠶᠢᠯᠳᠤᠭᠴᠢᠳ ᠡᠩᠨᠡᠷᠡᠨ ᠵᠢᠭᠰᠠᠵᠤ ᠮᠠᠯᠠᠭᠠᠢ ᠪᠠᠨ ᠠᠪᠴᠤ᠂ | ᠵᠢᠶᠠᠩ ᠽᠧ ᠮᠢᠨ ᠨᠥᠬᠦᠷ ᠤᠨ ᠴᠢᠨᠳᠠᠷ ᠢ ᠠᠴᠢᠶᠠᠯᠠᠨ | ᠬᠠᠮᠠᠭᠠᠯᠠᠬᠤ ᠲᠤᠰᠬᠠᠢ ᠨᠢᠰᠬᠡᠯ ᠢ ᠪᠠᠷᠠᠯᠠᠨ ᠮᠣᠷᠳᠠᠭᠤᠯᠪᠠ᠃ | ᠲᠤᠰᠬᠠᠢ ᠨᠢᠰᠬᠡᠯ ᠨᠡᠶᠢᠰᠯᠡᠯ ᠪᠡᠭᠡᠵᠢᠩ ᠤᠨ ᠣᠭᠲᠠᠷᠭᠤᠢ ᠪᠠᠷ | ᠨᠢᠭᠡ ᠳᠤᠭᠤᠶᠢᠯᠠᠨ ᠠᠯᠭᠤᠷᠬᠠᠨ ᠡᠷᠭᠢᠯᠳᠦᠵᠦ᠂ ᠵᠢᠶᠠᠩ ᠽᠧ ᠮᠢᠨ | ᠨᠥᠬᠦᠷ ᠤᠨ ᠨᠠᠮ ᠪᠠ ᠤᠯᠤᠰ ᠤᠨ ᠦᠢᠯᠡᠰ ᠤᠨ ᠲᠥᠯᠥᠭᠡ ᠰᠡᠳᠬᠢᠯ | ᠰᠠᠨᠠᠭ᠎ᠠ ᠪᠠᠨ ᠴᠢᠯᠡᠭᠡᠵᠦ ᠣᠶᠣᠨ ᠤᠬᠠᠭᠠᠨ ᠢᠶᠠᠨ | ᠰᠢᠪᠬᠠᠭᠰᠠᠨ ᠡᠨᠡ ᠬᠦ ᠭᠠᠵᠠᠷ ᠠᠴᠠ ᠠᠶᠠᠷᠯᠠᠵᠠᠢ᠃ | ᠦᠳᠡ ᠶᠢᠨ ᠡᠮᠦᠨᠡᠬᠢ 11 ᠴᠠᠭ 5 ᠮᠢᠨᠦ᠋ᠲ ᠲᠤ᠂ ᠵᠢᠶᠠᠩ ᠽᠧ ᠮᠢᠨ | ᠨᠥᠬᠦᠷ ᠤᠨ ᠴᠢᠨᠳᠠᠷ ᠢ ᠠᠴᠢᠶᠠᠯᠠᠨ ᠬᠠᠮᠠᠭᠠᠯᠠᠬᠤ ᠲᠤᠰᠬᠠᠢ | ᠨᠢᠰᠬᠡᠯ ᠱᠠᠩᠬᠠᠢ ᠶᠢᠨ ᠬᠤᠩ ᠴᠢᠶᠣᠣ ᠨᠢᠰᠬᠡᠯ ᠤᠨ | ᠪᠠᠭᠤᠳᠠᠯ ᠳᠤ ᠬᠥᠷᠪᠡ᠃ ᠳᠠᠷᠠᠭ᠎ᠠ ᠨᠢ ᠴᠢᠨᠳᠠᠷ ᠤᠨ | ᠲᠡᠷᠭᠡ ᠪᠠᠷ ᠴᠢᠨᠳᠠᠷ ᠢ ᠠᠴᠢᠶᠠᠯᠠᠨ ᠬᠠᠮᠠᠭᠠᠯᠠᠵᠤ ᠡᠦ ᠰᠥᠩ | ᠴᠡᠷᠢᠭ ᠤᠨ ᠭᠠᠷᠠᠮ ᠳᠤ ᠬᠦᠷᠭᠡᠪᠡ᠃ | ᠡᠦ ᠰᠥᠩ ᠴᠡᠷᠢᠭ ᠤᠨ ᠭᠠᠷᠠᠮ ᠳᠤ᠂ ᠤᠯᠤᠰ ᠤᠨ ᠲᠤᠭ ᠢ ᠬᠠᠭᠠᠰ | ᠪᠠᠭᠤᠯᠭᠠᠵᠤ᠂ ᠲᠥᠪ ᠬᠢᠴᠢᠶᠡᠩᠭᠦᠢ ᠪᠠᠶᠢᠯ᠎ᠠ᠃ ᠬᠠᠷ᠎ᠠ | ᠳᠡᠪᠢᠰᠬᠡᠷᠲᠦ ᠴᠠᠭᠠᠨ ᠦᠰᠦᠭ ᠤᠨ ᠬᠥᠨᠳᠡᠯᠡᠨ ᠪᠢᠴᠢᠭᠡᠰᠦ | ᠳᠡᠭᠡᠷ᠎ᠡ᠄ ︽ᠵᠢᠶᠠᠩ ᠽᠧ ᠮᠢᠨ ᠨᠥᠬᠦᠷ ᠥᠨᠢᠳᠡ ᠪᠠᠯᠠᠷᠠᠰᠢ | ᠦᠭᠡᠢ︾᠂ ︽ᠵᠢᠶᠠᠩ ᠽᠧ ᠮᠢᠨ ᠨᠥᠬᠦᠷ ᠪᠢᠳᠡᠨ ᠤ ᠰᠡᠳᠬᠢᠯ | ᠵᠢᠷᠦᠬᠡᠨ ᠳᠤ ᠥᠨᠢᠳᠡ ᠮᠥᠩᠬᠡᠷᠡᠨ᠎ᠡ︾ ᠭᠡᠵᠦ ᠪᠢᠴᠢᠭᠰᠡᠨ | ᠪᠠᠶᠢᠯ᠎ᠠ᠃ ᠳᠠᠯᠠᠢ ᠶᠢᠨ ᠴᠡᠷᠢᠭ ᠤᠨ ᠳᠠᠷᠤᠭ᠎ᠠ | ᠪᠠᠶᠢᠯᠳᠤᠭᠴᠢᠳ ᠳᠡᠷᠢ ᠲᠡᠭᠰᠢ ᠵᠢᠭᠰᠠᠵᠤ᠂ ᠮᠠᠯᠠᠭᠠᠢ ᠪᠠᠨ | ᠠᠪᠴᠤ ᠶᠣᠰᠣᠯᠠᠪᠠ᠃ ᠵᠢᠶᠠᠩ ᠽᠧ ᠮᠢᠨ ᠨᠥᠬᠦᠷ ᠤᠨ ᠲᠥᠷᠥᠯ | ᠰᠠᠳᠤᠨ ᠨᠢ ᠴᠢᠨᠳᠠᠷ ᠢ ᠡᠷᠭᠦᠨ ᠴᠢᠨᠳᠠᠷ ᠤᠨ ᠲᠡᠷᠭᠡᠨ ᠠᠴᠠ | ᠪᠠᠭᠤᠵᠤ᠂ ᠴᠢᠨᠳᠠᠷ ᠢ ᠴᠢᠨᠳᠠᠷ ᠤᠨ ᠰᠢᠷᠡᠭᠡᠨ ᠳᠡᠭᠡᠷ᠎ᠡ | ᠲᠠᠯᠪᠢᠵᠠᠢ᠃ ᠤᠶᠠᠷᠠᠭᠤᠨ ᠨᠠᠮᠬᠠᠨ ᠭᠠᠰᠢᠭᠤᠳᠠᠯ ᠤᠨ ᠠᠶᠠᠰ | ᠳᠤᠮᠳᠠ᠂ ᠮᠣᠷᠳᠠᠭᠤᠯᠬᠤ ᠪᠠᠷ ᠢᠷᠡᠭᠰᠡᠨ ᠬᠥᠮᠥᠰ ᠲᠥᠪ | ᠬᠢᠴᠢᠶᠡᠩᠭᠦᠶᠢᠯᠡᠨ ᠵᠣᠭᠰᠣᠵᠤ᠂ ᠭᠦᠨ ᠮᠡᠬᠦᠶᠢᠨ ᠶᠣᠰᠣᠯᠠᠵᠤ᠂ | ᠵᠢᠶᠠᠩ ᠽᠧ ᠮᠢᠨ ᠨᠥᠬᠦᠷ ᠲᠠᠢ ᠡᠴᠦᠰ ᠤᠨ ᠰᠠᠯᠬᠤ ᠶᠣᠰᠣ | ᠭᠦᠢᠴᠡᠳᠬᠡᠪᠡ᠃ | ᠳᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ | ᠳᠠᠯᠠᠢ ᠶᠢᠨ ᠴᠡᠷᠢᠭ ᠤᠨ ᠶᠠᠩᠵᠧᠦ ᠬᠥᠯᠭᠡ ᠣᠩᠭᠤᠴᠠ ᠡᠷᠭᠢ | ᠬᠥᠪᠡᠭᠡᠳᠡᠨ ᠨᠠᠮ ᠵᠢᠮ ᠵᠣᠭᠰᠣᠨ᠎ᠠ ᠂ ᠬᠥᠯᠭᠡ ᠣᠩᠭᠤᠴᠠ | ᠳᠡᠭᠡᠷ᠎ᠡ ᠳᠠᠷᠤᠭ᠎ᠠ ᠪᠠᠶᠢᠯᠳᠤᠭᠴᠢᠳ ᠲᠣᠭᠤᠷᠢᠭ ᠬᠤᠪᠢᠶᠠᠨ | ᠣᠩᠭᠤᠴᠠᠨ ᠵᠣᠭᠰᠣᠭᠠᠯ ᠤᠨ ᠬᠥᠪᠡᠭᠡ ᠳᠤ ᠵᠢᠭᠰᠠᠵᠤ ᠲᠥᠪ | ᠵᠣᠭᠰᠣᠪᠠ᠃ ᠶᠠᠩᠵᠧᠦ ᠪᠣᠯ ᠵᠢᠶᠠᠩ ᠽᠧ ᠮᠢᠨ ᠨᠥᠬᠦᠷ ᠤᠨ | ᠲᠥᠷᠥᠭᠰᠡᠨ ᠨᠤᠲᠤᠭ ᠪᠣᠯᠣᠨ᠎ᠠ᠃ ᠥᠨᠥᠳᠥᠷ᠂ ᠶᠠᠩᠵᠧᠦ ᠪᠠᠷ | ᠨᠡᠷᠡᠶᠢᠳᠦᠭᠰᠡᠨ ᠡᠨᠡ ᠬᠦ ᠴᠡᠷᠢᠭ ᠤᠨ ᠬᠥᠯᠭᠡ ᠣᠩᠭᠤᠴᠠ | ᠬᠠᠮᠤᠭ ᠤᠨ ᠳᠡᠭᠡᠳᠦ ᠶᠣᠰᠣᠯᠠᠯ ᠢᠶᠠᠷ ᠨᠠᠮ ᠪᠣᠯᠣᠨ ᠠᠷᠠᠳ | ᠲᠦᠮᠡᠨ ᠳᠤ ᠪᠠᠯᠠᠷᠠᠰᠢ ᠦᠭᠡᠢ ᠭᠠᠪᠢᠶ᠎ᠠ ᠵᠢᠳᠬᠦᠯ | ᠦᠵᠡᠭᠦᠯᠦᠭᠰᠡᠨ ᠡᠨᠡ ᠬᠦ ᠭᠠᠷᠮᠠᠭᠠᠢ ᠤᠳᠤᠷᠢᠳᠤᠭᠴᠢ ᠪᠠᠨ | ᠮᠣᠷᠳᠠᠭᠤᠯᠤᠯ᠎ᠠ᠃ ᠵᠢᠶᠠᠩ ᠽᠧ ᠮᠢᠨ ᠨᠥᠬᠦᠷ ᠤᠨ ᠲᠥᠷᠥᠯ | ᠰᠠᠳᠤᠨ ᠨᠢ ᠴᠢᠨᠳᠠᠷ ᠢ ᠡᠷᠭᠦᠨ ᠶᠠᠩᠵᠧᠦ ᠬᠥᠯᠭᠡ ᠣᠩᠭᠤᠴᠠᠨ ᠳᠤ | ᠭᠠᠷᠪᠠ᠃ ᠳᠠᠯᠠᠢ ᠶᠢᠨ ᠴᠡᠷᠢᠭ ᠤᠨ ᠪᠦᠷᠢᠶ᠎ᠡ ᠳᠤᠤᠭᠠᠷᠴᠤ᠂ | ᠶᠣᠰᠣᠯᠠᠯ ᠤᠨ ᠠᠩᠭᠢ ᠶᠢᠨ ᠬᠢᠨ ᠫᠤᠤ ᠠᠳᠬᠤᠨ ᠲᠥᠪ ᠵᠣᠭᠰᠣᠵᠤ᠂ | ᠰᠢᠷᠲᠡᠨ ᠬᠠᠷᠠᠵᠤ ᠶᠣᠰᠣ ᠭᠦᠢᠴᠡᠳᠬᠡᠪᠡ᠃ ᠶᠠᠩᠵᠧᠦ ᠬᠥᠯᠭᠡ | ᠣᠩᠭᠤᠴᠠ ᠠᠶᠠᠯᠠᠯ ᠢᠶᠠᠨ ᠡᠬᠢᠯᠡᠭᠦᠯᠬᠦ ᠦᠶ᠎ᠡ ᠳᠤ᠂ | ᠴᠡᠷᠢᠭ ᠤᠨ ᠭᠠᠷᠠᠮ ᠳᠤ ᠪᠠᠶᠢᠭᠰᠠᠨ ᠪᠣᠢ ᠪᠦᠬᠦᠢ ᠬᠥᠯᠭᠡ | ᠣᠩᠭᠤᠴᠠ ᠠᠭᠤᠷ ᠤᠨ ᠱᠤᠤᠭᠢᠯ ᠢᠶᠠᠨ ᠳᠤᠤᠭᠠᠷᠭᠠᠵᠤ᠂ | ᠣᠭᠲᠠᠷᠭᠤᠢ ᠴᠤᠤᠷᠢᠶᠠᠳᠤᠪᠠ᠃ | ᠶᠠᠩᠵᠧᠦ ᠬᠥᠯᠭᠡ ᠣᠩᠭᠤᠴᠠ ᠬᠥᠬᠡᠮᠥ᠋ᠷᠡᠨ ᠳᠤ ᠣᠷᠣᠵᠤ | ᠨᠡᠯᠦᠭᠡᠷ ᠶᠡᠭᠡ ᠳᠠᠯᠠᠢ ᠶᠢ ᠵᠣᠷᠢᠯ᠎ᠠ᠃ ᠴᠡᠷᠢᠭ ᠤᠨ ᠬᠥᠯᠭᠡ | ᠣᠩᠭᠤᠴᠠ ᠠᠯᠭᠤᠷ ᠠᠶᠠᠯᠠᠵᠤ᠂ ᠱᠠᠩᠬᠠᠢ ᠭᠡᠬᠦ ᠡᠨᠡ ᠬᠦ ᠵᠢᠶᠠᠩ ᠽᠧ | ᠮᠢᠨ ᠨᠥᠬᠦᠷ ᠤᠨ ᠵᠠᠯᠠᠭᠤ ᠨᠠᠰᠤᠨ ᠤ ᠣᠨ ᠵᠢᠯ ᠢᠶᠠᠨ | ᠥᠩᠭᠡᠷᠡᠭᠦᠯᠦᠭᠰᠡᠨ᠂ ᠤᠷᠲᠤ ᠬᠤᠭᠤᠴᠠᠭ᠎ᠠ ᠠᠵᠢᠯᠯᠠᠵᠤ᠂ | ᠲᠡᠮᠡᠴᠡᠵᠦ᠂ ᠬᠤᠪᠢ ᠨᠡᠮᠡᠷᠢ ᠦᠵᠡᠭᠦᠯᠦᠭᠰᠡᠨ ᠨᠤᠲᠤᠭ | ᠤᠰᠤᠨ ᠠᠴᠠ ᠠᠶᠠᠷᠯᠠᠪᠠ᠃ | ᠦᠳᠡ ᠶᠢᠨ ᠡᠮᠦᠨᠡᠬᠢ 12 ᠴᠠᠭ 35 ᠮᠢᠨᠦ᠋ᠲ ᠲᠤ᠂ ᠶᠠᠩᠵᠧᠦ ᠬᠥᠯᠭᠡ | ᠣᠩᠭᠤᠴᠠ ᠬᠥᠬᠡᠮᠥ᠋ᠷᠡᠨ ᠤ ᠳᠠᠯᠠᠢ ᠶᠢᠨ ᠴᠢᠳᠬᠤᠯᠠᠩ ᠳᠤ | ᠬᠦᠷᠴᠡᠢ᠃ ᠴᠡᠷᠢᠭ ᠤᠨ ᠬᠥᠯᠭᠡ ᠣᠩᠭᠤᠴᠠᠨ ᠤ ᠱᠠᠯᠠ ᠳᠡᠭᠡᠷ᠎ᠡ᠂ | ᠮᠣᠷᠳᠠᠭᠤᠯᠬᠤ ᠬᠥᠮᠥᠰ ᠲᠥᠪ ᠵᠣᠭᠰᠣᠨ ᠨᠠᠮᠠᠨᠴᠢᠯᠠᠪᠠ᠃ | ᠳᠠᠯᠠᠢ ᠶᠢᠨ ᠤᠰᠤ ᠨᠠᠮ ᠳᠥᠯᠭᠡᠬᠡᠨ ᠢᠶᠠᠷ ᠳᠠᠪᠠᠯᠭᠠᠯᠠᠨ᠎ᠠ᠃ | ᠼᠠᠢ ᠴᠢ ᠪᠣᠯᠣᠨ ᠵᠢᠶᠠᠩ ᠽᠧ ᠮᠢᠨ ᠨᠥᠬᠦᠷ ᠤᠨ ᠬᠠᠲᠤᠨ ᠸᠠᠩ ᠶᠧ | ᠫᠢᠩ ᠵᠡᠷᠭᠡ ᠲᠥᠷᠥᠯ ᠰᠠᠳᠤᠨ ᠨᠢ ᠨᠢᠳᠦᠨ ᠳᠡᠭᠡᠨ ᠨᠢᠯᠪᠤᠰᠤ | ᠮᠡᠯᠮᠡᠯᠵᠡᠭᠦᠯᠵᠦ᠂ ᠡᠮᠭᠡᠨᠢᠯ ᠭᠠᠰᠢᠭᠤᠳᠠᠯ ᠢ ᠲᠡᠰᠪᠦᠷᠢᠯᠡᠨ᠂ | ᠵᠢᠶᠠᠩ ᠽᠧ ᠮᠢᠨ ᠨᠥᠬᠦᠷ ᠤᠨ ᠴᠢᠨᠳᠠᠷ ᠤᠨ ᠦᠨᠡᠰᠦ ᠪᠣᠯᠣᠨ | ᠮᠢᠷᠠᠯᠵᠠᠭᠰᠠᠨ ᠴᠡᠴᠡᠭ ᠤᠨ ᠬᠡᠯᠲᠡᠰ ᠢ ᠬᠥᠪᠡᠭᠡ ᠬᠢᠵᠠᠭᠠᠷ | ᠦᠭᠡᠢ ᠮᠥᠷᠡᠨ ᠲᠠᠩᠭᠢᠰ ᠲᠤ ᠠᠯᠭᠤᠷᠬᠠᠨ ᠢᠶᠠᠷ ᠰᠠᠴᠤᠪᠠ᠃ | ᠥᠷᠭᠡᠨ ᠮᠥᠷᠡᠨ ᠳᠣᠷᠤᠨᠠᠰᠢ ᠴᠢᠳᠬᠤᠯᠠᠵᠤ ᠠᠨᠠᠪᠠᠳ | ᠳᠠᠯᠠᠢ ᠲᠠᠢ ᠪᠠᠨ ᠠᠰᠢᠳᠠ ᠣᠷᠣᠰᠢᠨ᠎ᠠ᠃ ᠳᠤᠮᠳᠠᠳᠤ ᠶᠢᠨ ᠡᠬᠡ | ᠭᠠᠵᠠᠷ ᠤᠨ ᠠᠭᠤᠯᠠ ᠤᠰᠤ ᠪᠥᠬᠦᠨ ᠨᠢᠭᠡᠨ ᠠᠭᠤᠤ ᠶᠡᠭᠡ ᠬᠥᠮᠥᠨ ᠤ | ᠭᠡᠷᠡᠯ ᠰᠠᠴᠤᠷᠠᠩᠭᠤᠢ ᠪᠥᠭᠡᠳ ᠡᠷᠡᠯᠬᠡᠭ ᠳᠠᠶᠢᠴᠢᠨ ᠡᠷᠢᠨ | ᠵᠠᠭᠤᠨ ᠤ ᠠᠮᠢᠳᠤᠷᠠᠯ ᠢ ᠭᠡᠷᠡᠴᠢᠯᠡᠵᠦ᠂ ᠨᠢᠭᠡᠨ ᠭᠠᠷᠮᠠᠭᠠᠢ | ᠤᠳᠤᠷᠢᠳᠬᠤ ᠬᠥᠮᠥᠨ ᠤ ᠨᠠᠰᠤᠨ ᠲᠤᠷᠰᠢᠲᠠ ᠪᠠᠨ | ᠬᠢᠴᠢᠶᠡᠩᠭᠦᠶᠢᠯᠡᠨ ᠵᠢᠳᠬᠦᠵᠦ᠂ ᠡᠷᠡᠯᠬᠡᠭᠯᠡᠨ ᠲᠡᠮᠡᠴᠡᠭᠰᠡᠨ | ᠠᠤᠭ᠎ᠠ ᠰᠦᠷ ᠰᠢᠳᠤᠷᠭᠤ ᠰᠦᠨᠡᠰᠦ ᠶᠢ ᠥᠨᠢᠳᠡ ᠬᠠᠳᠠᠭᠠᠯᠠᠨ᠎ᠠ᠃ | ᠥᠷᠭᠡᠨ ᠮᠥᠷᠡᠨ ᠳᠣᠷᠤᠨᠠᠰᠢ ᠴᠢᠳᠬᠤᠯᠠᠵᠤ ᠠᠨᠠᠪᠠᠳ | ᠳᠠᠯᠠᠢ ᠲᠠᠢ ᠪᠠᠨ ᠠᠰᠢᠳᠠ ᠣᠷᠣᠰᠢᠨ᠎ᠠ᠃ ᠥᠨᠥᠳᠥᠷ᠂ | ᠳᠡᠯᠡᠬᠡᠢ ᠶᠢᠨ ᠳᠣᠷᠣᠨᠠᠳᠠᠬᠢᠨ ᠳᠤ ᠰᠡᠬᠦᠶᠢᠨ ᠰᠦᠨᠳᠡᠷᠯᠡᠵᠦ | ᠪᠠᠶᠢᠭ᠎ᠠ ᠨᠡᠶᠢᠭᠡᠮ ᠵᠢᠷᠤᠮᠲᠤ ᠳᠤᠮᠳᠠᠳᠤ ᠤᠯᠤᠰ ᠴᠡᠴᠡᠭᠯᠡᠨ | ᠬᠥᠭᠵᠢᠵᠦ᠂ ᠠᠮᠢᠵᠢᠷᠠᠯ ᠤᠨ ᠬᠦᠴᠦᠨ ᠢᠶᠠᠷ ᠪᠢᠯᠬᠠᠵᠤ᠂ | ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ | ᠮᠠᠨᠳᠤᠯᠲᠠ ᠶᠢᠨ ᠲᠡᠦᠬᠡ ᠶᠢᠨ ᠠᠬᠢᠴᠠ ᠰᠦᠷ ᠳᠠᠯᠠᠶᠢᠴᠠᠲᠠᠢ | ᠶᠠᠪᠤᠭᠳᠠᠵᠤ᠂ ᠠᠬᠠᠮᠠᠳ ᠦᠶ᠎ᠡ ᠶᠢᠨ ᠬᠢᠨ ᠤ ᠭᠡᠭᠡᠨ ᠰᠦᠨᠡᠰᠦ | ᠪᠠᠶᠠᠰᠤᠨ ᠠᠮᠤᠷᠵᠢᠨᠠ᠃ | ᠥᠷᠭᠡᠨ ᠮᠥᠷᠡᠨ ᠳᠣᠷᠤᠨᠠᠰᠢ ᠴᠢᠳᠬᠤᠯᠠᠵᠤ ᠠᠨᠠᠪᠠᠳ | ᠳᠠᠯᠠᠢ ᠲᠠᠢ ᠪᠠᠨ ᠠᠰᠢᠳᠠ ᠣᠷᠣᠰᠢᠨ᠎ᠠ᠃ ᠬᠦᠨᠳᠦᠲᠦ ᠬᠠᠶᠢᠷᠠᠲᠤ | ᠵᠢᠶᠠᠩ ᠽᠧ ᠮᠢᠨ ᠨᠥᠬᠦᠷ ᠤᠨ ᠪᠠᠭᠠᠲᠤᠷ ᠨᠡᠷ᠎ᠡ᠂ ᠭᠠᠪᠢᠶ᠎ᠠ | ᠵᠢᠳᠬᠦᠯ᠂ ᠦᠵᠡᠯ ᠰᠠᠨᠠᠭ᠎ᠠ᠂ ᠬᠡᠪ ᠰᠤᠷᠲᠠᠯ ᠨᠢ ᠲᠡᠦᠬᠡᠨ | ᠬᠠᠭᠤᠳᠠᠰᠤᠨ᠎ᠠ ᠥᠨᠢᠳᠡ ᠲᠡᠮᠳᠡᠭᠯᠡᠭᠳᠡᠵᠦ᠂ ᠦᠶ᠎ᠡ ᠶᠢᠨ | ᠦᠶ᠎ᠡ ᠳᠡᠭᠡᠨ ᠠᠷᠠᠳ ᠲᠦᠮᠡᠨ ᠤ ᠰᠡᠳᠬᠢᠯ ᠳᠤ ᠬᠠᠳᠠᠩᠰᠢᠬᠤ ᠨᠢ | ᠯᠠᠪᠲᠠᠢ᠃ | | | | 2 ᠰᠠᠷ᠎ᠠ ᠶᠢᠨ 11 ᠤ ᠡᠳᠦᠷ ᠂ ᠵᠢᠶᠠᠩ ᠽᠧ ᠮᠢᠨ ᠨᠥᠬᠦᠷ ᠵᠢᠴᠢ | ᠲᠡᠭᠦᠨ ᠤ ᠲᠦᠷᠦᠯ ᠰᠠᠳᠤᠨ ᠤ ᠬᠦᠰᠡᠯ ᠰᠠᠨᠠᠭ᠎ᠠ ᠶᠢ | ᠵᠢᠷᠤᠮᠯᠠᠵᠤ᠂ ᠬᠦᠨᠳᠦᠲᠦ ᠬᠠᠶᠢᠷᠠᠲᠤ ᠵᠢᠶᠠᠩ ᠽᠧ ᠮᠢᠨ | ᠨᠥᠬᠦᠷ ᠤᠨ ᠴᠢᠨᠳᠠᠷ ᠤᠨ ᠦᠨᠡᠰᠦ ᠶᠢ ᠬᠥᠬᠡᠮᠥ᠋ᠷᠡᠨ ᠤ | ᠲᠠᠯᠠᠢ ᠶᠢᠨ ᠴᠢᠳᠬᠤᠯᠠᠩ ᠢᠶᠠᠷ ᠲᠠᠯᠠᠢ ᠳᠤ ᠰᠠᠴᠤᠪᠠ ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠳᠤᠨ | ᠸᠠᠩ ᠶᠧ ᠫᠢᠩ ᠵᠡᠷᠭᠡ ᠲᠦᠷᠤᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ᠃ ᠵᠢᠷᠤᠭ ᠪᠣᠯ | ᠵᠢᠶᠠᠩ ᠽᠧ ᠮᠢᠨ ᠨᠥᠬᠦᠷ ᠤᠨ ᠲᠦᠷᠦᠯ ᠰᠠᠲᠤᠨ ᠨᠢ ᠭᠦᠷᠦᠭ᠂ | ᠴᠢᠨᠳᠠᠷ ᠤᠨ ᠬᠠᠶᠢᠷᠴᠠᠭ ᠪᠣᠯᠣᠨ ᠴᠠᠭᠠᠷᠢᠭᠲᠤ ᠴᠡᠴᠡᠭ ᠢ | ᠡᠷᠭᠦᠨ᠂ ᠠᠯᠭᠤᠷᠬᠠᠨ ᠢᠶᠠᠷ ᠯᠠᠢ ᠹᠦ᠋ ᠲᠡᠩ ᠲᠠᠩᠬᠢᠮ ᠠᠴᠠ | ᠭᠠᠷᠴᠤ ᠢᠷᠡᠵᠦ ᠪᠠᠶᠢᠭ᠎ᠠ ᠨᠢ ᠃ ᠰᠢᠨᠬᠤᠸᠠ ᠬᠤᠷᠢᠶᠠᠨ ᠤ | ᠰᠤᠷᠪᠤᠯᠵᠢᠯᠠᠬᠴᠢ ᠶᠠᠨ ᠶᠠᠨ ᠰᠡᠭᠦᠳᠡᠷᠯᠡᠪᠡ | | | | | | 12 ᠰᠠᠷ᠎ᠠ ᠶᠢᠨ 11 ᠤ ᠡᠳᠦᠷ ᠂ ᠵᠢᠶᠠᠩ ᠽᠧ ᠮᠢᠨ ᠨᠥᠬᠦᠷ | ᠵᠢᠴᠢ ᠲᠡᠭᠦᠨ ᠤ ᠲᠦᠷᠦᠯ ᠰᠠᠳᠤᠨ ᠤ ᠬᠦᠰᠡᠯ ᠰᠠᠨᠠᠭ᠎ᠠ ᠶᠢ | ᠵᠢᠷᠤᠮᠯᠠᠵᠤ᠂ ᠬᠦᠨᠳᠦᠲᠦ ᠬᠠᠶᠢᠷᠠᠲᠤ ᠵᠢᠶᠠᠩ ᠽᠧ ᠮᠢᠨ | ᠨᠥᠬᠦᠷ ᠤᠨ ᠴᠢᠨᠳᠠᠷ ᠤᠨ ᠦᠨᠡᠰᠦ ᠶᠢ ᠬᠥᠬᠡᠮᠥ᠋ᠷᠡᠨ ᠤ | ᠲᠠᠯᠠᠢ ᠶᠢᠨ ᠴᠢᠳᠬᠤᠯᠠᠩ ᠢᠶᠠᠷ ᠲᠠᠯᠠᠢ ᠳᠤ ᠰᠠᠴᠤᠪᠠ ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠳᠤᠨ | ᠸᠠᠩ ᠶᠧ ᠫᠢᠩ ᠵᠡᠷᠭᠡ ᠲᠦᠷᠤᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ ᠃ ᠵᠢᠷᠤᠭ ᠪᠣᠯ | ᠪᠡᠭᠡᠵᠢᠭ ᠤᠨ ᠪᠠᠷᠠᠭᠤᠨ ᠲᠡᠭᠦᠷᠭᠡ ᠨᠢᠰᠬᠡᠯ ᠤᠨ | ᠪᠠᠭᠤᠳᠠᠯ ᠳᠤ ᠂ ᠵᠢᠶᠠᠩ ᠽᠧ ᠮᠢᠨ ᠨᠥᠬᠦᠷ ᠤᠨ ᠲᠦᠷᠦᠯ | ᠰᠠᠲᠤᠨ ᠨᠢ ᠭᠦᠷᠦᠭ᠂ ᠴᠢᠨᠳᠠᠷ ᠤᠨ ᠬᠠᠶᠢᠷᠴᠠᠭ ᠪᠣᠯᠣᠨ | ᠴᠠᠭᠠᠷᠢᠭᠲᠤ ᠴᠡᠴᠡᠭ ᠢ ᠡᠷᠭᠦᠨ᠂ ᠠᠯᠭᠤᠷᠬᠠᠨ ᠢᠶᠠᠷ ᠲᠤᠰᠬᠠᠢ | ᠨᠢᠰᠬᠡᠯ ᠵᠦᠭ ᠶᠠᠪᠤᠵᠤ ᠪᠠᠶᠢᠭ᠎ᠠ ᠨᠢ ᠃ ᠰᠢᠨᠬᠤᠸᠠ ᠬᠤᠷᠢᠶᠠᠨ ᠤ | ᠰᠤᠷᠪᠤᠯᠵᠢᠯᠠᠬᠴᠢ ᠶᠠᠨ ᠶᠠᠨ ᠰᠡᠭᠦᠳᠡᠷᠯᠡᠪᠡ | | | | | | | | 12 ᠰᠠᠷ᠎ᠠ ᠶᠢᠨ 11 ᠤ ᠡᠳᠦᠷ ᠂ ᠵᠢᠶᠠᠩ ᠽᠧ ᠮᠢᠨ ᠨᠥᠬᠦᠷ ᠵᠢᠴᠢ | ᠲᠡᠭᠦᠨ ᠤ ᠲᠦᠷᠦᠯ ᠰᠠᠳᠤᠨ ᠤ ᠬᠦᠰᠡᠯ ᠰᠠᠨᠠᠭ᠎ᠠ ᠶᠢ | ᠵᠢᠷᠤᠮᠯᠠᠵᠤ᠂ ᠬᠦᠨᠳᠦᠲᠦ ᠬᠠᠶᠢᠷᠠᠲᠤ ᠵᠢᠶᠠᠩ ᠽᠧ ᠮᠢᠨ | ᠨᠥᠬᠦᠷ ᠤᠨ ᠴᠢᠨᠳᠠᠷ ᠤᠨ ᠦᠨᠡᠰᠦ ᠶᠢ ᠬᠥᠬᠡᠮᠥ᠋ᠷᠡᠨ ᠤ | ᠲᠠᠯᠠᠢ ᠶᠢᠨ ᠴᠢᠳᠬᠤᠯᠠᠩ ᠢᠶᠠᠷ ᠲᠠᠯᠠᠢ ᠳᠤ ᠰᠠᠴᠤᠪᠠ ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠳᠤᠨ | ᠸᠠᠩ ᠶᠧ ᠫᠢᠩ ᠵᠡᠷᠭᠡ ᠲᠦᠷᠤᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ ᠃ ᠰᠢᠨᠬᠤᠸᠠ | ᠬᠤᠷᠢᠶᠠᠨ ᠤ ᠰᠤᠷᠪᠤᠯᠵᠢᠯᠠᠬᠴᠢ ᠯᠢ ᠲᠤᠤ ᠰᠡᠭᠦᠳᠡᠷᠯᠡᠪᠡ | | | 12 ᠰᠠᠷ᠎ᠠ ᠶᠢᠨ 11 ᠤ ᠡᠳᠦᠷ ᠂ ᠵᠢᠶᠠᠩ ᠽᠧ ᠮᠢᠨ ᠨᠥᠬᠦᠷ | ᠵᠢᠴᠢ ᠲᠡᠭᠦᠨ ᠤ ᠲᠦᠷᠦᠯ ᠰᠠᠳᠤᠨ ᠤ ᠬᠦᠰᠡᠯ ᠰᠠᠨᠠᠭ᠎ᠠ ᠶᠢ | ᠵᠢᠷᠤᠮᠯᠠᠵᠤ᠂ ᠬᠦᠨᠳᠦᠲᠦ ᠬᠠᠶᠢᠷᠠᠲᠤ ᠵᠢᠶᠠᠩ ᠽᠧ ᠮᠢᠨ | ᠨᠥᠬᠦᠷ ᠤᠨ ᠴᠢᠨᠳᠠᠷ ᠤᠨ ᠦᠨᠡᠰᠦ ᠶᠢ ᠬᠥᠬᠡᠮᠥ᠋ᠷᠡᠨ ᠤ | ᠲᠠᠯᠠᠢ ᠶᠢᠨ ᠴᠢᠳᠬᠤᠯᠠᠩ ᠢᠶᠠᠷ ᠲᠠᠯᠠᠢ ᠳᠤ ᠰᠠᠴᠤᠪᠠ ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠳᠤᠨ | ᠸᠠᠩ ᠶᠧ ᠫᠢᠩ ᠵᠡᠷᠭᠡ ᠲᠦᠷᠤᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ᠃ᠰᠢᠨᠬᠤᠸᠠ | ᠬᠤᠷᠢᠶᠠᠨ ᠤ ᠰᠤᠷᠪᠤᠯᠵᠢᠯᠠᠬᠴᠢ ᠯᠢ ᠲᠤᠤ ᠰᠡᠭᠦᠳᠡᠷᠯᠡᠪᠡ | 12 ᠰᠠᠷ᠎ᠠ ᠶᠢᠨ 11 ᠤ ᠡᠳᠦᠷ ᠂ ᠵᠢᠶᠠᠩ ᠽᠧ ᠮᠢᠨ ᠨᠥᠬᠦᠷ ᠵᠢᠴᠢ | ᠲᠡᠭᠦᠨ ᠤ ᠲᠦᠷᠦᠯ ᠰᠠᠳᠤᠨ ᠤ ᠬᠦᠰᠡᠯ ᠰᠠᠨᠠᠭ᠎ᠠ ᠶᠢ | ᠵᠢᠷᠤᠮᠯᠠᠵᠤ᠂ ᠬᠦᠨᠳᠦᠲᠦ ᠬᠠᠶᠢᠷᠠᠲᠤ ᠵᠢᠶᠠᠩ ᠽᠧ ᠮᠢᠨ | ᠨᠥᠬᠦᠷ ᠤᠨ ᠴᠢᠨᠳᠠᠷ ᠤᠨ ᠦᠨᠡᠰᠦ ᠶᠢ ᠬᠥᠬᠡᠮᠥ᠋ᠷᠡᠨ ᠤ | ᠲᠠᠯᠠᠢ ᠶᠢᠨ ᠴᠢᠳᠬᠤᠯᠠᠩ ᠢᠶᠠᠷ ᠲᠠᠯᠠᠢ ᠳᠤ ᠰᠠᠴᠤᠪᠠ ᠃ | ᠨᠠᠮ ᠤᠨ ᠲᠥᠪ ᠬᠤᠷᠢᠶᠠᠨ ᠤ ᠨᠠᠶᠢᠳᠠᠯᠭ᠎ᠠ ᠪᠠᠷ ᠂ ᠳᠤᠮᠳᠠᠳᠤ | ᠤᠯᠤᠰ ᠤᠨ ᠡᠪ ᠬᠠᠮᠲᠤ ᠨᠠᠮ ᠤᠨ ᠲᠥᠪ ᠬᠤᠷᠢᠶᠠᠨ ᠤ ᠤᠯᠤᠰ | ᠲᠦᠷᠦ ᠶᠢᠨ ᠲᠣᠪᠴᠢᠶᠠᠨ ᠤ ᠪᠠᠶᠢᠩᠭᠤ ᠶᠢᠨ ᠭᠡᠰᠢᠭᠦᠨ ᠂ | ᠲᠥᠪ ᠤᠨ ᠱᠦᠵᠢ ᠨᠠᠷ ᠤᠨ ᠭᠠᠵᠠᠷ ᠤᠨ ᠱᠦᠵᠢ ᠼᠠᠢ ᠴᠢ ᠵᠡᠷᠭᠡ | ᠤᠳᠤᠷᠢᠳᠬᠤ ᠨᠥᠬᠦᠳ ᠪᠣᠯᠣᠨ ᠵᠢᠶᠠᠩ ᠽᠧ ᠮᠢᠨ ᠨᠥᠬᠦᠷ ᠤᠨ ᠬᠠᠳᠤᠨ | ᠸᠠᠩ ᠶᠧ ᠫᠢᠩ ᠵᠡᠷᠭᠡ ᠲᠦᠷᠤᠯ ᠰᠠᠳᠤᠨ ᠨᠢ ᠬᠠᠮᠠᠭᠠᠯᠠᠨ | ᠬᠦᠷᠭᠡᠵᠦ ᠴᠢᠨᠳᠠᠷ ᠤᠨ ᠦᠨᠡᠰᠦ ᠶᠢ ᠰᠠᠴᠤᠵᠠᠢ ᠃ | | | ᠰᠢᠨᠬᠤᠸᠠ ᠬᠤᠷᠢᠶᠠᠨ ᠤ ᠰᠤᠷᠪᠤᠯᠵᠢᠯᠠᠬᠴᠢ ᠯᠢ ᠲᠤᠤ | ᠰᠡᠭᠦᠳᠡᠷᠯᠡᠪᠡ | | |