ᠣᠷᠠᠳ ᠬᠤᠷᠢᠮ ᠨᠠᠶᠢᠷ ᠤᠨ ᠠᠪᠢᠶᠠᠰᠯᠢᠭ ᠬᠦᠳᠦᠯᠦᠭᠴᠢ
ᠨᠡᠶᠢᠲᠡᠯᠡᠭᠰᠡᠨ ᠴᠠᠭ᠄
2021/12/20
          ᠴᠠᠭᠠᠨ ᠰᠠᠷ᠎ᠠ ᠶᠢᠨ ᠠᠷᠪᠠᠨ ᠲᠠᠪᠤᠨ ᠤ ︽ᠣᠷᠠᠳ ᠪᠠᠭᠤᠴᠠ ᠶᠢᠨ ᠴᠠᠭᠠᠨ ᠰᠠᠷ᠎ᠠ ᠶᠢᠨ ᠵᠣᠯᠭᠠᠯᠳᠠ ᠵᠢᠴᠢ ︽ᠣᠷᠠᠳ ᠬᠤᠷᠳᠣ︾ ᠮᠣᠷᠢᠨ ᠣᠷᠣᠯᠳᠣᠭᠠᠨ ᠤ ᠣᠨ ᠤ ᠮᠠᠩᠯᠠᠢ ᠰᠢᠯᠭᠠᠷᠠᠭᠤᠯᠬᠤ ᠣᠷᠣᠯᠳᠣᠭᠠᠨ︾ ᠲᠡᠬᠡᠷ᠎ᠠ ᠪᠢ ᠣᠷᠠᠳ ᠨᠣᠳᠤᠭ ᠤᠨ ᠨᠡᠷᠡᠳᠦ ᠬᠦᠳᠦᠯᠦᠭᠴᠢ᠂ ᠮᠣᠩᠭᠤᠯ ᠰᠣᠶᠣᠯ ᠤᠨ ᠵᠢᠳᠬᠦᠯᠳᠡᠨ — ᠣᠯᠠᠭᠠᠨ ᠲᠣᠷᠭᠠᠨ ᠬᠤᠷᠠᠭᠠᠨ ᠲᠠᠪᠠᠯ ᠲᠠᠢ ᠣᠳᠬᠤᠨ ᠭᠤᠸᠠᠢ ᠶᠢ ᠰᠣᠷᠪᠤᠯᠵᠢᠯᠠᠯ᠎ᠠ᠃ ᠬᠤᠷᠢ ᠰᠢᠬᠠᠮ ᠵᠢᠯ ᠤᠨ ᠡᠮᠦᠨ᠎ᠡ᠂ ᠪᠢ ᠣᠳᠬᠤᠨ ᠭᠤᠸᠠᠢ ᠶᠢ ᠬᠠᠨᠭ᠍ᠭᠠᠶᠢᠭᠤᠪᠢ ᠶᠢᠨ ᠣᠡᠭᠭᠤᠨ ᠭᠠᠴᠠᠭᠠᠨ ᠤ ᠱᠦᠵᠢ ᠪᠠᠶᠢᠬᠤ ᠳᠤ ᠰᠣᠷᠪᠤᠯᠵᠢᠯᠠᠵᠦ ᠪᠠᠶᠢᠭᠰᠠᠨ ᠶᠣᠮ᠃        ᠡᠳᠦᠬᠡ ᠬᠠᠨᠭ᠍ᠭᠠᠶᠢᠭᠤᠪᠢ ᠰᠣᠮᠣ ᠨᠢ ᠣᠷᠠᠳ ᠤᠨ ᠲᠣᠮᠳᠠᠳᠣ ᠬᠤᠰᠢᠭᠤᠨ ᠤ ᠬᠤᠯᠣᠰᠣᠳᠠᠢ ᠰᠣᠮᠣ ᠲᠠᠢ ᠨᠠᠶᠢᠯᠠᠪᠠ᠃ ᠨᠣᠳᠤᠭ ᠤᠨ ᠬᠢᠨ ᠬᠦᠮᠦᠰ ᠣᠳᠬᠤᠨ ᠢ ᠪᠠᠨ ᠲᠠᠯ᠎ᠠ ᠨᠣᠳᠤᠭ ᠤᠨ ᠬᠤᠰᠢᠭᠤᠴᠢ ᠭᠠᠯᠠᠭᠤ ᠬᠡᠳᠡᠭ᠃ ᠲᠡᠷᠡ ᠭᠠᠴᠠᠭᠠᠨ ᠤ ᠪᠠᠨ ᠱᠦᠵᠢ ᠪᠠᠶᠢᠢᠬᠤ ᠲᠠᠭᠠᠨ ᠭᠠᠴᠠᠭᠠᠨ ᠤ ᠮᠠᠯᠴᠢᠳ ᠢᠶᠠᠨ ᠲᠠᠶᠢᠴᠢᠯᠠᠨ ᠪᠠᠶᠠᠵᠢᠯ ᠤᠨ ᠵᠠᠮ ᠢᠶᠠᠷ ᠶᠠᠪᠤᠭᠠᠳ ᠪᠦᠬᠦ ᠭᠠᠴᠠᠭᠠᠨ ᠤ ᠮᠠᠯᠴᠢᠳ ᠢᠶᠠᠨ ᠶᠠᠳᠠᠭᠤ ᠠᠴᠠ ᠠᠩᠬᠢᠵᠢᠷᠠᠭᠤᠯᠵᠦ ᠴᠢᠨᠡᠭᠡᠯᠢᠭᠵᠢᠯ ᠤᠨ ᠵᠠᠮ ᠳᠤ ᠣᠷᠣᠭᠤᠯᠣᠭᠰᠠᠨ ᠪᠠᠶᠢᠨ᠎ᠠ᠃ ᠬᠤᠵᠢᠮ ᠨᠢ ᠨᠠᠰᠣ ᠠᠬᠢᠵᠦ ᠱᠦᠵᠢ ᠶᠢᠨ ᠲᠣᠰᠢᠶᠠᠯ ᠢᠶᠠᠨ ᠵᠠᠯᠠᠭᠤ ᠬᠦᠮᠦᠰ ᠲᠤ ᠲᠣᠰᠢᠶᠠᠪᠠ᠃ ᠲᠡᠬᠡᠬᠡᠳ ᠦᠪᠡᠷ ᠤᠨ ᠲᠦᠷᠦᠯᠬᠢ ᠶᠢᠨ ᠠᠪᠢᠶᠠᠰ ᠪᠢᠯᠢᠭ ᠢᠶᠠᠨ ᠪᠠᠳᠠᠷᠠᠭᠤᠯᠵᠦ ︽ᠬᠡᠯᠡᠨ ᠤ ᠣᠷᠠᠨ ᠰᠡᠳᠬᠢᠯᠬᠡ ᠶᠢᠨ ᠪᠠᠶᠠᠨ︾ ᠢᠶᠠᠨ ᠭᠠᠶᠢᠢᠬᠠᠭᠤᠯᠵᠦ ᠬᠦᠳᠦᠯᠦᠭᠴᠢ ᠶᠢᠨ ᠵᠠᠮ ᠢᠶᠠᠷ ᠶᠠᠪᠤᠪᠠ᠃ ᠲᠡᠷᠡ ᠮᠣᠩᠭᠤᠯ ᠰᠣᠶᠣᠯ ᠢᠶᠠᠨ ᠣᠯᠠᠮᠵᠢᠯᠠᠨ ᠬᠦᠭᠵᠢᠬᠦᠯᠬᠦ ᠲᠡᠤᠬᠡᠳᠦ ᠡᠬᠦᠷᠬᠡ ᠶᠢ ᠣᠬᠠᠮᠰᠠᠷ ᠲᠠᠢ ᠪᠠᠷ ᠡᠬᠦᠷᠬᠡᠯᠡᠨ ᠠᠪᠴᠤ᠂ ᠬᠤᠯᠠ ᠣᠶᠢᠷ᠎ᠠ ᠳᠤ ᠠᠯᠳᠠᠷᠰᠢᠬᠰᠠᠨ ᠬᠤᠷᠢᠮ ᠨᠠᠶᠢᠷ ᠤᠨ ᠬᠦᠳᠦᠯᠦᠭᠴᠢ ᠪᠤᠯᠵᠦ ᠶᠠᠪᠤᠭ᠎ᠠ ᠶᠣᠮ ᠡ᠃ ︽ᠮᠣᠩᠭᠤᠯ ᠰᠣᠶᠣᠯ ᠪᠤᠯ ᠲᠡᠯᠡᠬᠡᠢ ᠶᠢᠨ ᠰᠣᠶᠣᠯ ᠤᠨ ᠰᠠᠯᠵᠦ ᠪᠤᠯᠣᠰᠢ ᠦᠬᠡᠢ ᠨᠢᠬᠡ ᠬᠡᠰᠡᠭ ᠨᠢ ᠪᠤᠯᠤᠨ᠎ᠠ᠃ ᠮᠣᠩᠭᠤᠯ ᠣᠷᠳᠣ ᠶᠢᠨ ᠲᠠᠭᠤᠣ᠂ ᠮᠣᠷᠢᠨ ᠬᠤᠭᠤᠷ᠂ ᠭᠠᠶᠢᠬᠠᠮᠰᠢᠬᠳᠣ ᠬᠦᠬᠡᠮᠠᠢ᠂ ᠠᠷᠠᠳ ᠤᠨ ᠲᠠᠭᠤᠣ᠂ ᠬᠤᠯᠪᠤᠭ᠎ᠠ ᠰᠢᠯᠦᠭ᠂ ᠮᠣᠷᠢ ᠣᠷᠣᠯᠳᠣᠬᠤ᠂ ᠪᠦᠬᠡ ᠪᠠᠷᠢᠯᠳᠣᠬᠤ ᠵᠡᠷᠬᠡ ᠰᠣᠳᠣᠨ ᠰᠠᠶᠢᠬᠠᠨ ᠦᠨᠳᠦᠰᠦᠳᠡᠨ ᠤ ᠰᠣᠶᠣᠯ ᠤᠨ ᠰᠣᠳᠣᠨ ᠵᠦᠢᠯᠡᠰ ᠨᠢ ᠨᠢᠬᠡᠨ ᠦᠨᠳᠦᠰᠦᠳᠡᠨ ᠤ ᠰᠢᠯᠢᠳᠡᠭ ᠣᠨᠴᠠᠯᠢᠭ ᠢ ᠢᠯᠡᠷᠡᠬᠦᠯᠵᠦ ᠪᠠᠶᠢᠭ᠎ᠠ ᠶᠣᠮ᠃ ᠦᠪᠡᠷ ᠤᠨ ᠦᠨᠳᠦᠰᠦᠳᠡᠨ ᠤ ᠰᠣᠶᠣᠯ ᠢᠶᠠᠨ ᠲᠡᠬᠡᠳᠦᠯᠡᠵᠦ᠂ ᠣᠯᠠᠮᠵᠢᠯᠠᠵᠦ᠂ ᠬᠦᠭᠵᠢᠬᠦᠯᠵᠦ᠂ ᠪᠠᠳᠠᠷᠠᠭᠤᠯᠬᠤ ᠪᠤᠯ ᠮᠣᠩᠭᠤᠯ ᠬᠦᠮᠦᠨ ᠨᠢᠬᠡᠪᠦᠷᠢ ᠶᠢᠨ ᠡᠬᠦᠷᠬᠡ ᠬᠠᠷᠢᠭᠤᠴᠠᠯᠭ᠎ᠠ ᠮᠦᠨ︾ ᠬᠡᠵᠦ ᠣᠳᠬᠤᠨ ᠭᠤᠸᠠᠢ ᠢᠡᠭᠬᠢᠵᠦ ᠬᠡᠯᠡᠭᠰᠡᠨ ᠮᠦᠷᠳᠡᠬᠡᠨ ᠶᠠᠭ ᠢᠡᠭᠬᠢᠵᠦ ᠬᠢᠵᠦ ᠪᠠᠶᠢᠭ᠎ᠠ ᠶᠣᠮ᠃        ᠣᠳᠬᠤᠨ ᠭᠤᠸᠠᠢ ᠬᠠᠷᠠᠬᠠᠨ ᠪᠠᠭ᠎ᠠ ᠠᠴᠠ ᠪᠠᠨ ᠣᠷᠠᠳ ᠨᠣᠳᠤᠭ ᠤᠨ ᠡᠨᠡᠬᠦ ᠬᠡᠰᠡᠭ ᠬᠠᠯᠠᠭᠤᠨ ᠰᠢᠷᠣᠢ ᠲᠡᠬᠡᠷ᠎ᠡ ᠦᠰᠦᠨ ᠪᠤᠶᠢᠢᠵᠢᠬᠰᠠᠨ ᠶᠣᠮ᠃ ᠠᠳᠡᠬᠢ ᠶᠢᠨ ᠬᠦᠨ ᠵᠣᠵᠠᠭᠠᠨ ᠮᠣᠩᠭᠤᠯ ᠰᠣᠶᠣᠯ ᠨᠢ ᠣᠷᠠᠨ ᠰᠠᠶᠢᠢᠬᠠᠨ ᠳᠤ ᠲᠣᠷ᠎ᠠ ᠪᠠᠬ᠎ᠠ ᠲᠠᠢ ᠣᠳᠬᠤᠨ ᠢ ᠮᠣᠩᠭᠤᠯ ᠰᠣᠶᠣᠯ ᠣᠷᠠᠯᠢᠭ ᠲᠠᠢ ᠭᠠᠶᠢᠢᠬᠠᠮᠰᠢᠬᠳᠣ ᠪᠠᠷᠢᠯᠳᠣᠯᠭ᠎ᠠ ᠲᠠᠢ ᠪᠤᠯᠭᠠᠬᠰᠠᠨ ᠪᠠᠶᠢᠨ᠎ᠠ᠃ ᠬᠡᠳᠡᠯ᠎ᠡ ᠮᠠᠯᠵᠢᠬᠤ ᠣᠷᠣᠨ ᠤ ᠬᠦᠮᠦᠰ ᠨᠢ ᠲᠠᠷᠠᠬᠠᠢ ᠪᠤᠳᠠᠷᠬᠠᠢ ᠰᠠᠭᠤᠷᠢᠰᠢᠵᠦ ᠪᠠᠶᠢᠬᠤ ᠮᠦᠷᠳᠡᠬᠡᠨ ᠴᠦᠬᠡᠨ ᠪᠠᠶᠢᠵᠦ ᠰᠣᠶᠣᠯ ᠤᠨ ᠠᠮᠢᠳᠣᠷᠠᠯ ᠢᠶᠠᠷ ᠲᠣᠳᠠᠮᠠᠭ ᠪᠠᠶᠢᠳᠠᠭ᠃ ᠣᠳᠬᠤᠨ ᠭᠤᠸᠠᠢ ᠬᠡᠨᠡᠳᠳᠡ ᠣᠬᠠᠭᠠᠨ ᠴᠣᠭᠤᠷᠠᠵᠦ᠂ ᠭᠠᠴᠠᠭᠠᠨ ᠤ ᠣᠷᠠᠨ ᠰᠠᠶᠢᠬᠠᠨ ᠳᠤ ᠲᠣᠷ᠎ᠠ ᠪᠠᠬ᠎ᠠ ᠲᠠᠢ ᠮᠠᠯᠴᠢᠳ ᠪᠤᠯᠤᠨ ᠠᠪᠢᠶᠠᠰ ᠲᠠᠢ ᠮᠠᠯᠴᠢᠳ ᠢᠶᠠᠨ ᠵᠣᠬᠢᠶᠠᠨ ᠪᠠᠶᠢᠭᠤᠯᠵᠦ᠂ ᠭᠠᠴᠠᠭᠠᠨ ᠤ ᠠᠷᠠᠳ ᠤᠨ ᠲᠣᠮᠳᠠᠬᠢ ᠣᠷᠠᠨ ᠰᠠᠶᠢᠬᠠᠨ ᠤ ᠲᠣᠭᠤᠶᠢᠢᠯᠠᠩ ᠢ ᠪᠠᠶᠢᠭᠤᠯᠵᠦ᠂ ᠦᠪᠡᠷᠳᠡᠬᠡᠨ ᠨᠠᠶᠢᠷᠠᠭᠤᠯᠵᠦ ᠦᠪᠡᠷᠳᠡᠬᠡᠨ ᠲᠣᠬᠯᠠᠵᠦ᠂ ᠵᠢᠯ ᠪᠦᠷᠢ ᠶᠢᠨ ︽5 · 1︾᠂ ︽7 · 1︾᠂ ︽10 · 1︾ ᠪᠤᠯᠤᠨ ᠲᠠᠯ᠎ᠠ ᠨᠣᠳᠤᠭ ᠤᠨ ᠨᠠᠭᠠᠳᠣᠮ ᠤᠨ ᠬᠤᠷᠠᠯ ᠵᠡᠷᠬᠡ ᠪᠠᠶᠠᠷ ᠲᠣᠷᠠᠰᠬᠠᠯ ᠤᠨ ᠡᠳᠦᠷ᠂ ᠠᠷᠠᠳ ᠤᠨ ᠲᠣᠮᠳᠠᠬᠢ ᠣᠷᠠᠨ ᠰᠠᠶᠢᠬᠠᠨ ᠤ ᠲᠣᠭᠤᠶᠢᠯᠠᠩ ᠢᠶᠠᠨ ᠵᠣᠬᠢᠶᠠᠨ ᠪᠠᠶᠢᠢᠭᠤᠯᠵᠦ ᠮᠠᠯᠴᠢᠳ ᠲᠠᠭᠠᠨ ᠲᠣᠬᠯᠠᠯᠳᠠ ᠭᠠᠷᠭᠠᠵᠦ ᠦᠭᠬᠦᠬᠡᠳ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠪᠠᠶᠠᠯᠢᠬᠵᠢᠭᠤᠯᠪᠠ᠃ ᠣᠳᠬᠤᠨ ᠭᠤᠸᠠᠢ ᠬᠡᠯᠡᠬᠦ ᠲᠡᠭᠡᠨ᠂ ᠠᠷᠠᠳ ᠤᠨ ᠲᠣᠮᠳᠠᠬᠢ ᠣᠷᠠᠨ ᠰᠠᠶᠢᠢᠬᠠᠨ ᠤ ᠲᠣᠭᠤᠶᠢᠯᠠᠩ ᠤᠨ ᠲᠣᠬᠯᠠᠬᠴᠢᠳ ᠨᠢ ᠬᠡᠳᠦ᠋ᠢᠪᠡᠷ ᠪᠦᠷ ᠮᠠᠯᠴᠢᠳ ᠪᠤᠯᠪᠠᠴᠤ ᠮᠠᠯᠴᠢᠳ ᠲᠡᠳᠡᠨ ᠤ ᠲᠣᠬᠯᠠᠯᠳᠠ ᠶᠢ ᠦᠵᠡᠬᠦ ᠲᠣᠷᠠᠳᠠᠢ ᠬᠡᠨ᠎ᠠ᠃        ᠨᠡᠩ ᠣᠯᠠᠨ ᠮᠠᠯᠴᠢᠳ ᠤᠨ ᠦᠨᠳᠦᠰᠦᠳᠡᠨ ᠤ ᠰᠣᠶᠣᠯ ᠢᠶᠠᠨ ᠣᠯᠠᠮᠵᠢᠯᠠᠨ ᠬᠦᠭᠵᠢᠬᠦᠯᠬᠦ ᠶᠢ ᠣᠷᠮᠠᠰᠢᠭᠤᠯᠵᠦ᠂ ᠮᠠᠯᠴᠢᠳ ᠲᠤ ᠦᠪᠡᠷ ᠢ ᠪᠠᠨ ᠭᠠᠶᠢᠬᠠᠭᠤᠯᠬᠤ ᠨᠡᠩ ᠰᠠᠶᠢᠨ ᠲᠠᠪᠴᠠᠩ ᠢ ᠬᠠᠨᠭ᠍ᠭᠠᠬᠤ ᠶᠢᠨ ᠲᠦᠯᠦᠬᠡ 2007 ᠣᠨ ᠤ 8 ᠰᠠᠷ᠎ᠠ ᠳᠤ ᠣᠳᠬᠤᠨ ᠭᠤᠸᠠᠢ ᠣᠷᠠᠳ ᠤᠨ ᠬᠤᠶᠢᠳᠣ ᠬᠤᠰᠢᠭᠤ᠂ ᠣᠷᠠᠳ ᠤᠨ ᠲᠣᠮᠳᠠᠳᠣ ᠬᠤᠰᠢᠭᠤᠨ ᠤ ᠠᠵᠢᠯ ᠤᠨ ᠴᠢᠯᠦᠬᠡᠨ ᠤ ᠮᠠᠯᠴᠢᠨ ᠲᠠᠭᠤᠴᠢᠳ ᠢ ᠣᠷᠢᠵᠦ᠂ ᠦᠪᠡᠷ ᠤᠨ ᠬᠡᠷ ᠲᠡᠭᠡᠨ ᠮᠠᠯᠴᠢᠨ ᠲᠠᠭᠤᠴᠢᠳ ᠤᠨ ᠲᠠᠭᠤᠣ ᠶᠢᠨ ᠣᠷᠣᠯᠳᠣᠭᠠᠨ ᠶᠠᠪᠤᠭᠳᠠᠭᠤᠯᠪᠠ᠃ ᠣᠷᠣᠯᠳᠣᠭᠠᠨ ᠨᠢ ᠨᠠᠰᠣ ᠵᠢᠯ ᠢ ᠬᠢᠵᠠᠭᠠᠷᠯᠠᠬᠤ ᠦᠬᠡᠢ᠂ ᠲᠣᠭᠤᠶᠢᠢᠯᠠᠩ ᠬᠤᠪᠢᠶᠠᠬᠤ ᠦᠬᠡᠢ᠂ ᠰᠦᠢᠳᠬᠡᠯ ᠬᠤᠷᠢᠶᠠᠬᠤ ᠦᠬᠡᠢ᠂ ᠲᠠᠭᠤᠯᠠᠬᠤ ᠲᠣᠷ᠎ᠠ ᠲᠠᠢ ᠮᠠᠯᠴᠢᠳ ᠬᠡᠨ ᠴᠤ ᠬᠡᠳ ᠪᠦᠷ ᠣᠷᠣᠯᠴᠠᠵᠦ ᠪᠤᠯᠤᠨ᠎ᠠ᠃ ᠡᠨᠡ ᠣᠳᠠᠭᠠᠨ ᠤ ᠣᠷᠣᠯᠳᠣᠭᠠᠨ ᠨᠢ ᠮᠠᠯᠴᠢᠳ ᠤᠨ ᠰᠣᠶᠣᠯ ᠤᠨ ᠠᠮᠢᠳᠣᠷᠠᠯ ᠢ ᠲᠦᠢᠯ ᠤᠨ ᠶᠡᠭᠡ ᠪᠠᠷ ᠪᠠᠶᠠᠯᠢᠬᠵᠢᠭᠤᠯᠵᠦ᠂ ᠮᠠᠯᠴᠢᠨ ᠲᠦᠮᠡᠨ ᠳᠤ ᠰᠣᠶᠣᠯ ᠣᠷᠠᠯᠢᠭ ᠤᠨ ᠰᠣᠯᠢᠯᠴᠠᠭᠠᠨ ᠤ ᠲᠠᠪᠴᠠᠩ ᠢ ᠬᠠᠨᠭ᠍ᠭᠠᠵᠦ ᠦᠭᠬᠦᠭᠰᠡᠨ ᠪᠠᠶᠢᠨ᠎ᠠ᠃ ᠲᠡᠬᠦᠨ ᠠᠴᠠ ᠬᠤᠶᠢᠰᠢ ᠮᠠᠯᠴᠢᠳ ᠵᠢᠯ ᠪᠦᠷᠢ ᠶᠢᠨ 8 ᠰᠠᠷ᠎ᠠ ᠳᠤ ᠣᠡᠭᠭᠤᠨ ᠭᠠᠴᠠᠭᠠᠨ ᠳᠤ ᠴᠣᠬᠯᠠᠷᠠᠵᠦ ᠲᠠᠭᠤᠣ ᠶᠢᠨ ᠣᠷᠣᠯᠳᠣᠭᠠᠨ ᠶᠠᠪᠤᠬᠳᠠᠭᠤᠯᠬᠤ ᠪᠤᠯᠪᠠ᠃ ︽ᠡᠨᠡ ᠨᠢ ᠦᠨᠳᠦᠰᠦᠳᠡᠨ ᠤ ᠰᠣᠶᠣᠯ ᠢᠶᠠᠨ ᠣᠯᠠᠮᠵᠢᠯᠠᠨ ᠪᠠᠳᠠᠷᠠᠭᠤᠯᠵᠦ᠂ ᠮᠠᠯᠴᠢᠳ ᠢ ᠠᠷᠢᠬᠢ ᠲᠠᠷᠠᠰᠣᠨ ᠳᠤ ᠣᠨᠠᠵᠦ ᠮᠠᠵᠢᠶᠠᠩ ᠤᠨ ᠰᠢᠷᠡᠬᠡᠨ ᠠᠴᠠ ᠨᠢ ᠰᠠᠯᠭᠠᠵᠦ᠂ ᠭᠠᠴᠠᠭᠠᠨ ᠤ ᠪᠤᠯᠪᠠᠰᠣᠨ ᠤ ᠪᠦᠳᠦᠬᠡᠨ ᠪᠠᠶᠢᠭᠤᠯᠣᠯᠳᠠ ᠶᠢ ᠠᠬᠢᠭᠤᠯᠪᠠ︾ ᠬᠡᠵᠦ ᠣᠳᠬᠤᠨ ᠭᠤᠸᠠᠢ ᠢᠳᠡᠬᠡᠯ ᠲᠦᠬᠦᠷᠡᠩ ᠶᠠᠷᠢᠵᠦ ᠪᠠᠶᠢᠢᠯ᠎ᠠ᠃ ᠡᠳᠦᠬᠡ ᠪᠣᠯᠳᠠᠯ᠎ᠠ ᠣᠳᠬᠤᠨ ᠭᠤᠸᠠᠢ ᠶᠢᠨ ᠵᠣᠬᠢᠶᠠᠨ ᠪᠠᠶᠢᠢᠭᠤᠯᠣᠭᠰᠠᠨ ᠮᠠᠯᠴᠢᠨ ᠲᠠᠭᠤᠴᠢᠳ ᠤᠨ ᠣᠷᠣᠯᠳᠣᠭᠠᠨ ᠳᠤ ᠣᠷᠣᠯᠴᠠᠭᠰᠠᠨ ᠬᠦᠮᠦᠨ ᠤ ᠲᠤᠭ᠎ᠠ ᠨᠢ ᠬᠤᠶᠠᠷ ᠵᠠᠭᠤ ᠰᠢᠬᠠᠮ ᠳᠤ ᠬᠦᠷᠪᠡ᠃ 2008 ᠣᠨ ᠳᠤ ᠣᠳᠬᠤᠨ ᠭᠤᠸᠠᠢ ᠪᠠᠰᠠ ᠬᠠᠭ᠋ᠠᠭᠤᠯᠠ ᠭᠠᠴᠠᠭᠠᠨ ᠤ ᠠᠷᠠᠳ ᠤᠨ ᠲᠣᠮᠳᠠᠬᠢ ᠣᠷᠠᠯᠢᠬᠴᠢᠳ ᠤᠨ ᠨᠠᠶᠢᠷᠠᠯ ᠲᠠᠭᠤᠣ ᠶᠢᠨ ᠪᠦᠯᠬᠦᠮ ᠢ ᠪᠠᠶᠢᠭᠤᠯᠵᠦ᠂ ᠬᠤᠯᠣᠰᠣᠳᠠᠢ ᠰᠣᠮᠣᠨ ᠤ ᠡᠷᠬᠢᠯᠡᠨ ᠶᠠᠪᠤᠬᠳᠠᠭᠤᠯᠣᠬᠰᠠᠨ ︽ᠬᠤᠨ ᠭᠠᠯᠠᠭᠤ ᠶᠢᠨ ᠲᠠᠭᠤᠨ︾ ᠨᠠᠭᠠᠳᠣᠮ ᠤᠨ ᠬᠤᠷᠠᠯ ᠳᠤ ᠣᠷᠣᠯᠴᠠᠵᠦ᠂ ᠰᠣᠳᠣᠨ ᠰᠠᠶᠢᠬᠠᠨ ᠲᠣᠬᠯᠠᠯᠳᠠ ᠨᠢ ᠦᠷᠬᠡᠨ ᠣᠯᠠᠨ ᠮᠠᠯᠴᠢᠳ ᠤᠨ ᠠᠯᠠᠭ᠎ᠠ ᠲᠠᠰᠢᠯᠳᠠ ᠶᠢ ᠣᠯᠵᠦ ᠪᠠᠶᠢᠯ᠎ᠠ᠃ ᠴᠠᠭᠠᠨ ᠰᠠᠷ᠎ᠠ ᠶᠢᠨ ᠠᠷᠪᠠᠨ ᠲᠠᠪᠤᠨ ᠳᠤᠨᠢ ᠲᠡᠳᠡ ᠣᠷᠠᠳ ᠤᠨ ᠲᠣᠮᠳᠠᠳᠣ ᠬᠤᠰᠢᠭᠤᠨ ᠤ ᠰᠣᠶᠣᠯ ᠤᠨ ᠲᠣᠪᠴᠢᠶᠠᠨ ᠠᠴᠠ ᠡᠷᠬᠢᠯᠡᠭᠰᠡᠨ ᠮᠢᠩᠭᠠᠨ ᠬᠦᠮᠦᠨ ᠤ ᠨᠠᠶᠢᠷᠠᠯ ᠲᠠᠭᠤᠣ ᠶᠢᠨ ᠣᠷᠣᠯᠳᠣᠭᠠᠨ ᠳᠤ ᠣᠷᠣᠯᠴᠠᠭᠠᠳ ᠲᠦᠮᠡᠬᠡᠳ ᠦᠵᠡᠭᠴᠢᠳ ᠤᠨ ᠰᠣᠨᠢᠷᠬᠠᠯ ᠢ ᠲᠠᠳᠠᠵᠦ ᠪᠠᠶᠢᠯ᠎ᠠ᠃        ︽ᠦᠨᠳᠦᠰᠦᠳᠡᠨ ᠤ ᠰᠣᠶᠣᠯ ᠢᠶᠠᠨ ᠣᠯᠠᠮᠵᠢᠯᠠᠨ ᠬᠦᠭᠵᠢᠬᠦᠯᠬᠦ ᠳᠤ ᠦᠪᠡᠷ ᠤᠨ ᠬᠡᠰᠡᠨ ᠲᠦᠷᠦᠯ ᠲᠡᠮᠳᠡᠭ ᠪᠠᠶᠢᠬᠤ ᠬᠡᠷᠡᠭᠳᠡᠢ︾ ᠬᠡᠵᠦ ᠣᠳᠬᠤᠨ ᠬᠡᠯᠡᠵᠦ ᠪᠠᠶᠢᠯ᠎ᠠ᠃ ᠡᠶᠢᠨᠬᠦ ᠣᠳᠬᠤᠨ ︽ᠠᠶᠠᠨ︾ ᠬᠡᠮᠡᠬᠦ ᠬᠤᠷᠢᠮ ᠤᠨ ᠶᠣᠰᠣᠯᠠᠯ ᠤᠨ ᠦᠢᠯᠡᠴᠢᠯᠡᠬᠡᠨ ᠤ ᠭᠠᠵᠠᠷ ᠭᠠᠷᠭᠠᠵᠦ᠂ ᠬᠠᠨᠭ᠍ᠭᠠᠢ ᠨᠣᠳᠤᠭ ᠠᠴᠠ ᠪᠠᠨ 8 ᠨᠠᠷᠠᠰ ᠲᠠᠭᠤᠯᠠᠬᠤ ᠲᠣᠷ᠎ᠠ ᠪᠠᠬ᠎ᠠ ᠲᠠᠢ ᠵᠠᠯᠠᠭᠤᠴᠣᠳ ᠢ ᠲᠠᠳᠠᠨ ᠠᠪᠴᠤ ᠬᠠᠮᠳᠣᠪᠠᠷ ᠦᠢᠯᠡᠰ ᠪᠦᠳᠦᠬᠡᠬᠦ ᠵᠠᠮ ᠢᠶᠠᠷ ᠶᠠᠪᠤᠯ᠎ᠠ᠃ ︽ᠠᠶᠠᠨ︾ ᠬᠡᠮᠡᠬᠦ ᠬᠤᠷᠢᠮ ᠤᠨ ᠶᠣᠰᠣᠯᠠᠯ ᠤᠨ ᠦᠢᠯᠡᠴᠢᠯᠡᠬᠡᠨ ᠤ ᠭᠠᠵᠠᠷ ᠤᠨ ᠡᠷᠬᠢᠯᠡᠨ ᠶᠠᠪᠤᠬᠳᠠᠭᠤᠯᠵᠦ ᠪᠠᠶᠢᠭ᠎ᠠ ᠬᠤᠷᠢᠮ ᠤᠨ ᠶᠣᠰᠣᠯᠠᠯ ᠪᠤᠯ ᠮᠣᠩᠭᠤᠯ ᠤᠨ ᠣᠯᠠᠮᠵᠢᠯᠠᠯᠳᠣ ᠦᠪᠡᠳᠡᠭᠰᠢ ᠪᠦᠬᠡᠳ ᠪᠠᠶᠠᠷ ᠨᠠᠶᠢᠷ ᠲᠠᠢ ᠬᠤᠷᠢᠮ ᠤᠨ ᠶᠣᠰᠣᠯᠠᠯ ᠪᠤᠯᠤᠨ᠎ᠠ᠃ ᠬᠡᠳᠦ᠋ᠢᠪᠡᠷ ᠨᠠᠷᠢᠨ ᠵᠦᠢᠯᠡᠰ ᠤᠨ ᠲᠠᠯ᠎ᠠ ᠪᠠᠷ ᠣᠳᠣᠬᠠᠨ ᠳᠤ ᠰᠢᠨ᠎ᠠ ᠴᠠᠭ ᠦᠶ᠎ᠠ ᠶᠢᠨ ᠠᠭᠤᠷ ᠠᠮᠢᠰᠬᠤᠯ ᠣᠷᠣᠰᠢᠵᠦ ᠪᠠᠶᠢᠭ᠎ᠠ ᠪᠤᠯᠪᠠᠴᠤ᠂ ᠬᠦᠨ ᠵᠣᠵᠠᠭᠠᠨ ᠦᠨᠳᠦᠰᠦᠳᠡᠨ ᠤ ᠣᠨᠴᠠᠯᠢᠭ ᠨᠢ ᠬᠠᠳᠠᠭᠠᠯᠠᠬᠳᠠᠬᠰᠠᠭᠠᠷ ᠪᠦᠬᠡᠳ ᠮᠠᠰᠢ ᠣᠯᠠᠨ ᠮᠣᠩᠭᠤᠯ ᠵᠠᠯᠠᠭᠤᠰ ᠤᠨ ᠬᠦᠰᠡᠯ ᠢ ᠲᠠᠳᠠᠬᠰᠠᠭᠠᠷ ᠢᠷᠡᠪᠡ᠃ ᠡᠶᠢᠮᠦ ᠠᠴᠠ ᠬᠦᠷᠰᠢ ᠵᠡᠷᠬᠡᠯᠡᠳᠡᠭᠡ ᠶᠢᠨ ᠮᠠᠯᠴᠢᠳ ᠬᠤᠷᠢᠮ ᠨᠠᠶᠢᠢᠷ ᠬᠢᠬᠦ ᠲᠡᠭᠡᠨ ︽ᠠᠶᠠᠨ︾ ᠤ ᠬᠡᠰᠢᠬᠦᠳ ᠢ ᠵᠠᠯᠠᠵᠦ ᠨᠡᠶᠢᠷ ᠢᠶᠠᠨ ᠬᠦᠳᠦᠯᠦᠬᠦᠯᠳᠡᠭ ᠶᠣᠮ᠃ ︽ᠠᠶᠠᠨ︾ ᠪᠠᠶᠢᠭᠤᠯᠣᠬᠳᠠᠬᠰᠠᠨ ᠠᠴᠠ ᠨᠠᠭᠠᠰᠢ᠂ ᠨᠡᠶᠢᠳᠡ ᠮᠢᠩᠭᠠᠭᠠᠳ ᠣᠳᠠᠭᠠᠨ ᠤ ᠬᠤᠷᠢᠮ ᠨᠠᠶᠢᠷ ᠢ ᠡᠷᠬᠢᠯᠡᠨ ᠶᠠᠪᠤᠬᠳᠠᠭᠤᠯᠵᠦ ᠪᠠᠶᠢᠨ᠎ᠠ᠃        ᠣᠳᠬᠤᠨ ᠭᠤᠸᠠᠢ ᠶᠢᠨ ᠬᠡᠯᠡᠬᠦ ᠪᠠᠷ᠄ ︽ᠪᠢᠳᠡ ᠬᠤᠷᠢᠮ ᠨᠠᠶᠢᠷ᠂ ᠠᠳᠣᠭᠤᠨ ᠣᠷᠣᠯᠳᠣᠭᠠᠨ᠂ ᠣᠪᠤᠭᠠᠨ ᠲᠠᠬᠢᠯᠭ᠎ᠠ ᠵᠡᠷᠬᠡ ᠶᠡᠭᠡ ᠪᠠᠭ᠎ᠠ᠂ ᠬᠤᠪᠢ ᠶᠢᠨ ᠪᠠ ᠬᠠᠮᠳᠣ ᠶᠢᠨ᠂ ᠭᠠᠴᠠᠭ᠎ᠠ ᠬᠢᠬᠡᠳ ᠰᠣᠮᠣ᠂ ᠰᠣᠮᠣ ᠬᠢᠬᠡᠳ ᠬᠤᠰᠢᠭᠤ ᠶᠢᠨ ᠨᠠᠶᠢᠷ ᠨᠠᠭᠠᠳᠣᠮ ᠢ ᠪᠦᠷ ᠬᠦᠳᠦᠯᠳᠡᠭ᠃ ᠴᠢᠨᠠᠭᠰᠢᠯᠠᠪᠠᠯ ᠬᠤᠳᠠ ᠬᠢᠬᠡᠳ ᠭᠠᠳᠠᠷ ᠠᠶᠢᠮᠠᠭ ᠬᠤᠳᠠ ᠬᠦᠷᠳᠡᠯ᠎ᠠ ᠵᠠᠯᠠᠭᠳᠠᠵᠦ ᠶᠠᠪᠤᠳᠠᠭ᠃ ᠪᠢᠳᠡᠨ ᠤ ᠭᠤᠣᠯ ᠪᠠᠷᠢᠮᠳᠠᠯᠠᠬᠤ ᠵᠦᠢᠯ ᠪᠤᠯ ᠮᠣᠩᠭᠤᠯ ᠶᠣᠰᠣ ᠵᠠᠩᠰᠢᠯ ᠢᠶᠠᠨ ᠲᠡᠯᠭᠡᠷᠡᠬᠦᠯᠬᠦ ᠣᠯᠠᠮᠵᠢᠯᠠᠬᠤ᠂ ᠬᠦᠭᠵᠢᠬᠦᠯᠬᠦ ᠪᠤᠯᠣᠨ᠎ᠠ᠃ ᠵᠠᠪᠠᠯ ᠮᠣᠩᠭᠤᠯᠵᠢᠭᠤ ᠣᠨᠴᠠᠯᠢᠭ ᠢ ᠪᠠᠷᠢᠮᠳᠠᠯᠠᠬᠤ ᠪᠤᠯ ᠪᠢᠳᠡᠨ ᠤ ᠠᠯᠢᠪᠠ ᠠᠵᠢᠯ ᠤᠨ ᠦᠨᠳᠦᠰᠦ ᠮᠦᠨ᠃ ᠮᠠᠨ ᠤ ᠡᠪᠦᠭᠡ ᠲᠡᠬᠡᠳᠦᠰ ᠠᠴᠠ ᠣᠯᠠᠮᠵᠢᠯᠠᠵᠦ ᠢᠷᠡᠭᠰᠡᠨ ᠮᠠᠰᠢ ᠨᠠᠷᠢᠨ ᠨᠢᠮᠪᠠᠢ ᠶᠣᠰᠣ ᠵᠠᠩᠰᠢᠯ ᠢᠶᠠᠨ ᠦᠪᠯᠡᠵᠦ ᠣᠯᠠᠮᠵᠢᠯᠠᠬᠤ ᠪᠤᠯ ᠬᠦᠳᠦᠯᠦᠭᠴᠢ ᠶᠢᠨ ᠬᠠᠮᠤᠭ ᠤᠨ ᠦᠨᠳᠦᠰᠦᠨ ᠡᠬᠦᠷᠬᠡ ᠮᠦᠨ︾ ᠬᠡᠪᠡ᠃      ᠣᠳᠬᠤᠨ — ᠨᠢᠬᠡᠨ ᠦᠨᠳᠦᠰᠦᠳᠡᠨ ᠤ ᠰᠣᠶᠣᠯ ᠢᠶᠠᠨ ᠣᠯᠠᠮᠵᠢᠯᠠᠨ ᠬᠦᠭᠵᠢᠬᠦᠯᠬᠦ ᠬᠦᠳᠦᠯᠦᠭᠴᠢ ᠪᠤᠯᠣᠬᠰᠠᠨ ᠤ ᠬᠤᠪᠢ ᠳᠤ᠂ ᠲᠡᠷᠡ ᠮᠠᠨᠢ ᠣᠬᠠᠮᠰᠠᠷ ᠠᠴᠠ ᠪᠠᠨ ᠣᠯᠠᠮᠵᠢᠯᠠᠬᠤ᠂ ᠪᠠᠳᠠᠷᠠᠭᠤᠯᠬᠤ ᠬᠠᠷᠢᠭᠤᠴᠠᠯᠭ᠎ᠠ ᠶᠢ ᠬᠦᠯᠢᠶᠡᠨ ᠠᠪᠤᠬᠰᠠᠨ ᠪᠠᠶᠢᠨ᠎ᠠ᠃ ᠲᠡᠷᠡ ᠮᠠᠨᠢ᠂ ᠣᠶᠢᠷ᠎ᠠ ᠶᠢᠨ ᠠᠷᠪᠠᠭᠠᠳ ᠵᠢᠯ ᠤᠨ ᠲᠣᠷᠰᠢ ᠪᠦᠬᠦ ᠣᠷᠣᠨ ᠤ ᠮᠣᠩᠭᠤᠯ ᠦᠬᠡ ᠬᠡᠯᠡ ᠦᠰᠦᠭ ᠪᠢᠴᠢᠭ ᠢ ᠰᠣᠷᠴᠤ ᠬᠡᠷᠡᠭᠯᠡᠭᠰᠡᠨ ᠲᠡᠷᠢᠬᠦᠨ ᠤ ᠬᠤᠪᠢ ᠬᠦᠮᠦᠨ ᠬᠤᠰᠢᠭᠤᠨ ᠤ ᠲᠡᠰ ᠤᠨ ᠰᠢᠯᠢᠳᠡᠭ ᠡᠪ ᠬᠠᠮᠳᠣ ᠨᠠᠮ ᠤᠨ ᠬᠡᠰᠢᠬᠦᠨ ᠢᠶᠠᠷ ᠰᠣᠩᠭᠤᠬᠳᠠᠵᠦ᠂ ᠬᠤᠰᠢᠭᠤᠨ ᠤ ᠲᠡᠰ ᠤᠨ ᠪᠤᠳᠠᠰ ᠤᠨ ᠪᠤᠰᠣ ᠰᠣᠶᠣᠯ ᠤᠨ ᠣᠯᠠᠮᠵᠢᠯᠠᠭᠴᠢ᠂ ᠰᠣᠶᠣᠯ ᠤᠨ ᠲᠣᠮᠣ ᠡᠷᠦᠬᠡ ᠶᠢᠨ ᠢᠷᠠᠭᠤ ᠠᠯᠳᠠᠷ ᠢᠶᠠᠷ ᠮᠢᠯᠢᠶᠠᠯᠭᠠᠭᠰᠠᠭᠠᠷ ᠢᠷᠡᠭᠰᠡᠨ ᠪᠠᠶᠢᠨ᠎ᠠ᠃
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ