ᠰᠦᠰᠦᠲᠠᠢ ᠡᠪᠦᠭᠡᠨ ᠤ ᠰᠦᠯᠵᠢᠶᠡᠨ ᠤ ᠠᠮᠠᠷᠠᠭ
  
2021/12/20
                    ᠰᠦᠰᠦᠲᠠᠢ ᠡᠪᠦᠭᠡᠨ ᠤ ᠰᠦᠯᠵᠢᠶᠡᠨ ᠤ ᠠᠮᠠᠷᠠᠭ                                                                                                                                       ᠬᠠᠷᠠᠪᠠᠷᠰ                        ᠰᠦᠰᠦᠲᠠᠢ ᠭᠤᠸᠠᠢ ᠡᠷᠳᠡᠯᠡᠨ ᠪᠤᠰᠴᠤ ᠤᠤᠯ ᠤᠨ ᠵᠤᠷᠰᠢᠯ ᠢᠶᠠᠷ ᠢᠶᠠᠨ ᠦᠷᠯᠦᠭᠡ ᠶᠢᠨ ᠲᠠᠮᠢᠷ ᠲᠠᠭᠠᠨ ᠭᠠᠷᠬᠤ ᠪᠠᠷ ᠬᠠᠩᠭᠠᠢ ᠴᠡᠴᠡᠷᠯᠢᠭ ᠢ ᠴᠢᠭᠯᠡᠨ ᠬᠤᠷᠳᠤᠯᠠᠨ ᠠᠯᠬᠤᠯᠠᠪᠠ᠃     ᠡᠪᠦᠭᠡᠨ ᠭᠤᠸᠠᠢ ᠶᠢᠨ ᠡᠳᠦᠭᠡ ᠪᠤᠯᠳᠠᠯ᠎ᠠ ᠪᠠᠨ ᠪᠠᠷᠢᠮᠳᠠᠯᠠᠭᠰᠠᠭᠠᠷ ᠢᠷᠡᠭᠰᠡᠨ ᠦᠨᠦᠬᠢ ᠰᠠᠶᠢᠬᠠᠨ ᠲᠠᠳᠬᠠᠯ ᠭᠡᠮᠡᠭᠴᠢ ᠨᠢ ᠲᠠᠷᠤᠢ ᠦᠷᠯᠦᠭᠡ ᠪᠦᠷᠢ ᠰᠤᠯᠠ ᠠᠯᠬᠤᠯᠠᠵᠤ ᠪᠡᠶ᠎ᠡ ᠪᠠᠨ ᠪᠤᠯᠪᠠᠰᠤᠷᠠᠬᠤ ᠶᠠᠪᠤᠳᠠᠯ ᠨᠢ ᠪᠤᠯᠬᠤ ᠶᠤᠮ᠃ ᠲᠡᠭᠦᠨ ᠤ ᠭᠢᠨᠢ ᠵᠢᠷᠤᠮ ᠭᠤᠷᠢᠮ ᠨᠢ ᠭᠡᠪᠡᠯ᠂ ᠤᠯᠠᠷᠢᠯ ᠪᠠ ᠠᠭᠤᠷ ᠠᠮᠢᠰᠬᠤᠯ ᠤᠨ ᠬᠤᠪᠢᠷᠠᠯᠲᠠ ᠶᠠᠮᠠᠷ ᠪᠠᠶᠢᠭᠰᠠᠨ ᠴᠦ ᠡᠪᠦᠭᠡᠨ ᠭᠤᠸᠠᠢ ᠰᠠᠭᠤᠭᠠᠯᠢ ᠲᠤᠭᠤᠷᠢᠭ ᠠᠴᠠ ᠪᠠᠨ ᠬᠠᠩᠭᠠᠢ ᠴᠡᠴᠡᠷᠯᠢᠭ ᠬᠦᠷᠦᠭᠡᠳ ᠠᠬᠢᠨ ᠪᠤᠴᠠᠵᠤ ᠢᠷᠡᠳᠡᠯ᠎ᠡ ᠪᠠᠷᠤᠭ ᠵᠢᠷᠭᠤᠭᠠᠨ ᠭᠠᠵᠠᠷ  ᠬᠢᠷᠢᠳᠠᠢ ᠰᠤᠯᠠ ᠠᠯᠬᠤᠯᠠᠬᠤ ᠪᠠᠨ ᠶᠡᠷᠤ ᠰᠠᠭᠠᠳᠤᠯ ᠦᠭᠡᠢ ᠪᠠᠷ ᠦᠷᠭᠦᠯᠵᠢ ᠪᠠᠷᠢᠮᠲᠠᠯᠠᠬᠤ ᠵᠢᠴᠢ ᠴᠡᠴᠡᠷᠯᠢᠭ ᠤᠨ ᠠᠭᠤᠳᠠᠮ ᠲᠠᠯᠠᠪᠠᠢ ᠲᠡᠭᠡᠷ᠎ᠡ ᠬᠠᠭᠠᠰ ᠴᠠᠭ ᠰᠢᠬᠠᠮ ᠨᠢᠲᠤᠷᠭᠠᠨ ᠡᠷᠳᠡᠮ ᠪᠤᠯᠪᠠᠰᠤᠷᠠᠳᠠᠭ ᠵᠠᠩᠰᠢᠯ ᠲᠠᠢ ᠠᠵᠠᠢ᠃     ᠬᠠᠶᠠ ᠵᠠᠷᠢᠮ ᠳᠠᠭᠠᠨ ᠪᠠᠰᠠ ᠲᠠᠨᠢᠯ ᠲᠠᠰᠤᠯ ᠬᠦᠮᠦᠰ ᠲᠠᠢ ᠪᠠᠨ ᠤᠯᠵᠤ ᠠᠭᠤᠯᠵᠠᠪᠠᠯ ᠬᠠᠷᠢᠯᠴᠠᠨ ᠠᠮᠤᠷ ᠮᠡᠨᠲᠤ ᠪᠠᠨ ᠠᠰᠠᠭᠤᠯᠴᠠᠨ᠂ ᠦᠶ᠎ᠡ ᠬᠤᠷᠠᠭ ᠤᠨ ᠤᠯᠤᠰ ᠲᠠᠢ ᠪᠠᠨ ᠤᠴᠠᠷᠠᠪᠠᠯ ᠶᠤᠰᠤᠲᠠᠢ ᠦᠭᠦᠯᠡᠭᠡᠳ ᠪᠠᠷᠠᠰᠢ ᠦᠭᠡᠢ ᠲᠠᠯᠠᠨ ᠵᠤᠭᠤᠭ ᠢᠶᠠᠨ ᠲᠡᠯᠭᠡᠵᠦ ᠤᠯᠤᠰ ᠤᠨ ᠤᠴᠢᠷ᠂ ᠠᠯᠪᠠᠨ ᠤ ᠶᠠᠪᠤᠳᠠᠯ᠂ ᠡᠷᠳᠡᠨ ᠤ ᠬᠠᠭᠤᠴᠢ᠂ ᠡᠳᠦᠭᠡ ᠶᠢᠨ ᠪᠠᠶᠢᠳᠠᠯ ᠁ ᠵᠡᠷᠭᠡ ᠶᠢ ᠰᠡᠳᠭᠢᠯ ᠢᠶᠠᠨ ᠠᠭᠤᠵᠢᠷᠠᠲᠠᠯ᠎ᠠ ᠬᠦᠤᠷᠨᠢᠯᠲᠤᠨ ᠤᠶᠢᠳᠬᠠᠷ ᠪᠤᠬᠢᠨᠢᠲᠤᠯ ᠢᠶᠠᠨ ᠰᠡᠷᠭᠦᠭᠡᠨ ᠤᠷᠮᠠᠰ ᠰᠡᠳᠭᠢᠯᠭᠡ ᠎ ᠪᠠᠨ ᠬᠦᠭᠵᠢᠭᠡᠵᠦ᠂ ᠪᠡᠶ᠎ᠡ ᠰᠡᠳᠭᠢᠴᠡ ᠶᠢᠨ ᠶᠡᠭᠡ ᠲᠦᠭᠵᠢᠷᠡᠯ ᠳᠡᠭᠡᠨ ᠴᠡᠪᠡᠷ ᠪᠠᠶᠢᠭᠠᠯᠢᠯᠢᠭ ᠰᠢᠮ᠎ᠡ ᠲᠡᠵᠢᠭᠡᠯ ᠨᠦᠬᠦᠪᠦᠷᠢᠯᠡᠳᠡᠭ ᠨᠢ ᠠᠵᠢᠯ ᠤᠨ ᠠᠮᠠᠷᠠᠯᠳᠠ ᠪᠠᠨ ᠠᠪᠤᠭᠰᠠᠨ ᠡᠪᠦᠭᠡᠨ ᠭᠤᠸᠠᠢ ᠳᠤ ᠠᠪᠴᠤ ᠬᠡᠯᠡᠪᠡᠯ ᠮᠥᠨ ᠴᠦ ᠨᠢᠭᠡ ᠡᠷᠡᠨ ᠤ ᠵᠢᠷᠭᠠᠯ ᠪᠦᠯᠦᠭᠡ᠃     ᠰᠦᠰᠦᠲᠠᠢ ᠭᠤᠸᠠᠢ ᠶᠢ  ᠴᠡᠴᠡᠷᠯᠢᠭ ᠳᠤ ᠬᠦᠷᠬᠦᠶ᠎ᠡ᠂ ᠦᠨᠲᠦᠷ ᠮᠤᠳᠤᠨ ᠲᠡᠭᠡᠷᠡᠬᠢ ᠲᠤᠮᠤ ᠯᠠᠪᠠᠷ ᠠᠴᠠ ᠤᠶᠠᠩᠭᠠᠲᠦ ᠬᠦᠭᠵᠢᠮ ᠬᠠᠩᠭᠢᠨᠠᠨ ᠠᠭᠤᠳᠠᠮ ᠲᠠᠯᠠᠪᠠᠢ ᠲᠡᠭᠡᠷ᠎ᠡ ᠡᠷᠡᠭᠲᠠᠢ ᠡᠮᠡᠭᠳᠠᠢ ᠤᠯᠠᠨ ᠬᠦᠮᠦᠰ ᠪᠡᠶ᠎ᠡ ᠴᠢᠬᠢᠷᠠᠭᠵᠢᠭᠤᠯᠬᠤ ᠪᠦᠵᠢᠭ ᠪᠦᠵᠢᠭᠯᠡᠵᠦ ᠶᠠᠭᠠᠷᠠᠯᠳᠤᠨ᠎ᠠ᠃ ᠴᠡᠴᠡᠷᠯᠢᠭ ᠤᠨ ᠬᠤᠶᠢᠲᠤ ᠦᠨᠴᠦᠭ ᠤᠨ ᠪᠢᠲᠡᠭᠦᠤ ᠮᠤᠳᠤ ᠲᠠᠢ ᠬᠦᠮᠦᠨ ᠴᠦᠬᠡᠨ ᠲᠡᠷᠡ ᠪᠤᠯᠤᠩ ᠭᠠᠵᠠᠷ ᠲᠤᠨᠢ ᠨᠢᠮᠬᠡᠨ ᠴᠠᠭᠠᠨ ᠬᠤᠪᠴᠠᠰᠤ ᠲᠠᠢ ᠬᠡᠳᠦᠨ ᠡᠪᠦᠭᠡᠨ ᠰᠠᠮᠠᠭᠠᠨ ᠨᠢᠲᠤᠷᠭᠠᠨ ᠡᠷᠳᠡᠮ ᠪᠤᠯᠪᠠᠰᠤᠷᠠᠵᠤ ᠪᠠᠶᠢᠭᠰᠠᠨ ᠳᠤ᠂ ᠡᠪᠦᠭᠡᠨ ᠭᠤᠸᠠᠢ ᠴᠦ ᠲᠡᠳᠡᠨ ᠤ ᠡᠩᠨᠡᠭᠡᠨ ᠳᠤ ᠤᠷᠤᠭᠠᠳ ᠡᠭᠡᠭᠡ ᠯᠠ ᠵᠠᠯᠠᠭᠤ ᠬᠦᠮᠦᠨ ᠰᠢᠭ ᠨᠢᠲᠤᠷᠭ᠎ᠠ ᠡᠷᠭᠢᠭᠦᠯᠦᠨ ᠦᠰᠦᠷᠦᠨ ᠲᠤᠭᠯᠠᠵᠤ ᠠᠶᠢᠵᠠᠮᠲᠠᠢ ᠰᠠᠶᠢᠬᠠᠨ ᠬᠦᠳᠡᠯᠭᠡᠭᠡᠨ ᠢᠶᠠᠨ ᠰᠠᠶ᠋ᠢ ᠡᠬᠢᠯᠡᠭᠦᠯᠵᠦ ᠪᠠᠶᠢᠲᠠᠯ᠎ᠠ᠂ ᠭᠡᠨᠡᠳᠲᠡ ᠲᠡᠭᠡᠲᠤ  ᠬᠠᠷᠮᠠᠨ ᠳᠤᠨᠢ ᠪᠠᠶᠢᠭᠰᠠᠨ ᠭᠠᠷ ᠤᠳᠠᠰᠤ ᠨᠢ ᠴᠡᠴᠡᠷᠬᠢᠯᠡᠨ ᠲᠤᠤᠭᠠᠷᠴᠤ ᠴᠠᠬᠢᠮ ᠴᠢᠮᠡᠭᠡ ᠶᠢᠨ ᠲᠤᠬᠢᠶ᠎ᠠ ᠢᠷᠡᠬᠦ ᠰᠢᠤᠬᠠᠨ ᠪᠤᠯᠪᠠ᠃     ᠲᠡᠷᠡ ᠭᠤᠸᠠᠢ ᠴᠦ ᠶᠡᠬᠡᠲᠡ ᠭᠠᠶᠢᠬᠠᠰᠬᠢᠵᠤ᠄ ︽ᠬᠦᠶ᠋ᠢ᠂ ᠡᠨᠡ ᠬᠦᠳᠡᠭᠡ ᠭᠠᠳᠠᠨ᠎ᠠ ᠰᠦᠯᠵᠢᠶ᠎ᠡ ᠶᠢᠨ ᠵᠠᠯᠭᠠᠯᠲᠠ ᠪᠠᠷᠤᠭᠲᠠᠢ ᠦᠭᠡᠢ ᠪᠠᠶᠢᠬᠤ ᠳᠤ ᠬᠡᠷᠬᠢᠨ ᠸᠢᠴᠠᠲ ᠨᠡᠪᠳᠡᠷᠡᠵᠦ ᠪᠠᠶᠢᠬᠤ ᠪᠠᠶᠢᠬᠤ ᠪᠢᠯᠠ︖︾ ᠬᠡᠮᠡᠨ ᠬᠡᠰᠡᠭ ᠲᠦᠭᠳᠡᠷᠡᠬᠦ‍ ᠰᠢᠭ ᠪᠤᠯᠤᠭᠰᠠᠨ ᠢᠶᠠᠨ᠄ ︽ᠤᠦ ᠳ᠋ᠠ  ᠂  ᠪᠢ ᠴᠢᠨᠢ ᠦᠴᠦᠭᠡᠳᠦᠷ ᠦᠳᠡ ᠬᠤᠶᠢᠨ᠎ᠠ  ᠬᠦᠳᠡᠭᠡ ᠶᠠᠪᠤᠬᠤ ᠳᠠᠭᠠᠨ ᠦᠨᠦᠬᠢ ᠨᠡᠭᠦᠳᠡᠯ ᠤᠳᠠᠰᠤ ᠶᠢ ᠨᠢ ᠵᠠᠯᠭᠠᠭᠰᠠᠨ ᠢᠶᠠᠨ ᠲᠠᠭ ᠮᠠᠷᠲᠠᠴᠢᠬᠠᠭᠰᠠᠨ ᠪᠠᠶᠢᠵᠠᠢ  ᠰᠢᠤ ᠁︾ ᠭᠡᠵᠤ ᠰᠠᠶ᠋ᠢ ᠰᠠᠨᠠᠵᠤ ᠤᠯᠤᠭᠠᠳ᠄ ︽ᠵᠠ᠂ ᠶᠠᠭᠤ ᠪᠤᠯᠤᠭᠰᠠᠨ ᠴᠦ ᠬᠡᠨ ᠴᠠᠬᠢᠮ ᠴᠢᠮᠡᠭᠡ ᠢᠷᠡᠭᠦᠯᠵᠦ ᠪᠠᠶᠢᠬᠤ ᠶᠢ ᠨᠢ ᠦᠵᠡᠶ᠎ᠡ᠂ ᠴᠢᠬᠤᠯᠠ ᠤᠴᠢᠷ ᠲᠠᠢ ᠴᠦ ᠪᠠᠶᠢᠵᠦ ᠮᠡᠳᠡᠨ᠎ᠡ︾ᠭᠡᠵᠤ ᠡᠯᠠᠢ ᠪᠠᠯᠠᠢ ᠶᠠᠭᠤᠮ᠎ᠠ ᠰᠡᠳᠭᠢᠭᠰᠡᠭᠡᠷ ᠬᠤᠷᠳᠤᠬᠠᠨ ᠭᠡᠭᠴᠢ ᠠᠯᠬᠤᠯᠠᠵᠦ ᠴᠡᠴᠡᠷᠯᠢᠭ ᠤᠨ ᠵᠡᠭᠦᠨ ᠬᠤᠶᠢᠲᠤ ᠦᠨᠴᠦᠭ ᠳᠠᠬᠢ ᠰᠦᠮ᠎ᠡ ᠬᠡᠯᠪᠡᠷᠢᠲᠠᠢ ᠪᠠᠶᠢᠭᠤᠯᠤᠭᠰᠠᠨ ᠭᠡᠭᠡᠮᠰᠦᠭ ᠪᠠᠭᠠᠬᠠᠨ ᠰᠠᠷᠠᠪᠴᠢᠨ ᠲᠤᠤᠷᠠᠬᠢ ᠬᠦᠨᠳᠡᠯᠡᠨ ᠰᠠᠨᠳᠠᠯᠢ  ᠲᠡᠭᠡᠷ᠎ᠡ ᠤᠴᠢᠵᠤ ᠰᠠᠭᠤᠭᠠᠳ ᠦᠨᠦᠬᠢ ᠶᠡᠬᠡᠬᠡᠨ ᠨᠢᠭᠤᠷ ᠲᠠᠢ ᠭᠠᠷ ᠤᠳᠠᠰᠤ ᠎ ᠪᠠᠨ ᠯᠠᠷᠵᠠᠲᠠᠶᠢᠬᠠᠨ ᠭᠡᠭᠴᠢ ᠭᠠᠷᠭᠠᠨ ᠦᠵᠡᠬᠦᠶ᠎ᠡ  ︽ᠴᠠᠰᠤ ᠴᠠᠭᠠᠨ ᠭᠦᠩᠵᠦ︾ ᠭᠡᠮᠡᠬᠦ ᠨᠡᠷ᠎ᠡ ᠲᠠᠢ ᠨᠢᠭᠡ ᠬᠦᠮᠦᠨ ᠲᠡᠭᠦᠨ ᠲᠠᠢ ᠨᠠᠶᠢᠵᠠ ᠪᠤᠯᠬᠤ ᠶᠢ  ᠡᠷᠡᠮᠡᠯᠵᠡᠭᠰᠡᠨ‌‍ᠲ᠋ᠤᠬᠢᠶ᠎ᠠ ᠢᠷᠡᠭᠦᠯᠦᠭᠰᠡᠨ ᠪᠠᠶᠢᠪᠠ᠃ ︽ ᠲᠠ ᠰᠠᠶᠢᠨ ᠤᠤ︖︾  ᠭᠡᠵᠤ ᠴᠠᠬᠢᠮ ᠴᠢᠮᠡᠭᠡ ᠪᠠᠷ ᠠᠮᠤᠷ ᠠᠰᠠᠭᠤᠭᠰᠠᠨ ᠪᠠ  ︽ᠴᠠᠰᠤ ᠴᠠᠭᠠᠨ ᠭᠦᠩᠵᠦ︾᠎ ᠨᠢ ᠦᠯᠦ ᠮᠡᠳᠡᠭ ᠰᠢᠷ᠎ᠠ ᠪᠠᠷ ᠪᠤᠳᠤᠭᠰᠠᠨ ᠭᠡᠵᠢᠭᠡ ᠪᠠᠨ ᠰᠤᠯᠠ  ᠲᠠᠯᠪᠢᠭᠰᠠᠨ᠂ ᠮᠤᠶᠢᠯ ᠬᠠᠷ᠎ᠠ ᠨᠢᠳᠦᠲᠠᠢ᠂ ᠵᠢᠷᠪᠢᠭᠡᠷ ᠨᠠᠷᠢᠬᠠᠨ ᠬᠦᠮᠦᠰᠭᠡ ᠲᠠᠢ᠂ ᠶᠠᠭᠠᠪᠲᠤᠷ ᠴᠢᠷᠠᠢ ᠲᠡᠭᠡᠷ᠎ᠡ ᠪᠠᠨ ᠶᠠᠭᠠᠬᠢᠬᠤ ᠶᠢᠨ ᠠᠷᠭ᠎ᠠ ᠦᠭᠡᠢ ᠡᠪᠲᠠᠢ ᠵᠤᠬᠢᠴᠠᠭᠰᠠᠨ ᠬᠢᠩᠭᠠᠨ ᠬᠠᠮᠠᠷ ᠲᠠᠢ ᠪᠦᠭᠡᠳ ᠬᠤᠨᠳᠠᠨ ᠤᠯᠠᠭᠠᠨ ᠤᠷᠤᠭᠤᠯ ᠢᠶᠠᠨ ᠪᠠᠭᠠᠬᠠᠨ ᠴᠤᠷᠪᠤᠶᠢᠯᠭᠠᠵᠤ᠂ ᠬᠦᠰᠡᠯ ᠬᠠᠶᠢᠷ᠎ᠠ ᠴᠠᠯᠬᠢᠯᠠᠭᠰᠠᠨ ᠨᠢᠲᠦ ᠪᠠᠷ ᠬᠦᠮᠦᠰ ᠤᠨ ᠦᠭᠡᠳᠡ ᠵᠤᠤᠮᠠᠯᠵᠠᠨ ᠢᠨᠢᠶᠡᠮᠰᠦᠭᠯᠡᠵᠦ ᠪᠠᠶᠢᠭ᠎ᠠ ᠰᠡᠭᠦᠳᠡᠷ ᠢᠶᠠᠨ ᠸᠢᠴᠠᠲ ᠲᠡᠭᠡᠷ᠎ᠡ ᠪᠠᠨ ᠲᠠᠯᠪᠢᠵᠠᠢ᠃ ᠲᠡᠷᠡᠬᠦ ᠭᠤᠶᠦ ᠪᠦᠰᠡᠭᠦᠢ ᠶᠢᠨ ᠰᠡᠭᠦᠳᠡᠷ ᠢ ᠤᠯᠵᠦ ᠬᠠᠷᠠᠭᠰᠠᠨ ᠲᠡᠷᠡᠬᠡᠨ ᠵᠠᠭᠤᠷ᠎ᠠ᠂ ᠡᠪᠦᠭᠡᠨ ᠭᠤᠸᠠᠢ ᠶᠢᠨ ᠬᠠᠴᠠᠷ ᠨᠢᠭᠤᠷ ᠨᠢ ᠨᠢᠯᠴᠢᠬᠢᠨᠡᠨ᠂ ᠬᠠᠮᠤᠭ ᠪᠡᠶ᠎ᠡ ᠨᠢ ᠬᠠᠯᠠᠭᠤ ᠤᠷᠭᠢᠵᠤ ᠶᠠᠮᠠᠷ ᠨᠢᠭᠡᠨ ᠶᠠᠭᠤᠮ᠎ᠠ ᠰᠡᠳᠬᠢᠯ ᠢ ᠨᠢ ᠭᠡᠳᠡᠭᠡᠯᠡᠵᠤ ᠪᠠᠶᠢᠬᠤ ᠶᠢ ᠲᠡᠷᠡ ᠦᠪᠡᠷ ᠢᠶᠠᠨ ᠴᠦ ᠦᠯᠦ ᠮᠡᠳᠡᠨ᠎ᠡ᠃ ᠶᠠᠭᠤ ᠪᠤᠯᠤᠭᠰᠠᠨ ᠴᠦ ᠲᠤᠲᠤᠷ᠎ᠠ ᠨᠢ ᠨᠢᠯ ᠪᠠᠭᠤᠵᠦ  ᠨᠢᠭᠡ ᠯᠠ ᠵᠢᠭᠲᠡᠶᠢᠬᠡᠨ ᠰᠠᠨᠠᠭᠳᠠᠬᠤᠶ᠎ᠠ᠂ ᠲᠡᠷᠡ ᠭᠤᠸᠠᠢ᠄ ︽ᠠ ᠳ᠋ᠠ᠂ ᠮᠥᠨ ᠴᠦ ᠨᠢᠭᠡᠨ ᠬᠦᠬᠡᠷᠦᠬᠦᠨ ᠠᠮᠢᠳᠠᠨ ᠪᠠᠶᠢᠨ᠎ᠠ᠂ ᠲᠡᠭᠦᠤᠲᠠᠢ ᠮᠢᠨᠢ ᠨᠠᠶᠢᠵᠢ  ᠪᠤᠯᠬᠤ ᠭᠡᠭᠴᠢ ᠰᠠᠶᠢᠨ ᠤᠴᠢᠷ ᠡ᠂ ᠪᠤᠯᠤᠯ ᠦᠭᠡᠢ ᠶᠠᠭᠠᠬᠢᠪᠠ ᠁︾ ᠭᠡᠵᠤ ᠠᠷᠠᠢ ᠰᠤᠨᠤᠰᠳᠠᠮ᠎ᠠ ᠲᠤᠤᠷᠠᠬᠠᠨ ᠲᠠᠭᠤ ᠪᠠᠷ ᠠᠮᠠᠨ ᠳᠠᠭᠠᠨ ᠲᠦᠳᠦᠨᠡᠭᠰᠡᠭᠡᠷ ᠦᠨᠦᠬᠢ ᠵᠦᠪᠰᠢᠶᠡᠷᠡᠬᠦ ᠴᠢᠳᠠᠮᠵᠢ ᠪᠠᠨ ᠲᠠᠷᠤᠬᠤ ᠭᠡᠰᠡᠨ ᠢᠶᠠᠨ ᠭᠡᠨᠡᠳᠲᠡ ᠪᠠᠰᠠ ᠶᠠᠭᠤ ᠨᠢᠭᠡ ᠶᠢ ᠪᠤᠳᠤᠵᠦ ᠠᠮᠵᠢᠭᠰᠠᠨ ᠪᠤᠯᠤᠯᠳᠠᠢ ᠭᠠᠷ ᠢᠶᠠᠨ ᠲᠠᠳᠠᠵᠤ ᠪᠠᠭ᠋ᠠᠨ ᠲᠠᠳᠠᠭᠠᠯᠵᠠᠵᠦ᠄ ︽ᠤᠯᠤᠰ ᠤᠳ ᠤᠨ ᠬᠡᠯᠡᠯᠴᠡᠬᠦ ᠪᠠᠷ ᠤᠳᠤᠬᠢ ᠨᠡᠶᠢᠬᠡᠮ ᠲᠡᠭᠡᠷ᠎ᠡ ᠰᠦᠯᠵᠢᠶᠡᠨ  ᠎ ᠤ ᠮᠡᠬᠡᠯᠡᠭᠴᠢ  ᠭᠡᠭᠴᠢ ᠮᠤᠩ ᠦᠭᠡᠢ ᠤᠯᠠᠨ ᠭᠡᠳᠡᠭ ᠢᠶᠠᠷ ᠦᠨᠦᠬᠢ ᠪᠦᠰᠡᠭᠦᠢ ᠴᠢᠨᠢ ᠠᠷᠠᠢ ᠴᠦ ᠮᠡᠬᠡᠯᠡᠭᠴᠢ ᠪᠢᠰᠢ ᠪᠢᠵᠠ︖︾ ᠭᠡᠵᠤ ᠲᠦᠷᠦᠯᠬᠢ ᠮᠡᠳᠡᠷᠡᠮᠵᠢ ᠪᠠᠷ ᠢᠶᠠᠨ ᠲᠦᠲᠡᠭᠡᠯᠵᠡᠬᠦ ᠰᠢᠤᠬᠠᠨ ᠪᠤᠯᠤᠭᠰᠠᠨ ᠢᠶᠠᠨ᠄ ︽ᠵᠠ᠂ ᠶᠠᠭᠤ ᠪᠤᠯᠤᠭᠰᠠᠨ ᠴᠦ ᠭᠡᠷ ᠲᠡᠭᠡᠨ ᠬᠠᠷᠢᠵᠤ ᠪᠠᠶᠢᠭᠠᠳ ᠪᠤᠯᠤᠶ᠎ᠠ  ︾ ᠭᠡᠵᠤ ᠦᠪᠡᠷ ᠲᠡᠭᠡᠨ ᠰᠤᠨᠤᠰᠳᠠᠬᠤ ᠲᠡᠳᠤᠢ ᠰᠢᠪᠡᠨᠡᠭᠡᠳ ᠤᠷᠤᠨ ᠠᠴᠠ ᠪᠠᠨ ᠦᠨᠲᠡᠶᠢᠨ ᠪᠤᠰᠴᠤ ᠭᠡᠷ ᠵᠦᠭ ᠢᠶᠠᠨ ᠰᠡᠩᠳᠡ ᠮᠡᠩᠳᠡ ᠠᠯᠬᠤᠯᠠᠪᠠ᠃     ᠰᠦᠰᠦᠲᠠᠢ ᠭᠤᠸᠠᠢ ᠭᠡᠭᠴᠢ ᠵᠢᠷᠠᠨ ᠲᠤᠯᠤᠭ᠎ᠠ ᠬᠦᠷᠴᠦ ᠵᠠᠵᠠᠨ ᠦᠰᠦ ᠨᠢ ᠪᠤᠭᠤᠷᠤᠯᠲᠤᠭᠰᠠᠨ ᠪᠤᠯᠪᠠᠴᠤ ᠪᠡᠶ᠎ᠡ ᠲᠡᠩᠬᠡᠭᠡ ᠨᠢ ᠰᠠᠶᠢᠨ᠂ ᠡᠮᠦᠰᠴᠦ ᠵᠡᠭᠦᠬᠦ ᠨᠢ ᠴᠦ ᠲᠡᠷᠢ ᠲᠡᠭᠰᠢ᠂ ᠦᠭᠡ ᠶᠠᠷᠢᠶ᠎ᠠ ᠨᠢ ᠴᠦ ᠤᠬᠠᠭᠠᠯᠢᠭ ᠤᠷᠠᠨ ᠬᠦᠮᠦᠨ ᠪᠤᠯᠬᠤᠷ ᠲᠦᠩᠭᠡᠵᠢ ᠲᠠᠪᠢ ᠭᠠᠷᠴᠤ ᠪᠠᠶᠢᠭ᠎ᠠ ᠰᠢᠭ᠋ ᠯᠠ ᠬᠠᠷᠠᠭᠳᠠᠨ᠎ᠠ᠃ ᠭᠡᠬᠦ ᠳᠤ ᠡᠨᠡ ᠠᠪᠤᠭᠠᠢ ᠭᠡᠭᠴᠢ ᠤᠷᠴᠢᠯᠠᠩ ᠤᠨ ᠤᠨᠴᠠᠭᠠᠢ ᠨᠢᠭᠡᠨ ᠤᠳᠤᠨ ᠪᠤᠯᠵᠤ  ᠵᠠᠶᠠᠭᠠᠭᠰᠠᠨ ᠴᠦ ᠪᠤᠯᠪᠠ ᠤᠤ︖ ᠲᠡᠭᠦᠨ ᠤ ᠠᠵᠢᠯ ᠠᠮᠢᠳᠤᠷᠠᠯ ᠤᠨ ᠬᠢᠨᠢ ᠭᠡᠭᠡᠨ ᠲᠠᠷᠳᠠᠩ ᠵᠠᠮ ᠲᠡᠭᠡᠷ᠎ᠡ ᠨᠢ ᠤᠶᠢᠯᠠᠭᠠᠭᠳᠠᠰᠢ ᠦᠭᠡᠢ ᠡᠳᠦᠢ ᠲᠡᠳᠦᠢ ᠬᠠᠴᠢᠨ ᠰᠤᠨᠢᠨ ᠤᠴᠠᠷᠠᠯ ᠳᠤᠬᠢᠶᠠᠯᠳᠤᠯ ᠪᠠ ᠦᠯᠢᠭᠡᠷ ᠲᠡᠤᠬᠡ ᠡᠭᠦᠰᠴᠦ ᠦᠩᠭᠡᠷᠡᠭᠰᠡᠨ ᠢ ᠬᠡᠨ ᠴᠦ ᠦᠯᠦ ᠮᠡᠳᠡᠨ᠎ᠡ᠂ ᠦᠪᠡᠷ ᠲᠡᠭᠡᠨ ᠴᠦ ᠡᠰᠡ ᠤᠶᠢᠯᠠᠭᠠᠨ᠎ᠠ᠂ ᠤᠲᠤ ᠪᠤᠯᠳᠠᠯ᠎ᠠ ᠤᠯᠠᠨ ᠤ ᠲᠤᠮᠳᠠ ᠮᠥᠨ ᠯᠠ ᠤᠨᠢᠰᠤᠭ᠎ᠠ ᠪᠠᠶᠢᠭᠰᠠᠭᠠᠷ ᠠᠵᠠᠢ᠃ ᠬᠦᠮᠦᠨ ᠤ ᠠᠮᠢᠳᠤᠷᠠᠯ ᠤᠨ ᠶᠠᠪᠤᠴᠠ ᠭᠡᠳᠡᠭ ᠦᠨᠡᠬᠡᠷ ᠰᠢ ᠵᠦᠴᠦᠭᠡ ᠮᠡᠳᠤ ᠬᠡᠳᠦᠬᠡᠨ ᠴᠠᠭ ᠤᠨ ᠰᠤᠨᠢᠷᠬᠠᠯ ᠪᠤᠯᠤᠭᠠᠳ ᠦᠩᠭᠡᠷᠡᠳᠡᠭ ᠤᠨ ᠤᠴᠢᠷ ᠠᠴᠠ ᠡᠪᠦᠭᠡᠨ ᠭᠤᠸᠠᠢ ᠶᠢᠨ ᠤᠯᠠᠨ ᠠᠷᠪᠢᠨ ᠤᠬᠠᠭᠠᠨ ᠲᠦᠬᠦᠭᠡ ᠶᠢ ᠨᠢ ᠤᠯᠳᠠᠰᠢ ᠦᠭᠡᠢ ᠤᠨᠢᠰᠤᠭ᠎ᠠ ᠠᠴᠠ ᠨᠢᠭᠡ ᠬᠤᠶᠠᠷ ᠢ ᠨᠢ ᠰᠡᠶᠢᠷᠡᠭᠦᠯᠪᠡᠯ ᠲᠤᠤᠷᠠᠬᠢ ᠮᠡᠳᠤ ᠪᠦᠯᠦᠭᠡ  ᠃     ᠰᠦᠰᠦᠲᠠᠢ ᠭᠤᠸᠠᠢ ᠲᠡᠭᠡᠷ᠎ᠡ ᠵᠠᠭᠤᠨ ᠤ ᠲᠠᠯᠠᠭᠠᠳ ᠤᠨ ᠳᠤ᠂ ᠬᠡᠳᠦᠨ ᠵᠢᠯ ᠴᠡᠷᠢᠭ ᠤᠨ ᠠᠯᠪᠠ ᠬᠠᠭᠠᠵᠤ᠂ ᠴᠡᠷᠢᠭ ᠲᠡᠭᠡᠷ᠎ᠡ ᠬᠡᠳᠤ ᠤᠳᠠᠭ᠎ᠠ ᠭᠠᠪᠢᠶ᠎ᠠ ᠪᠠᠶᠢᠭᠤᠯᠤᠭᠰᠠᠨ ᠪᠠ ᠦᠨᠲᠦᠷ ᠲᠤᠮᠳᠠᠲᠤ ᠶᠢᠨ ᠰᠤᠷᠤᠯᠭ᠎ᠠ ᠶᠢᠨ ᠨᠠᠮᠳᠠᠷ ᠲᠠᠢ ᠵᠡᠷᠭᠡ ᠤᠯᠠᠨ ᠠᠷᠪᠢᠨ ᠲᠠᠪᠠᠭᠤᠯᠢᠭ ᠢᠶᠠᠷ ᠢᠶᠠᠨ ᠤᠷᠤᠨ ᠤ ᠲᠦᠪ ᠤᠨ ᠨᠢᠭᠡᠨ ᠲᠢᠩᠭᠢᠮ ᠳᠤ ᠠᠵᠢᠯ ᠬᠤᠪᠢᠶᠠᠷᠢᠯᠠᠵᠦ ᠵᠢᠩᠭᠢᠨᠢ ᠨᠢᠭᠡᠨ ᠤᠯᠤᠰ ᠤᠨ ᠠᠯᠪᠠᠳᠠᠨ ᠪᠤᠯᠵᠤ ᠪᠢᠯᠠ᠃     ᠡᠳᠡᠭᠡᠷ ᠬᠢᠯᠪᠡᠷ ᠪᠤᠰᠤ ᠪᠠᠷ ᠢᠷᠡᠭᠰᠡᠨ ᠠᠮᠵᠢᠯᠲᠠ ᠳᠠᠭᠠᠨ ᠲᠡᠷᠡ ᠦᠪᠡᠷ ᠢᠶᠠᠨ ᠪᠠᠰᠠ ᠤᠮᠤᠭᠰᠢᠨ ᠵᠤᠷᠢᠭᠵᠢᠵᠤ ᠪᠠᠶᠢᠭᠰᠠᠨ ᠪᠦᠭᠡᠳ ᠬᠠᠮᠲᠤ ᠨᠠᠶᠢᠵᠢ ᠪᠠ ᠠᠶᠢᠯ ᠠᠶᠢᠮᠠᠭ ᠤᠨ ᠬᠢᠨᠢ ᠴᠦ ᠪᠢᠰᠢᠷᠡᠵᠦ ᠪᠠᠭ᠋ᠠᠷᠤᠭᠰᠠᠨ ᠰᠡᠳᠭᠢᠯᠭᠡ ᠪᠠᠷ᠄ ︽ᠲᠠ ᠪᠣᠯ ᠵᠢᠷᠭᠠᠯᠲᠠᠢ ᠬᠦᠮᠦᠨ ᠰᠢᠤ︾ ᠭᠡᠵᠤ ᠪᠠᠶᠠᠷ ᠬᠦᠷᠭᠡᠨ ᠪᠢᠰᠢᠷᠡᠨ ᠮᠠᠭᠳᠠᠵᠦ ᠪᠠᠶᠢᠯ᠎ᠠ᠃     ᠲᠡᠭᠡᠭᠡᠳ ᠯᠠ ᠮᠥᠨ ᠲᠡᠷᠡ ᠵᠢᠯ ᠤᠨ ᠢᠶᠠᠨ ᠲᠠᠩᠰᠤᠭ ᠨᠠᠮᠤᠷ ᠨᠢ ᠤᠭ ᠨᠤᠲᠤᠭ ᠲᠠᠭᠠᠨ ᠬᠠᠷᠢᠭᠠᠳ ᠰᠤᠨᠠᠭᠠᠷ ᠰᠠᠶᠢᠬᠠᠨ ᠪᠡᠶ᠎ᠡ ᠭᠠᠯᠪᠢᠷ ᠲᠠᠢ ᠰᠤᠶᠤᠷᠬᠠᠯ ᠭᠡᠳᠡᠭ ᠦᠬᠢᠨ ᠳᠤ ᠦᠨᠡᠨ ᠬᠠᠶᠢᠷ᠎ᠠ ᠪᠠᠨ ᠲᠤᠰᠢᠶᠠᠨ ᠠᠶᠢᠯ ᠡᠷᠦᠬᠡ ᠪᠤᠯᠤᠯᠴᠠᠵᠦ ᠬᠦᠬᠡᠬᠤᠳᠠ ᠳᠤ ᠵᠤᠯ ᠵᠢᠷᠭᠠᠯᠲᠠᠢ ᠠᠮᠢᠲᠤᠷᠠᠯ ᠢᠶᠠᠨ ᠡᠬᠢᠯᠡᠭᠦᠯᠦᠭᠰᠡᠨ ᠪᠠᠶᠢᠯ᠎ᠠ᠃ ᠲᠠᠷᠠᠭ᠎ᠠ ᠵᠢᠯ ᠤᠨ ᠬᠢᠨᠢ ᠨᠠᠮᠤᠷ ᠬᠦᠤ ᠲᠠᠢ ᠪᠤᠯᠵᠤ ᠬᠦᠤ ᠳᠡᠭᠡᠨ  ︽ᠰᠠᠨᠰᠠᠷ︾ ᠭᠡᠳᠡᠭ ᠰᠠᠶᠢᠬᠠᠨ ᠨᠡᠷ᠎ᠡ ᠦᠭᠭᠦᠭᠰᠡᠨ ᠪᠦᠭᠡᠳ ᠲᠡᠳᠡ ᠬᠤᠶᠠᠭᠤᠯᠠ ᠶᠢᠨ ᠭᠡᠷ ᠪᠦᠯᠢ ᠎ ᠳᠤ ᠨᠢ ᠲᠤᠶᠢᠯ ᠤᠨ ᠶᠡᠭᠡ ᠪᠠᠶᠠᠷ ᠪᠠᠶᠠᠰᠬᠤᠯᠠᠩ ᠨᠡᠮᠡᠷᠢᠯᠡᠭᠰᠡᠨ ᠪᠦᠯᠦᠭᠡ᠃ ᠰᠠᠨᠰᠠᠷ ᠢ ᠲᠦᠷᠪᠡᠨ ᠨᠠᠰᠤᠲᠠᠢ ᠲᠡᠷᠡ ᠵᠢᠯ ᠤᠨ ᠨᠠᠮᠤᠷ ᠨᠢ ᠪᠤᠯᠬᠤ ᠳᠤ᠂ ᠰᠦᠰᠦᠲᠠᠢ ᠰᠤᠶᠤᠷᠬᠠᠯ ᠬᠤᠶᠠᠭᠤᠯᠠ ᠬᠦᠤ ᠪᠠᠨ ᠮᠤᠩᠭᠤᠯ ᠴᠡᠴᠡᠷᠯᠢᠭ ᠳᠤ ᠰᠠᠭᠤᠯᠭᠠᠬᠤ ᠪᠠᠷ ᠪᠡᠯᠡᠳᠭᠡᠵᠤ ᠪᠠᠶᠢᠲᠠᠯ᠎ᠠ᠂ ᠭᠡᠨᠡᠳᠲᠡ ᠰᠦᠰᠦᠲᠠᠢ ᠶᠢ ᠪᠠᠶᠠᠨᠨᠠᠭᠤᠷ ᠠᠶᠢᠮᠠᠭ ᠤᠨ ᠨᠢᠭᠡᠨ ᠲᠠᠷᠢᠶᠠᠯᠠᠬᠤ ᠰᠢᠶᠠᠨ ᠳᠤ ᠠᠵᠢᠯ ᠰᠢᠯᠵᠢᠭᠦᠯᠦᠭᠰᠡᠨ ᠮᠡᠳᠡᠭᠲᠡᠯ ᠢ ᠲᠤᠰᠤᠨ ᠤᠯᠪᠠ᠃ ᠵᠤᠨ ᠤ ᠬᠠᠯᠠᠭᠤᠨ ᠳᠤ ᠬᠢᠷᠠᠭᠤ ᠤᠨᠠᠭᠰᠠᠨ ᠮᠡᠲᠤ ᠡᠨᠡᠬᠦ ᠰᠤᠴᠢᠮᠠᠭ ᠢᠷᠡᠭᠰᠡᠨ ᠬᠠᠳᠠᠭᠤ ᠴᠤᠬᠢᠯᠲᠠ ᠳᠤ ᠲᠡᠳᠡ ᠬᠤᠶᠠᠭᠤᠯᠠ ᠴᠤᠬᠤᠮ ᠶᠠᠭᠠᠬᠢᠬᠤ ᠪᠠᠨ ᠤᠯᠬᠤ ᠪᠠᠨ ᠪᠤᠯᠵᠤ ᠨᠢᠭᠤᠷ ᠲᠦᠭᠦᠷᠡᠩ ᠨᠢᠯᠪᠤᠰᠤᠨ ᠬᠡᠯᠬᠢᠶ᠎ᠡ ᠪᠦᠮᠪᠦᠷᠢᠭᠦᠯᠦᠨ ᠰᠠᠭᠤᠪᠠ᠃     ︽ᠴᠤᠬᠤᠮ ᠶᠠᠭᠠᠬᠢᠭᠠᠳ ᠡᠶᠢᠮᠤ ᠪᠤᠯᠪᠠ︖︾ ᠭᠡᠵᠤ ᠰᠦᠰᠦᠲᠠᠢ ᠶᠢᠨ ᠲᠠᠷᠢᠬᠢᠨ ᠳᠤᠨᠢ ᠰᠢᠷᠢᠯᠲᠦᠭᠰᠡᠨ ᠤᠯᠠᠨ ᠪᠤᠳᠤᠯ ᠵᠠᠢ ᠵᠠᠪᠰᠠᠷ ᠦᠭᠡᠢ ᠡᠷᠬᠢᠯᠲᠦᠨ᠎ᠡ ᠃ ︽ᠪᠠᠶᠢᠭᠤᠯᠤᠯᠭ᠎ᠠ ᠶᠢᠨ ᠢᠶᠠᠨ ᠤᠳᠤᠷᠢᠳᠤᠯᠭ᠎ᠠ ᠨᠠᠷ ᠢᠶᠠᠨ ᠰᠠᠨᠠᠮᠰᠠᠷ ᠦᠭᠡᠢ ᠪᠠᠷ ᠠᠭᠤᠷᠯᠠᠭᠤᠯᠴᠢᠯ᠎ᠠ ᠭᠡᠵᠢ ᠤᠤ︖ ᠡᠰᠡᠭᠦᠯ᠎ᠡ ᠶᠠᠮᠠᠷ ᠨᠢᠭᠡᠨ ᠶᠠᠭᠤᠮᠠᠨ ᠳᠤ ᠲᠡᠳᠡᠨ ᠢ ᠭᠤᠮᠤᠳᠠᠭᠠᠴᠢᠭᠰᠠᠨ ᠴᠦ ᠪᠤᠯᠪᠠ ᠤᠤ︖︾ ᠭᠡᠵᠤ ᠬᠡᠴᠢᠨᠡᠨ ᠤᠳᠠᠭ᠎ᠠ ᠲᠠᠷᠢᠬᠢ ᠪᠠᠨ ᠰᠢᠪᠬᠠᠨ ᠪᠤᠳᠤᠯᠬᠢᠯᠠᠭᠰᠠᠨ ᠴᠦ ᠲᠡᠶᠢᠮᠦ ᠤᠴᠢᠷ ᠶᠡᠷᠤ ᠨᠢ ᠪᠠᠶᠢᠭ᠎ᠠ ᠦᠭᠡᠢ ᠰᠢᠭ ᠯᠠ ᠰᠠᠨᠠᠭᠳᠠᠨ᠎ᠠ᠃ ᠲᠡᠷᠡ ᠦᠶ᠎ᠡ ᠳᠤ᠂ ᠤᠯᠤᠰ ᠠᠷᠠᠳ ᠤᠨ ᠠᠵᠤ ᠠᠬᠤᠢ ᠬᠦᠭᠵᠢᠭᠡᠲᠦᠢ ᠪᠠᠶᠢᠭᠰᠠᠨ ᠪᠤᠯᠬᠤᠷ ᠬᠤᠯᠠ ᠶᠠᠪᠤᠵᠦ᠂ ᠶᠡᠭᠡ ᠶᠢ ᠦᠵᠡᠬᠦ ᠬᠡᠮᠡᠨ ᠬᠤᠳᠠ ᠭᠠᠵᠠᠷ ᠢᠷᠡᠵᠦ ᠠᠮᠢᠳᠤᠷᠠᠯ ᠦᠢᠯᠡᠰ ᠪᠤᠰᠬᠠᠬᠤ ᠶᠢ ᠬᠦᠳᠡᠭᠡ ᠶᠢᠨ ᠬᠦᠮᠦᠰ ᠤᠨ ᠬᠠᠮᠲᠤ ᠶᠢᠨ ᠬᠦᠰᠡᠯ ᠬᠠᠭᠠᠨ ᠤ ᠵᠢᠷᠭᠠᠯ ᠢᠶᠠᠷ ᠪᠤᠳᠤᠳᠠᠭ ᠪᠠᠶᠢᠭᠰᠠᠨ ᠲᠤᠯᠠ ᠬᠤᠳᠠ ᠭᠠᠵᠠᠷ ᠠᠴᠠ ᠪᠠᠨ ᠲᠤᠷᠤᠭᠰᠢ  ᠬᠦᠭᠡᠭᠡᠭᠳᠡᠬᠦ ᠭᠡᠭᠴᠢ ᠰᠦᠰᠦᠲᠠᠢ ᠰᠤᠶᠤᠷᠬᠠᠯ ᠬᠤᠶᠠᠭᠤᠯᠠ ᠳᠤ ᠠᠪᠴᠤ ᠬᠡᠯᠡᠪᠡᠯ ᠶᠠᠭᠤᠲᠠᠢ ᠶᠡᠭᠡ ᠭᠤᠨᠢᠷᠠᠯ ᠭᠤᠲᠤᠮᠰᠢᠭ ᠪᠤᠯᠤᠭᠰᠠᠨ ᠢ ᠶᠠᠭᠤᠨ ᠦᠭᠦᠯᠡᠬᠦ ᠠᠵᠠᠢ᠃ ᠰᠤᠶᠤᠷᠬᠠᠯ ᠤᠨ ᠰᠡᠳᠬᠢᠯ ᠳᠤ ᠶᠡᠬᠡᠳᠡ ᠲᠠᠭᠠᠯᠠᠮᠵᠢ ᠦᠭᠡᠢ ᠪᠤᠯᠵᠤ ᠰᠦᠰᠦᠲᠠᠢ ᠶᠢᠨ ᠪᠠᠶᠢᠭᠤᠯᠤᠯᠭ᠎ᠠ ᠶᠢᠨ ᠲᠠᠷᠤᠭ᠎ᠠ ᠶᠢ ᠨᠢ ᠡᠷᠢᠭᠡᠳ᠄ ︽ᠲᠠᠷᠤᠭ᠎ᠠ ᠡ᠂ ᠮᠠᠨ ᠤ ᠰᠦᠰᠦᠲᠠᠢ ᠠᠵᠢᠯ ᠲᠡᠭᠡᠷ᠎ᠡ ᠪᠠᠨ ᠠᠯᠳᠠᠭ᠎ᠠ ᠪᠤᠷᠤᠭᠤ ᠭᠠᠷᠭᠠᠴᠢᠬᠠᠭᠰᠠᠨ ᠴᠦ ᠪᠤᠯᠪᠠ ᠤᠤ︖ ᠦᠭᠡᠢ ᠪᠤᠯ ᠶᠠᠮᠠᠷ ᠴᠦ ᠤᠴᠢᠷ ᠰᠢᠯᠲᠠᠭᠠᠨ ᠦᠭᠡᠢ ᠪᠠᠷ ᠶᠠᠭᠤᠨ ᠳᠤ ᠲᠤᠷᠤᠭᠰᠢ ᠶᠠᠪᠤᠭᠤᠯᠬᠤ ᠭᠡᠵᠤ ᠪᠠᠶᠢᠬᠤ ᠪᠤᠢ︖︾ ᠬᠡᠮᠡᠨ ᠭᠤᠮᠤᠳᠠᠯᠲᠠᠶᠢᠬᠠᠨ ᠭᠡᠭᠴᠢ ᠲᠤᠯᠭᠠᠨ ᠠᠰᠠᠭᠤᠬᠤ ᠳᠤᠨᠢ᠂ ᠦᠨᠦᠬᠢ ᠲᠠᠷᠤᠭ᠎ᠠ ᠤᠶᠠᠷᠠᠳᠠᠯ᠎ᠠ ᠰᠠᠶᠢᠬᠠᠨ ᠢᠨᠢᠶᠡᠮᠰᠦᠭᠯᠡᠭᠰᠡᠭᠡᠷ᠄ ︽ ᠵᠠ᠂ ᠲᠡᠭᠦᠤᠲᠠᠢ ᠮᠢᠨᠢ  ᠂ ᠡᠯᠳᠡᠪ ᠶᠠᠭᠤᠮ᠎ᠠ ᠪᠢᠲᠡᠭᠡᠢ ᠪᠤᠲᠤ ᠡ᠂ ᠰᠦᠰᠦᠲᠠᠢ ᠭᠡᠭᠴᠢ ᠰᠠᠶᠢᠨ ᠵᠠᠯᠠᠭᠤ ᠰᠢᠯᠢᠳᠡᠭ ᠠᠵᠢᠯᠲᠠᠨ ᠰᠢᠤ᠂ ᠭᠡᠬᠦ ᠳᠤ ᠤᠯᠤᠰ ᠤᠨ ᠺᠠᠳ᠋ᠷ ᠪᠤᠯᠤᠭᠰᠠᠳ ᠭᠡᠭᠴᠢ ᠵᠠᠪᠠᠯ ᠠᠵᠢᠯ ᠤᠨ ᠬᠡᠷᠡᠭᠴᠡᠭᠡ ᠪᠠ ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠲᠠ ᠶᠢ ᠲᠠᠭᠠᠳᠠᠭ ᠯᠠ ᠵᠠᠷᠴᠢᠮ ᠲᠠᠢ ᠪᠤᠯᠬᠤᠷ ᠶᠠᠮᠠᠷ ᠯᠠ ᠠᠷᠭ᠎ᠠ ᠪᠠᠶᠢᠬᠤᠪ ᠳ᠋ᠠ᠂ ᠪᠢ ᠪᠠᠰᠠ ᠦᠨᠦᠲᠤᠷ ᠠᠳᠡ  ᠪᠠᠶᠢᠭᠰᠠᠨ ᠴᠦ ᠮᠠᠷᠭᠠᠰᠢ ᠬᠠᠮᠢᠭ᠎ᠠ ᠶᠠᠪᠤᠬᠤ ᠪᠠᠨ ᠦᠯᠦ ᠮᠡᠳᠡᠨ᠎ᠡ ᠁︾ ᠬᠡᠮᠡᠨ ᠯᠠᠷᠵᠠᠲᠠᠶᠢᠬᠠᠨ ᠬᠡᠭᠴᠢ ᠦᠭᠦᠯᠡᠨ᠎ᠡ᠃      ᠠᠮᠢᠳᠤᠷᠠᠯ ᠦᠷᠭᠦᠯᠵᠢᠯᠡᠭᠰᠡᠭᠡᠷ ᠨᠢᠭᠡ ᠮᠡᠳᠡᠬᠦᠶ᠎ᠡ ᠲᠡᠳᠡᠨ ᠤ ᠬᠢᠨ ᠦᠨᠦᠬᠢ ᠰᠢᠶᠠᠨ ᠳᠤᠨᠢ ᠢᠷᠡᠭᠡᠳ ᠪᠠᠰᠠ ᠲᠦᠷᠪᠡᠨ ᠵᠢᠯ ᠪᠤᠯᠴᠢᠬᠠᠯ᠎ᠠ᠂ ᠬᠠᠮᠤᠭ ᠤᠨ ᠬᠠᠷᠠᠮᠰᠠᠯᠲᠠᠢ ᠶᠠᠪᠤᠳᠠᠯ ᠨᠢ ᠭᠡᠪᠡᠯ ᠦᠨᠦᠬᠢ ᠰᠢᠶᠠᠨ ᠤ ᠭᠠᠵᠠᠷ ᠨᠢ ᠮᠤᠩᠭᠤᠯ ᠴᠡᠴᠡᠷᠯᠢᠭ ᠭᠡᠵᠤ ᠪᠠᠶᠢᠬᠤ ᠦᠭᠡᠢ ᠪᠤᠯᠬᠤᠷ ᠲᠡᠳᠡ ᠬᠤᠶᠠᠭᠤᠯᠠ ᠠᠷᠭ᠎ᠠ ᠪᠤᠰᠤ ᠬᠦᠤ ᠰᠠᠨᠰᠠᠷ ᠪᠠᠨ ᠬᠢᠳᠠᠳ ᠴᠡᠴᠡᠷᠯᠢᠭ ᠳᠤ ᠰᠠᠭᠤᠯᠭᠠᠭᠰᠠᠨ ᠪᠠᠶᠢᠯ᠎ᠠ᠃ ᠭᠡᠬᠦ ᠳᠤ ᠲᠡᠳᠡᠭᠡᠷ ᠬᠢᠳᠠᠳ ᠪᠠᠭᠰᠢ ᠨᠠᠷ ᠨᠢ ᠬᠦᠤ ᠶᠢᠨ ᠬᠢᠨᠢ ︽ᠰᠠᠨᠰᠠᠷ︾ ᠭᠡᠰᠡᠨ ᠮᠤᠩᠭᠤᠯ ᠨᠡᠷ᠎ᠡ ᠶᠢ ᠨᠢ ᠬᠢᠳᠠᠳ ᠢᠶᠠᠷ  ︽ᠴᠧᠩ ᠰᠧ︾ ᠭᠡᠳᠡᠭ ᠬᠢᠳᠠᠳ ᠨᠡᠷ᠎ᠡ ᠲᠠᠢ ᠪᠤᠯᠭᠠᠴᠢᠬᠠᠭᠰᠠᠨ ᠪᠠᠶᠢᠬᠤ ᠦᠭᠡᠢ ᠤᠤ︖ ᠡᠭᠦᠨ ᠳᠤ ᠰᠤᠶᠤᠷᠬᠠᠯ ᠨᠢ ᠤᠳᠠᠭ᠎ᠠ ᠪᠦᠷᠢ ᠶᠢᠨ ᠨᠡᠷ᠎ᠡ ᠮᠡᠳᠡᠭᠦᠯᠬᠦ ᠳᠤ ᠴᠡᠴᠡᠷᠯᠢᠭ ᠤᠨ ᠪᠠᠭᠰᠢ ᠨᠠᠷ ᠲᠤᠨᠢ ᠠᠭᠤᠷ ᠤᠴᠠᠭᠠᠷ ᠢᠶᠠᠨ ᠭᠠᠷᠭᠠᠵᠤ᠄ ︽ᠦᠭᠡᠢ᠂ ᠲᠠ ᠨᠠᠷ ᠴᠢᠨᠢ ᠮᠢᠨᠤ ᠬᠦᠤ ᠶᠢᠨ ᠨᠡᠷ᠎ᠡ ᠶᠢ ᠶᠠᠭᠤᠨᠠᠢ ᠴᠧᠩ ᠰᠧ ᠪᠤᠯᠭᠠᠴᠢᠭᠰᠠᠨ ᠪᠤᠢ︖︾ ᠬᠡᠮᠡᠨ ᠶᠤᠰᠤ ᠬᠡᠯᠡᠯᠴᠡᠬᠦ ᠳᠤᠨᠢ ᠰᠦᠰᠦᠲᠠᠢ ᠨᠢ ᠬᠤᠷᠢᠭᠯᠠᠵᠤ᠄ ︽ᠵᠠ᠂ ᠲᠡᠭᠦᠨ ᠤ ᠲᠦᠯᠦᠭᠡ ᠬᠡᠷᠡᠭᠦᠯ ᠬᠢᠬᠦ ᠎ ᠪᠠᠨ ᠪᠠᠶᠢᠴᠢᠬ᠎ᠠ ᠳ᠋ᠠ᠂ ᠮᠢᠨᠤ ᠤᠦᠯ ᠨᠡᠷ᠎ᠡ ᠴᠦ ᠰᠤᠤᠰᠠᠷ ᠭᠡᠳᠡᠭ ᠪᠢᠰᠢᠤ᠂ ᠲᠡᠷᠡ ᠵᠢᠯ ᠴᠡᠷᠢᠭ ᠲᠡᠭᠡᠷ᠎ᠡ ᠤᠴᠢᠭᠰᠠᠨ ᠴᠢᠨᠢ ᠮᠠᠨ ᠤ ᠲᠠᠷᠤᠭ᠎ᠠ ᠨᠠᠷ ᠯᠠ ᠬᠢᠳᠠᠳ ᠢᠶᠠᠷ ᠎ ᠢᠶᠠᠨ ᠪᠤᠷᠤᠭᠤ ᠪᠢᠴᠢᠭᠰᠡᠭᠡᠷ ᠪᠠᠶᠢᠵᠤ ᠰᠦᠰᠦᠲᠠᠢ ᠪᠤᠯᠭᠠᠴᠢᠭᠰᠠᠨ ᠪᠠᠶᠢᠬᠤ ᠦᠭᠡᠢ ᠤᠤ︖︾ ᠭᠡᠵᠤ ᠲᠠᠶᠢᠳᠬᠤᠷᠠᠭᠤᠯᠤᠨ ᠦᠭᠦᠯᠡᠪᠡ᠃     ᠤᠳᠠᠯ ᠦᠭᠡᠢ ᠨᠠᠮᠤᠷ ᠪᠤᠯᠬᠤ ᠭᠡᠵᠤ ᠪᠠᠶᠢᠭ᠎ᠠ ᠪᠤᠯᠬᠤᠷ ᠲᠡᠳᠡ ᠬᠤᠶᠠᠭᠤᠯᠠ ᠴᠦ ᠬᠦᠤ ᠰᠠᠨᠰᠠᠷ ᠢᠶᠠᠨ ᠠᠶᠢᠮᠠᠭ ᠲᠡᠭᠡᠷ᠎ᠡ ᠠᠪᠠᠴᠢᠵᠦ ᠮᠤᠩᠭᠤᠯ ᠪᠠᠭ᠎ᠠ ᠰᠤᠷᠭᠠᠭᠤᠯᠢ ᠳᠤᠨᠢ ᠨᠢᠭᠡᠲᠦᠭᠡᠷ ᠤᠨ ᠳᠤ ᠤᠷᠤᠭᠤᠯᠬᠤ ᠶᠤᠮ ᠤᠤ︖ ᠡᠰᠡᠬᠦᠯ᠎ᠡ ᠰᠢᠶᠠᠨ ᠤ ᠲᠦᠪ ᠲᠡᠭᠡᠷ᠎ᠡ ᠪᠠᠨ ᠬᠢᠳᠠᠳ ᠪᠢᠴᠢᠭ ᠦᠵᠡᠭᠦᠯᠬᠦ ᠶᠤᠮ ᠤᠤ︖ ᠭᠡᠵᠤ ᠶᠡᠭᠡ ᠯᠠ ᠶᠠᠪᠤᠳᠠᠯ ᠪᠤᠯᠭᠠᠨ ᠶᠠᠷᠢᠯᠴᠠᠵᠦ ᠵᠦᠭ ᠴᠢᠭ ᠢᠶᠠᠨ ᠤᠯᠬᠤ ᠦᠭᠡᠢ ᠪᠠᠶᠢᠲᠠᠯ᠎ᠠ ᠨᠢᠭᠡᠨ ᠡᠳᠦᠷ ᠭᠡᠨᠡᠳᠲᠡ ᠪᠠᠰᠠ ᠯᠠ ᠮᠠᠭᠤ ᠴᠢᠮᠡᠭᠡ ᠲᠤᠭᠤᠯᠳᠠᠵᠤ᠄ ︽ᠴᠢᠮ᠎ᠠ ᠶᠢ ᠤᠷᠠᠳ ᠤᠨ ᠨᠢᠭᠡᠨ ᠬᠤᠰᠢᠭᠤᠨ ᠤ ᠮᠠᠯᠵᠢᠬᠤ ᠰᠤᠮᠤᠨ ᠳᠤ ᠠᠵᠢᠯ ᠰᠢᠯᠵᠢᠭᠦᠯᠪᠡ︾ ᠬᠡᠮᠡᠨ ᠲᠤᠪᠴᠢᠶᠠᠨ ᠤ ᠬᠢᠨᠢ ᠠᠯᠪᠠᠨ ᠭᠡᠷ ᠤᠨ ᠡᠷᠬᠢᠯᠡᠭᠴᠢ ᠨᠢ ᠲᠡᠬᠦᠨ ᠳᠤ ᠮᠡᠳᠡᠭᠳᠡᠯ ᠦᠭᠭᠦᠭᠰᠡᠨ ᠪᠠᠶᠢᠪᠠ᠃     ᠡᠨᠡᠬᠦ ᠰᠠᠨᠠᠭᠠᠨ ᠳᠤ ᠦᠭᠡᠢ ᠢᠷᠡᠭᠰᠡᠨ ᠰᠢᠷᠦᠭᠦᠨ ᠴᠤᠬᠢᠯᠳᠠ ᠳᠤ ᠰᠦᠰᠦᠲᠠᠢ ᠰᠤᠶᠤᠷᠬᠠᠯ ᠬᠤᠶᠠᠭᠤᠯᠠ ᠶᠢᠨ ᠰᠡᠳᠬᠢᠯ ᠲᠤᠲᠤᠷ᠎ᠠ ᠨᠢ ᠲᠦᠮᠡᠨ ᠵᠦᠢᠯ ᠤᠨ ᠰᠡᠵᠢᠭ ᠡᠷᠡᠭᠡᠯᠵᠡᠭᠡ ᠲᠦᠷᠦᠭᠲᠡᠵᠦ᠂ ᠤᠯᠠᠨ ᠠᠷᠪᠢᠨ ᠡᠭᠡᠳᠡᠷᠡᠭᠡᠨ ᠪᠤᠲᠤᠯᠢᠶᠠᠨ ᠢᠶᠠᠷ ᠲᠦᠭᠦᠷᠦᠭᠡᠳ ᠰᠦᠰᠦᠲᠠᠢ ᠨᠢ ᠡᠷᠬᠢᠯᠡᠭᠴᠢ ᠭᠤᠸᠠᠢ ᠶᠢ ᠡᠷᠢᠵᠤ᠄ ︽ᠪᠠᠰᠠ ᠶᠠᠭᠠᠬᠢᠴᠢᠪᠠ︖ ᠪᠢ ᠭᠡᠭᠴᠢ ᠤᠯᠤᠰ ᠤᠨ ᠬᠠᠤᠯᠢ ᠲᠦᠷᠢᠮ ᠢ ᠵᠦᠷᠢᠴᠡᠭᠰᠡᠨ ᠦᠭᠡᠢ᠂ ᠠᠵᠢᠯ ᠤᠨ ᠬᠠᠷᠢᠴᠠᠭᠤᠯᠭ᠎ᠠ ᠪᠠᠨ ᠠᠯᠳᠠᠭᠰᠠᠨ ᠦᠭᠡᠢ ᠪᠠᠶᠢᠲᠠᠯ᠎ᠠ ᠡᠶᠢᠮᠦ ᠲᠤᠮᠤᠬᠠᠨ ᠪᠠᠶᠢᠭᠤᠯᠤᠯᠭ᠎ᠠ ᠴᠦ ᠨᠠᠳᠠ ᠶᠢ ᠪᠠᠭᠳᠠᠭᠠᠵᠤ ᠲᠡᠶᠢᠯᠬᠦ ᠦᠭᠡᠢ ᠪᠤᠯᠤᠭᠠᠳ ᠬᠦᠳᠡᠭᠡ ᠬᠦᠭᠡᠭᠡᠬᠦ ᠭᠡᠵᠤ ᠪᠠᠶᠢᠬᠤ ᠨᠢ ᠡᠨᠡ ᠤᠤ︖︾ ᠬᠡᠮᠡᠨ ᠡᠬᠢ ᠠᠳᠠᠭ ᠦᠭᠡᠢ ᠤᠯᠠᠨ ᠶᠠᠭᠤᠮ᠎ᠠ ᠶᠠᠷᠢᠵᠤ ᠰᠢᠭᠤᠳ ᠲᠤᠯᠭᠠᠨ ᠠᠰᠠᠭᠤᠪᠠᠯ᠂ ᠠᠯᠪᠠᠨ ᠭᠡᠷ ᠤᠨ ᠡᠷᠬᠢᠯᠡᠭᠴᠢ ᠴᠦ ᠡᠶᠡᠯᠰᠡᠭᠬᠡᠨ ᠴᠢᠷᠠᠶᠢᠯᠠᠵᠤ᠄ ︽ᠵᠠ᠂ ᠠᠬ᠎ᠠ ᠮᠢᠨᠢ᠂ ᠨᠠᠳᠠᠲᠤ ᠪᠢᠲᠡᠭᠡᠢ ᠠᠭᠤᠷᠯᠠ᠂ ᠨᠠᠳᠠᠲᠤ ᠬᠠᠮᠢᠭ᠎ᠠ ᠠᠴᠠ ᠲᠠᠨ ᠢ ᠤᠨᠲᠤᠤ ᠬᠤᠰᠢᠭᠤᠨ ᠳᠤ ᠠᠵᠢᠯ  ᠰᠢᠯᠵᠢᠭᠦᠯᠬᠦ ᠲᠡᠶᠢᠮᠦ ᠶᠡᠭᠡ ᠡᠷᠬᠡ ᠴᠢᠳᠠᠯ ᠪᠠᠶᠢᠬᠤ ᠪᠤᠢ︖ ᠲᠠ ᠲᠤᠪᠴᠢᠶᠠᠨ ᠲᠠᠷᠤᠭ᠎ᠠ ᠠᠴᠠ ᠠᠰᠠᠭᠤᠵᠤ ᠦᠵᠡ ᠳ᠋ᠡ᠂ ᠭᠡᠬᠦ ᠳᠤ ᠮᠠᠨ ᠤ ᠡᠨᠡ ᠨᠡᠶᠢᠭᠡᠮ ᠠᠬᠤᠢ ᠭᠡᠳᠡᠭ ᠴᠢᠨᠢ ᠦᠨᠡᠨ ᠳᠡᠭᠡᠨ ᠨᠢᠭᠡᠨ ᠲᠤᠮᠤᠬᠠᠨ ᠭᠡᠭᠴᠢ ᠲᠤᠭᠯᠠᠭᠠᠮ ᠤᠨ ᠲᠠᠯᠠᠪᠤᠷ ᠮᠥᠨ᠂ ᠡᠨᠡᠬᠦ ᠠᠪᠤᠷᠭᠤ ᠲᠤᠮᠤ ᠲᠠᠯᠠᠪᠤᠷ ᠲᠡᠭᠡᠷ᠎ᠡ ᠬᠡᠨ ᠬᠦᠮᠦᠨ ᠠᠷᠭ᠎ᠠ ᠵᠤᠷᠢᠭ ᠢᠶᠠᠷ ᠢᠶᠠᠨ ᠢᠯᠠᠵᠤ ᠴᠢᠳᠠᠪᠠᠯ ᠰᠠᠶ᠋ᠢ ᠵᠢᠩᠭᠢᠨᠢ ᠬᠦᠮᠦᠨ ᠲᠦᠷᠢᠲᠠᠢ ᠠᠮᠢᠲᠤᠷᠠᠵᠤ ᠲᠡᠶᠢᠯᠤᠨ᠎ᠡ᠂ ᠢᠯᠠᠭᠳᠠᠪᠠᠯ ᠬᠦᠮᠦᠨ ᠪᠠᠶᠢᠭᠰᠠᠨ ᠴᠦ ᠠᠶᠠᠨᠳᠠᠭᠠᠨ ᠴᠢᠳᠭᠦᠷ ᠪᠤᠯᠴᠢᠬᠠᠬᠤ ᠨᠢ ᠲᠡᠷᠡ ᠡ᠃ ᠡᠶᠢᠮᠦ ᠠᠴᠠ ᠬᠠᠷᠢᠨ ᠴᠠᠭ ᠤᠨ ᠦᠩᠭᠡ ᠶᠢ ᠲᠠᠭᠠᠭᠠᠭᠰᠠᠨ ᠨᠢ ᠬᠤᠯᠠ ᠲᠡᠭᠡᠷ᠎ᠡ ᠁︾ ᠭᠡᠵᠤ ᠤᠴᠢᠷᠲᠠᠶᠢᠬᠠᠨ ᠰᠠᠨᠠᠭᠤᠯᠵᠤ ᠪᠢᠯᠠ᠃ ᠲᠡᠭᠡᠭᠡᠳ ᠯᠠ ᠲᠡᠷᠡ ᠭᠤᠸᠠᠢ ᠠᠷᠭ᠎ᠠ ᠪᠤᠰᠤ ᠲᠤᠪᠴᠢᠶᠠᠨ ᠲᠠᠷᠤᠭ᠎ᠠ ᠪᠠᠨ ᠡᠷᠢᠵᠤ ᠤᠴᠢᠷ ᠶᠠᠪᠤᠳᠠᠯ ᠢᠶᠠᠨ ᠯᠠᠪᠯᠠᠬᠤ ᠳᠤᠨᠢ ᠲᠠᠷᠤᠭ᠎ᠠ ᠭᠤᠸᠠᠢ ᠶᠡᠭᠡ ᠯᠠ ᠢᠨᠢᠶᠡᠮᠰᠦᠭ ᠴᠢᠷᠠᠢ ᠪᠠᠷ ᠤᠭᠲᠤᠵᠦ᠄ ︽ᠡᠨᠡ ᠴᠢᠨᠢ ᠬᠠᠷᠢᠨ ᠰᠠᠶᠢᠨ ᠤᠴᠢᠷ ᠪᠢᠰᠢᠤ  ᠂  ᠲᠠᠩᠰᠤᠭ ᠪᠠᠶᠠᠯᠢᠭ ᠲᠠᠯ᠎ᠠ ᠨᠤᠲᠤᠭ ᠲᠤ ᠤᠴᠢᠵᠤ ᠠᠵᠢᠯᠯᠠᠬᠤ ᠭᠡᠭᠴᠢ ᠲᠡᠷᠡ ᠴᠤᠬᠤᠮ ᠵᠢᠷᠭᠠᠯ ᠭᠡᠵᠤ ᠮᠡᠳᠡ ᠡ᠂ ᠲᠠ ᠴᠢᠨᠢ ᠲᠢᠩᠬᠢᠮ ᠤᠨ ᠲᠡᠰ ᠤᠨ ᠪᠠᠶᠢᠭᠤᠯᠤᠯᠭ᠎ᠠ ᠳᠤ ᠠᠵᠢᠯᠯᠠᠵᠤ ᠬᠤᠷᠸ᠎ᠠ ᠶᠢᠨ ᠬᠤᠯᠠ ᠶᠢ ᠦᠵᠡᠵᠦ᠂ ᠬᠤᠳᠠᠯ ᠦᠨᠡᠨ ᠤ ᠤᠬᠠᠭᠠᠨ ᠢ ᠨᠢ ᠤᠯᠳᠠᠭ ᠮᠡᠳᠡᠯᠭᠡ ᠰᠤᠶᠤᠯ ᠲᠠᠢ ᠬᠦᠮᠦᠨ ᠪᠠᠶᠢᠭᠠᠳ ᠡᠨᠡ ᠶᠤᠰᠤ ᠶᠢ ᠶᠠᠮᠠᠷ ᠮᠡᠳᠡᠬᠦ ᠦᠭᠡᠢ ᠴᠦ ᠪᠢᠰᠢ ᠳ᠋ᠠ ᠁︾ ᠭᠡᠵᠤ ᠪᠢᠳᠡᠭᠦᠬᠡᠨ ᠤᠳᠬ᠎ᠠ ᠲᠠᠢ ᠶᠠᠷᠢᠭᠠᠳ ᠲᠤᠭᠤᠮᠵᠢᠷ ᠦᠭᠡᠶᠢᠬᠡᠨ ᠢᠨᠢᠶᠡᠮᠰᠦᠭᠯᠡᠨ᠎ᠡ ᠃ ᠬᠠᠭᠠᠰ ᠰᠠᠷ᠎ᠠ ᠶᠢᠨ ᠲᠠᠷᠠᠭ᠎ᠠ ᠰᠦᠰᠦᠲᠠᠢ ᠡᠷᠦᠬᠡ ᠭᠡᠷ ᠢᠶᠠᠨ ᠨᠡᠭᠦᠯᠭᠡᠵᠦ᠂ ᠮᠠᠯᠵᠢᠬᠤ ᠤᠷᠤᠨ ᠳᠠᠭᠠᠨ ᠬᠢᠯᠢ ᠶᠢᠨ ᠰᠤᠮᠤ ᠪᠤᠯᠬᠤ ᠲᠡᠷᠡᠬᠦ ᠮᠠᠯᠵᠢᠬᠤ ᠰᠤᠮᠤᠨ ᠳᠤ ᠬᠦᠷᠴᠦ ᠨᠡᠷ᠎ᠡ ᠪᠠᠨ ᠮᠡᠳᠡᠭᠦᠯᠵᠦ ᠪᠢᠯᠠ᠃     ᠰᠤᠮᠤᠨ ᠤ ᠱᠦᠵᠢ ᠨᠠᠷᠭᠢᠯ ᠭᠡᠭᠴᠢ ᠲᠠᠪᠢ ᠭᠠᠷᠤᠢ ᠨᠠᠰᠤᠨ ᠤ ᠬᠠᠨᠠᠭᠠᠷ ᠦᠷᠭᠡᠨ ᠴᠡᠭᠡᠵᠢ ᠲᠠᠢ᠂ ᠬᠦᠷᠡᠩ ᠪᠤᠷᠤ ᠴᠢᠷᠠᠢ ᠲᠠᠢ᠂  ᠴᠢᠭᠢᠷᠠᠭ ᠪᠦᠳᠦᠭᠦᠨ ᠬᠦᠮᠦᠨ ᠲᠡᠭᠦᠨ ᠲᠠᠢ ᠭᠠᠷ ᠠᠳᠬᠤᠯᠴᠠᠨ᠄ ︽ᠵᠠ᠂ ᠲᠡᠭᠦᠤ ᠮᠢᠨᠢ ᠲᠠᠨ ᠢ ᠪᠠᠶᠠᠷᠯᠠᠨ ᠤᠭᠲᠤᠵᠦ ᠪᠠᠶᠢᠬᠤ ᠪᠠᠨ ᠢᠯᠡᠳᠭᠡᠶ᠎ᠡ᠂ ᠮᠠᠯᠵᠢᠬᠤ ᠰᠤᠶᠤᠯ ᠪᠣᠯ ᠮᠤᠩᠭᠤᠯᠴᠤᠳ ᠤᠨ ᠤᠤᠭᠠᠯ ᠰᠤᠶᠤᠯ ᠪᠤᠯᠤᠭᠰᠠᠨ ᠤ ᠬᠤᠪᠢ ᠳᠤ᠂ ᠪᠢᠲᠡ ᠲᠡᠭᠦᠨ ᠢ ᠪᠠᠨ ᠤᠯᠠᠮᠵᠢᠯᠠᠨ ᠬᠦᠭᠵᠢᠭᠦᠯᠬᠦ ᠶᠢᠨ ᠲᠦᠯᠦᠭᠡ ᠮᠠᠨ ᠤ ᠰᠤᠮᠤᠨ ᠤ ᠠᠵᠢᠯ ᠎ ᠢᠶᠠᠨ ᠬᠠᠮᠲᠤᠪᠠᠷ ᠰᠠᠶᠢᠨ ᠬᠢᠵᠡᠭᠡᠶ᠎ᠡ︾ ᠭᠡᠵᠤ  ᠬᠠᠯᠠᠭᠤᠮᠰᠤᠭ ᠢᠶᠠᠷ ᠶᠠᠷᠢᠭᠰᠠᠨ ᠬᠡᠳᠦᠨ ᠦᠭᠡ ᠨᠢ ᠬᠦᠮᠦᠨ ᠤ ᠭᠠᠵᠠᠷ ᠰᠠᠶ᠋ᠢᠬᠠᠨ ᠢᠷᠡᠭᠰᠡᠨ ᠰᠦᠰᠦᠲᠠᠢ ᠳᠤ ᠲᠤᠶᠢᠯ ᠎ ᠤᠨ ᠶᠡᠬᠡᠬᠡᠨ ᠵᠤᠷᠢᠭᠵᠢᠭᠤᠯᠤᠯ  ᠪᠤᠯᠪᠠ᠃           ᠰᠤᠮᠤᠨ ᠤ ᠤᠳᠤᠷᠢᠲᠤᠯᠭ᠎ᠠ ᠨᠠᠷ ᠨᠢ ᠲᠡᠭᠦᠨ ᠤ ᠤᠦᠯ ᠳᠠᠭᠠᠨ ᠠᠷᠠᠳ ᠤᠨ ᠶᠠᠪᠤᠳᠠᠯ ᠤᠨ ᠲᠤᠪᠴᠢᠶᠠᠨ ᠳᠤ ᠠᠵᠢᠯᠯᠠᠵᠤ ᠪᠠᠶᠢᠭᠰᠠᠨ ᠵᠡᠷᠭᠡ ᠠᠵᠢᠯ ᠮᠡᠷᠭᠡᠵᠢᠯ ᠎ ᠤᠨ ᠠᠪᠢᠶᠠᠰ ᠤᠨᠴᠠᠯᠢᠭ ᠲᠤᠨᠢ ᠲᠤᠬᠢᠷᠠᠭᠤᠯᠤᠨ ᠰᠤᠮᠤᠨ ᠤ ᠠᠷᠠᠳ ᠤᠨ ᠶᠠᠪᠤᠳᠠᠯ ᠤᠨ ᠺᠠᠳ᠋ᠷ ᠪᠤᠯᠭᠠᠵᠤ ︽ᠤᠷᠤᠭ ᠤᠨ ᠪᠠᠲᠤᠯᠠᠪᠤᠷᠢ  ︾  ᠂ ︽ᠶᠠᠳᠠᠭᠤ ᠬᠦᠴᠢᠷᠳᠡᠯ ᠲᠠᠢ ᠡᠷᠦᠬᠡ︾  ᠎ ᠶᠢᠨ ᠠᠵᠢᠯ ᠵᠡᠷᠭᠡ ᠶᠢ ᠪᠤᠳᠠᠳᠠᠢ ᠪᠠᠷ ᠬᠠᠮᠢᠶᠠᠷᠤᠭᠤᠯᠪᠠ᠃ ᠰᠤᠶᠤᠷᠬᠠᠯ ᠪᠠᠰᠠ ᠬᠦᠤ ᠰᠠᠨᠰᠠᠷ ᠢᠶᠠᠨ ᠰᠤᠮᠤᠨ ᠤ ᠮᠤᠩᠭᠤᠯ ᠰᠤᠷᠭᠠᠭᠤᠯᠢ ᠳᠤᠨᠢ ᠪᠢᠴᠢᠭ ᠦᠵᠡᠭᠦᠯᠵᠦ ᠡᠬᠡ ᠬᠡᠯᠡ ᠪᠠᠨ ᠰᠤᠷᠭᠠᠬᠤ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠨ ᠪᠠᠶᠢᠯ᠎ᠠ᠃     ᠡᠨᠡᠬᠦ ᠮᠠᠯᠵᠢᠬᠤ ᠰᠤᠮᠤ ᠨᠢ ᠬᠡᠳᠦᠶᠢᠪᠡᠷ ᠪᠤᠶᠢᠳᠠ ᠪᠦᠭᠯᠡᠭᠦᠤ ᠰᠢᠭ ᠭᠠᠵᠠᠷ ᠪᠤᠯᠪᠠᠴᠤ᠂ ᠠᠳᠡ ᠨᠤᠲᠤᠭ ᠪᠡᠯᠴᠢᠭᠡᠷ ᠠᠭᠤᠳᠠᠮ᠂ ᠠᠭᠤᠯᠠᠷᠬᠠᠭ ᠰᠢᠯᠢᠷᠬᠡᠭ ᠰᠤᠳᠤᠨ ᠨᠤᠳᠤᠭ ᠪᠠᠶᠢᠵᠦ ᠬᠤᠷ᠎ᠠ ᠪᠤᠷᠤᠭᠠᠨ ᠲᠡᠩᠴᠡᠭᠰᠡᠭᠡᠷ ᠦᠨᠡᠬᠡᠷ ᠴᠦ ᠮᠠᠯ ᠮᠠᠯᠵᠢᠬᠤ ᠳᠤ ᠰᠠᠶᠢᠬᠠᠨ ᠭᠠᠵᠠᠷ ᠪᠠᠶᠢᠯ᠎ᠠ᠃          ᠡᠷᠭᠢᠯᠳᠦᠬᠦ ᠪᠦᠮᠪᠦᠷᠴᠡᠭ ᠡᠭᠡᠯᠵᠢᠯᠡᠬᠦ ᠤᠯᠠᠷᠢᠯ ᠤᠨ ᠵᠢᠮ᠎ᠡ ᠪᠠᠷ ᠦᠵᠡᠵᠦ ᠪᠠᠶᠢᠲᠠᠯ᠎ᠠ ᠰᠦᠰᠦᠲᠠᠢ ᠰᠤᠶᠤᠷᠬᠠᠯ ᠤᠨ ᠬᠢᠨᠢ ᠡᠨᠡ ᠨᠤᠳᠤᠭ ᠲᠤ ᠠᠷᠪᠠᠨ ᠬᠡᠳᠦᠨ ᠵᠢᠯ ᠠᠮᠢᠳᠤᠷᠠᠵᠤ᠂ ᠶᠡᠷᠡᠨ ᠭᠤᠷᠪᠠᠨ ᠤᠨ ᠤ ᠵᠤᠨ ᠪᠤᠯᠬᠤ ᠳᠤ ᠰᠠᠨᠰᠡᠷ ᠨᠢ ᠴᠦ ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠪᠠᠨ ᠲᠡᠭᠦᠰᠭᠡᠭᠡᠳ ᠤᠷᠤᠨ ᠤ ᠲᠦᠪ ᠲᠤ ᠪᠠᠶᠢᠭ᠎ᠠ ᠨᠢᠭᠡᠨ ᠲᠤᠰᠬᠠᠢ ᠮᠡᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠭᠰᠠᠨ ᠪᠠᠶᠢᠪᠠ᠃     ᠭᠡᠬᠦ ᠳᠤ ᠬᠦᠮᠦᠨ ᠤ ᠰᠠᠨᠠᠭ᠎ᠠ ᠭᠡᠭᠴᠢ ᠶᠡᠷᠤ ᠠᠴᠠ ᠬᠠᠨᠤᠰᠢ ᠦᠭᠡᠢ ᠶᠢᠨ ᠵᠢᠮ᠎ᠡ ᠪᠠᠷ ᠰᠤᠶᠤᠷᠬᠠᠯ ᠴᠦ ᠮᠥᠨ ᠯᠠ ᠶᠡᠭᠡ ᠯᠠ ᠬᠠᠷᠠᠮᠰᠠᠵᠤ᠄ ︽ᠮᠢᠨᠤ ᠡᠨᠡ ᠬᠦᠤ ᠭᠡᠭᠴᠢ ᠲᠦᠷᠦᠯᠬᠢ ᠶᠢᠨ ᠴᠤᠪᠤᠭᠤ ᠰᠡᠷᠭᠦᠯᠡᠩ᠂ ᠤᠢ ᠪᠢᠯᠢᠭ ᠰᠠᠶᠢᠲᠠᠢ ᠬᠡᠦᠬᠡᠳ ᠪᠤᠯᠬᠤᠷ ᠬᠡᠷᠪᠡ ᠰᠤᠮᠤᠨ ᠤ ᠰᠤᠷᠭᠠᠭᠤᠯᠢ ᠳᠤ  ᠰᠠᠭᠤᠯᠭᠠᠭᠰᠠᠨ ᠦᠭᠡᠢ ᠪᠠᠷ ᠰᠢᠭᠤᠳ ᠬᠤᠰᠢᠭᠤ ᠪᠤᠶᠦ ᠠᠶᠢᠮᠠᠭ ᠲᠡᠭᠡᠷ᠎ᠡ ᠦᠵᠡᠭᠦᠯᠦᠭᠰᠡᠨ ᠪᠣᠯ ᠯᠠᠪᠲᠠᠢ ᠶᠡᠭᠡ ᠰᠤᠷᠭᠠᠭᠤᠯᠢ ᠶᠢᠨ ᠵᠢᠩᠭᠢᠨᠢ ᠠᠩᠭᠢ ᠶᠢᠨ ᠰᠤᠷᠤᠭᠴᠢ ᠪᠤᠯᠤᠨ᠎ᠠ  ᠁︾ ᠭᠡᠵᠤ ᠠᠭᠤᠯᠵᠠᠭᠰᠠᠨ ᠪᠤᠯᠭᠠᠨ ᠳᠤ ᠮᠠᠵᠤᠤᠯᠠᠨ ᠶᠠᠷᠢᠵᠦ ᠪᠠᠶᠢᠯ᠎ᠠ᠃     ᠬᠡᠳᠦᠨ ᠵᠢᠯ ᠤᠨ ᠲᠠᠷᠠᠭ᠎ᠠ ᠬᠦᠤ ᠰᠠᠨᠰᠠᠷ ᠨᠢ ᠠᠶᠢᠮᠠᠭ ᠤᠨ ᠲᠦᠪ ᠲᠤ ᠠᠵᠢᠯ ᠬᠤᠪᠢᠶᠠᠭᠳᠠᠨ ᠠᠯᠪᠠᠳᠠᠨ ᠪᠤᠯᠵᠦ ᠠᠶᠢᠯ ᠡᠷᠦᠬᠡ ᠪᠤᠯᠪᠠ᠃ ᠲᠡᠭᠦᠨ ᠤ ᠲᠠᠷᠠᠭ᠎ᠠ ᠤᠲᠤ ᠠᠴᠠ ᠲᠠᠪᠤᠨ ᠵᠢᠯ ᠤᠨ ᠡᠮᠦᠨ᠎ᠡ ᠰᠦᠰᠦᠲᠠᠢ ᠭᠤᠸᠠᠢ ᠴᠦ ᠠᠵᠢᠯ ᠤᠨ ᠠᠮᠠᠷᠠᠯᠲᠠ ᠪᠠᠨ ᠠᠪᠤᠪᠠ᠃ ᠲᠡᠷᠡ ᠭᠤᠸᠠᠢ ᠮᠢᠨᠢ ᠲᠡᠭᠡᠭᠡᠳ ᠯᠠ ᠰᠡᠳᠭᠢᠯ ᠲᠠᠭᠠᠷᠠᠭᠰᠠᠨ ᠪᠦᠰᠡᠭᠦᠢ ᠲᠠᠢ᠂ ᠰᠠᠨᠠᠭ᠎ᠠ ᠨᠡᠶᠢᠯᠡᠭᠰᠡᠨ ᠭᠡᠤᠭᠡᠳ ᠲᠠᠢ ᠡᠶᠢᠮᠦ ᠯᠠ ᠨᠢᠭᠡᠨ ᠵᠤᠯ ᠵᠢᠷᠭᠠᠯᠲᠠᠢ ᠭᠡᠷ ᠪᠦᠯᠢ ᠳᠡᠭᠡᠨ ᠲᠠᠭᠠᠲᠠᠢ ᠰᠠᠶᠢᠬᠠᠨ ᠠᠮᠢᠲᠤᠷᠠᠵᠤ ᠪᠠᠶᠢᠲᠠᠯ᠎ᠠ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ ᠮᠠᠭᠤ ᠢᠷᠸ᠎ᠠ ᠶᠢᠨ ᠤᠴᠢᠷ ᠪᠠᠰᠠ ᠭᠡᠨᠡᠳᠲᠡ ᠲᠠᠭᠠᠷᠠᠵᠤ ᠰᠤᠶᠤᠷᠬᠠᠯ ᠰᠠᠮᠠᠭᠠᠨ ᠲᠦᠷᠭᠡᠨ ᠡᠪᠡᠳᠴᠢᠨ ᠢᠶᠠᠷ ᠲᠠᠯᠢᠢᠭᠴᠢ ᠪᠤᠯᠪᠠ᠃         ᠦᠯᠡᠳᠡᠭᠰᠡᠨ ᠬᠦᠮᠦᠨ ᠨᠢ ᠦᠩᠭᠡᠷᠡᠭᠰᠡᠨ ᠬᠦᠮᠦᠨ ᠤ ᠬᠤᠶᠢᠨ᠎ᠠ ᠠᠴᠠ ᠦᠬᠦᠵᠦ ᠪᠤᠯᠳᠠᠭ ᠦᠭᠡᠢ ᠶᠢᠨ ᠵᠢᠮ᠎ᠡ ᠪᠠᠷ ᠡᠪᠦᠭᠡᠨ ᠤ ᠬᠦᠤ ᠪᠡᠷᠢ ᠨᠢ ᠠᠪᠤ ᠪᠠᠨ ᠬᠤᠰᠢᠭᠤᠨ ᠲᠦᠪ ᠲᠤ ᠨᠡᠭᠦᠯᠭᠡᠵᠦ᠂ ᠲᠠᠯᠠᠭᠠᠳ ᠲᠦᠷᠪᠡᠯᠵᠢᠨ ᠮᠧᠲᠷ ᠤᠨ ᠬᠤᠶᠠᠳᠤᠭᠠᠷ ᠲᠠᠪᠬᠤᠷᠯᠢᠭ ᠤᠨ ᠠᠰᠠᠷ ᠬᠤᠳᠠᠯᠳᠤᠨ ᠠᠪᠴᠤ ᠦᠭᠭᠦᠭᠰᠡᠨ ᠪᠠᠶᠢᠵᠠᠢ᠃ ᠨᠢᠲᠤᠨᠤᠨ ᠴᠠᠭᠠᠨ ᠰᠠᠷ᠎ᠠ ᠬᠦᠤ ᠨᠢ ᠡᠴᠢᠭᠡ ᠳᠡᠭᠡᠨ ᠨᠢᠭᠡ ᠶᠡᠬᠡᠬᠡᠨ ᠨᠢᠭᠤᠷ ᠲᠠᠢ᠂ ᠰᠢᠨ᠎ᠡ ᠮᠠᠶ᠋ᠢᠭ ᠤᠨ ᠭᠠᠷ ᠤᠳᠠᠰᠤ ᠠᠪᠴᠤ ᠦᠭᠭᠦᠭᠰᠡᠨ ᠪᠦᠭᠡᠳ ᠸᠢᠴᠠᠲ ᠲᠠᠭᠠᠷᠠᠭᠤᠯᠤᠨ᠂ ᠬᠡᠷᠡᠭᠴᠡᠭᠡ ᠴᠢᠳᠠᠮᠵᠢ ᠶᠢ ᠨᠢ  ᠪᠦᠷᠢᠨ ᠵᠢᠭᠠᠵᠤ ᠦᠭᠴᠠᠢ᠃ ᠰᠦᠰᠦᠲᠠᠢ ᠭᠤᠸᠠᠢ ᠴᠦ ᠭᠡᠰᠡᠨ ᠪᠢᠴᠢᠭ ᠰᠤᠶᠤᠯ ᠲᠠᠢ ᠮᠦᠷᠳᠡᠬᠡᠨ ᠠᠵᠢᠯ ᠠᠯᠪᠠ ᠎ ᠲᠠᠢ ᠶᠠᠪᠤᠭᠰᠠᠨ ᠬᠦᠮᠦᠨ ᠪᠤᠯᠬᠤᠷ ᠰᠢᠨ᠎ᠡ ᠰᠡᠪᠡᠭᠦᠨ ᠶᠠᠭᠤᠮ᠎ᠠ ᠶᠢ ᠰᠤᠷᠬᠤ ᠨᠢ ᠠᠮᠠᠷᠬᠠᠨ ᠪᠠᠶᠢᠵᠦ᠂ ᠲᠡᠮᠡᠢ ᠤᠳᠠᠯ ᠦᠭᠡᠢ ᠸᠢᠴᠠᠲ ᠲᠡᠭᠡᠷ᠎ᠡ ᠪᠠᠨ ︽ᠲᠦᠷᠦᠯ ᠰᠠᠲᠤᠨ ᠤ ᠴᠤᠭᠯᠠᠷᠠᠯ︾᠂ ︽ᠨᠠᠶᠢᠵᠢ ᠨᠦᠭᠦᠳ ᠤᠨ ᠴᠤᠭᠯᠠᠷᠠᠯ︾᠂ ︽ᠪᠠᠶᠢᠭᠤᠯᠤᠯᠭ᠎ᠠ ᠶᠢᠨ ᠠᠵᠢᠯᠲᠠᠳ ᠤᠨ ᠴᠤᠭᠯᠠᠷᠠᠯ︾  ᠎ ᠢᠶᠠᠷ ᠡᠳᠦᠷᠵᠢᠨ ᠵᠤᠭᠠᠴᠠᠨ ᠲᠤᠭᠤᠷᠢᠬᠤ ᠶᠢᠨ ᠬᠠᠮᠲᠤ᠂ ᠰᠦᠯᠵᠢᠶᠡᠨ ᠲᠡᠭᠡᠷ᠎ᠡ ᠠᠴᠠ ᠤᠯᠵᠤ ᠦᠵᠡᠭᠰᠡᠨ ᠰᠢᠨ᠎ᠡ ᠴᠢᠮᠡᠭᠡ᠂ ᠰᠤᠨᠢᠨ ᠰᠤᠨᠤᠰᠬᠠᠯ  ᠎ ᠢᠶᠠᠨ ᠦᠶ᠎ᠡ ᠬᠤᠷᠠᠭ ᠤᠨ ᠡᠪᠦᠭᠡᠳ ᠡᠮᠡᠭᠡᠳ ᠎ ᠲᠤ ᠰᠤᠨᠤᠷᠳᠠᠭᠤᠯᠤᠨ ᠭᠠᠶᠢᠬᠠᠭᠤᠯᠳᠠᠭ ᠪᠤᠯᠵᠠᠢ᠃           ᠭᠡᠬᠦ ᠳᠤ᠂ ᠰᠦᠰᠦᠲᠠᠢ ᠡᠪᠦᠭᠡᠨ᠂ ᠬᠦᠭᠰᠢᠨ ᠢᠶᠠᠨ ᠨᠠᠰᠤ ᠪᠠᠷᠠᠭᠰᠠᠨ ᠠᠴᠠ ᠬᠤᠶᠢᠰᠢ ᠡᠳᠦᠵᠢᠨ ᠭᠠᠭᠴᠠᠭᠠᠷ ᠢᠶᠠᠨ ᠠᠮᠢᠳᠤᠷᠠᠵᠦ ᠲᠤᠶᠢᠯ ᠤᠨ ᠭᠠᠭᠴᠠᠭᠠᠷᠳᠠᠮᠠᠯ ᠢᠶᠠᠷ ᠰᠢᠷ᠎ᠠ ᠡᠳᠦᠷ ᠪᠤᠷᠤ ᠬᠤᠨᠤᠭ ᠢ ᠤᠶᠢᠳᠬᠠᠷ  ᠎ ᠲᠠᠢ ᠦᠩᠭᠡᠷᠡᠭᠦᠯᠦᠨ ᠰᠦᠨᠢᠵᠢᠨ ᠭᠤᠶ᠎ᠠ ᠪᠠᠨ ᠲᠡᠪᠡᠷᠢᠨ ᠭᠤᠩᠰᠤᠶᠢᠵᠤ ᠤᠨᠳᠠᠬᠤ ᠨᠢ ᠲᠡᠭᠦᠨ ᠎ ᠳᠤ ᠶᠠᠮᠠᠷ ᠴᠦ ᠤᠳᠬ᠎ᠠ ᠠᠭᠤᠯᠭ᠎ᠠ ᠦᠭᠡᠢ᠂ ᠠᠮᠳᠠ ᠰᠢᠮᠳᠡ ᠦᠭᠡᠢ ᠰᠠᠨᠠᠭᠳᠠᠪᠠ᠃ ᠲᠡᠷᠡ ᠭᠤᠸᠠᠢ ᠪᠠᠰᠠ ᠶᠠᠭᠠᠬᠢᠯ᠎ᠠ ᠴᠦ ᠭᠡᠰᠡᠨ ᠨᠢᠭᠡ ᠨᠠᠰᠤ ᠨᠠᠮᠪᠠ᠂ ᠠᠵᠤ ᠠᠮᠢᠳᠤᠷᠠᠯᠭ᠎ᠠ ᠲᠤᠬᠢᠷᠠᠭᠰᠠᠨ ᠬᠠᠨᠢ ᠡᠷᠢᠶ᠎ᠡ ᠭᠡᠵᠤ ᠶᠡᠬᠡᠲᠡ ᠪᠤᠳᠤᠳᠠᠭ ᠪᠤᠯᠪᠠᠴᠤ ᠬᠦᠤ ᠪᠡᠷᠢ ᠠᠴᠠ ᠪᠠᠨ ᠠᠶᠤᠭᠠᠳ ᠬᠡᠯᠡᠬᠦ ᠵᠤᠷᠢᠭ ᠦᠭᠡᠢ ᠪᠠᠶᠢᠯ᠎ᠠ᠃ ᠰᠦᠰᠦᠲᠠᠢ ᠭᠤᠸᠠᠢ ᠡᠨᠡ ᠲᠡᠷᠡ ᠤᠯᠠᠨ ᠤᠴᠢᠷ ᠢ ᠡᠷᠭᠢᠴᠡᠭᠦᠯᠦᠨ ᠬᠤᠷᠳᠤᠯᠠᠨ ᠠᠯᠬᠤᠭᠰᠠᠭᠠᠷ ᠤᠳᠠᠯ ᠦᠭᠡᠢ ᠭᠡᠷ ᠲᠡᠭᠡᠨ ᠢᠷᠡᠴᠢᠭᠡᠪᠡ᠃           ᠲᠡᠷᠡ ᠭᠤᠸᠠᠢ ᠨᠢᠲᠤᠨ ᠰᠢᠯ ᠢᠶᠠᠨ ᠵᠡᠭᠦᠵᠦ ᠦᠨᠦᠬᠢ ᠭᠤᠶᠦ ᠪᠦᠰᠡᠭᠦᠢ ᠶᠢᠨ ᠸᠢᠴᠠᠲ ᠲᠡᠭᠡᠷ᠎ᠡ ᠪᠠᠨ ᠲᠠᠯᠪᠢᠭᠰᠠᠨ ᠰᠡᠭᠦᠳᠡᠷ ᠢ ᠨᠢ ᠪᠠᠶᠢᠨ ᠲᠠᠬᠢᠨ ᠬᠡᠲᠦ ᠤᠳᠠᠭ᠎ᠠ ᠰᠢᠨᠵᠢᠭᠡᠳ ᠰᠢᠷᠠᠪᠲᠤᠷ ᠮᠠᠷᠢᠶᠠᠯᠢᠭ ᠴᠢᠷᠠᠢ ᠳᠠᠭᠠᠨ ᠪᠠᠬ᠎ᠠ ᠨᠢ ᠬᠠᠨᠤᠭᠰᠠᠨ ᠮᠦᠰᠢᠶᠡᠯ ᠲᠤᠳᠤᠷᠠᠭᠤᠯᠤᠨ ᠰᠡᠳᠭᠢᠯ ᠬᠠᠨᠤᠮᠵᠢᠲᠠᠶᠢᠬᠠᠨ ᠭᠡᠭᠴᠢ ᠪᠠᠷ ᠦᠨᠦᠬᠢ ︽ᠴᠠᠰᠤ ᠴᠠᠭᠠᠨ ᠭᠦᠩᠵᠦ︾᠎ ᠶᠢᠨ ᠨᠠᠶᠢᠵᠢ ᠪᠤᠯᠬᠤ ᠪᠠᠷ ᠡᠷᠡᠮᠡᠯᠵᠡᠭᠰᠡᠨ ᠢ ᠨᠢ ᠵᠦᠪᠰᠢᠶᠡᠷᠡᠬᠦ ᠴᠢᠳᠠᠮᠵᠢ ᠪᠠᠨ ᠡᠪᠲᠠᠶᠢᠬᠡᠨ ᠭᠡᠭᠴᠢ ᠲᠠᠷᠤᠵᠤ ᠪᠢᠯᠠ᠃ ᠲᠡᠮᠡᠢ ᠨᠢᠭᠡ ᠮᠢᠨᠦ᠋ᠲ ᠴᠦ ᠪᠤᠯᠤᠯ ᠦᠭᠡᠢ ᠪᠠᠷ ᠬᠠᠷᠢᠭᠤ ᠴᠠᠬᠢᠮ ᠢᠷᠡᠭᠦᠯᠵᠤ᠄ ︽ᠰᠠᠶᠢᠬᠠᠨ ᠪᠦᠬᠦᠨ ᠤ ᠡᠬᠢᠯᠡᠯ ᠰᠢᠨ᠎ᠡ ᠦᠷᠯᠦᠭᠡ ᠪᠠᠶᠢᠳᠠᠭ ᠪᠣᠯ ᠰᠠᠶᠢᠨ ᠢᠶᠠᠷ ᠡᠬᠢᠯᠡᠭᠦᠯᠬᠦ ᠬᠦᠮᠦᠨ ᠨᠢ ᠲᠠ ᠦᠪᠡᠷ ᠢᠶᠠᠨ ᠪᠠᠶᠢᠳᠠᠭ  ᠂ ᠮᠤᠩᠭᠤᠯ ᠠᠬ᠎ᠠ ᠳᠠᠭᠠᠨ ᠦᠷᠯᠦᠭᠡ ᠶᠢᠨ ᠮᠡᠨᠲᠦ ᠬᠦᠷᠭᠡᠶ᠎ᠡ᠂ ᠡᠳᠦᠷ ᠪᠤᠯᠭᠠᠨ ᠠᠵᠠ ᠬᠡᠶᠢᠮᠤᠷᠢ ᠲᠠᠢ ᠪᠤᠯᠬᠤ ᠪᠤᠯᠲᠤᠭᠠᠢ ︾ ᠭᠡᠬᠦ ᠠᠮᠤᠷ ᠮᠡᠨᠲᠦ ᠶᠢ ᠨᠢ ᠠᠰᠠᠭᠤᠭᠰᠠᠨ ᠴᠠᠬᠢᠮ ᠴᠢᠮᠡᠭᠡ ᠢᠷᠡᠭᠦᠯᠦᠭᠰᠡᠨ ᠪᠠᠶᠢᠪᠠ᠃ ᠡᠷᠡᠴᠤᠤᠯ ᠳᠤ ᠪᠦᠰᠡᠭᠦᠢ ᠬᠦᠮᠦᠨ ᠤ ᠬᠠᠯᠠᠮᠵᠢᠯᠠᠯ ᠶᠡᠭᠡ ᠴᠢᠬᠤᠯᠠ  ᠪᠠᠶᠢᠳᠠᠭ ᠤᠨ ᠵᠢᠮ᠎ᠡ ᠪᠠᠷ ᠡᠪᠦᠭᠡᠨ ᠭᠤᠸᠠᠢ ᠡᠨᠡ ᠬᠡᠳᠦᠬᠡᠨ ᠬᠠᠯᠠᠭᠤᠮᠰᠤᠭ ᠦᠭᠡᠨ ᠳᠤᠨᠢ ᠰᠡᠳᠬᠢᠯ ᠪᠦᠯᠢᠶᠡᠰᠦᠭᠰᠡᠨ ᠢ ᠶᠠᠭᠠᠬᠢᠨ ᠲᠦᠷᠰᠦᠯᠡᠬᠦ ᠠᠵᠠᠢ᠃ ᠲᠡᠷᠡᠬᠡᠨ ᠵᠠᠭᠤᠷ᠎ᠠ ᠶᠠᠮᠠᠷ ᠨᠢᠭᠡᠨ ᠨᠢᠭᠤᠴᠠ ᠶᠠᠭᠤᠮ᠎ᠠ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠢ ᠨᠢ ᠲᠦᠷᠡᠯᠵᠡᠭᠦᠯᠵᠦ᠂ ᠬᠠᠮᠤᠭ ᠪᠡᠶ᠎ᠡ ᠳᠤ ᠨᠢ ᠭᠠᠯ ᠨᠤᠴᠤᠭᠰᠠᠨ ᠰᠢᠭ᠋ ᠬᠠᠯᠠᠭᠤ ᠤᠷᠭᠢᠪᠠ᠃ ᠰᠦᠰᠦᠲᠠᠢ ᠭᠤᠸᠠᠢ ᠨᠠᠷᠠ ᠰᠢᠭ᠋ ᠴᠢᠷᠠᠶᠢᠯᠠᠵᠤ ᠨᠢᠭᠡ ᠯᠠ ᠰᠠᠶᠢᠬᠠᠨ ᠢᠨᠢᠶᠡᠴᠢᠭᠡᠭᠰᠡᠨ ᠢᠶᠠᠨ᠄ ︽ᠠᠶ᠎ᠠ᠂ ᠡᠨᠡ ᠴᠢᠨᠢ ᠬᠡᠨ ᠭᠡᠳᠡᠭ ᠪᠤᠢ︖ ᠬᠠᠮᠢᠭᠠᠬᠢ ᠬᠦᠮᠦᠨ ᠪᠤᠯᠴᠢᠬᠠᠪᠠ︖ ᠡᠨᠡ ᠭᠡᠭᠴᠢ  ᠯᠠᠪ ᠨᠢᠭᠡᠨ ᠲᠦᠯᠭᠡᠴᠢ ᠪᠠᠭᠰᠢᠲᠠᠨ ᠴᠦ ᠪᠤᠯᠪᠠ ᠤᠤ︖ ᠮᠢᠨᠤ ᠮᠤᠩᠭᠤᠯ ᠬᠦᠮᠦᠨ ᠭᠡᠳᠡᠭ ᠢ ᠶᠠᠭᠠᠬᠢᠨ ᠮᠡᠳᠡᠭᠰᠡᠨ ᠪᠤᠢ︖ ᠪᠠᠰᠠ ᠬᠦᠨᠳᠦᠯᠡᠯ ᠢᠶᠠᠨ ᠠᠬ᠎ᠠ ᠪᠤᠯᠭᠠᠨ ᠲᠠᠭᠤᠳᠠᠪᠠ᠂ ᠡᠨᠡ ᠶᠤᠰᠤᠲᠠᠢ ᠰᠠᠶᠢᠬᠠᠨ  ᠶᠠᠭᠤᠮᠠᠨ ᠳᠤ ᠰᠠᠶᠢᠪᠤᠷ ᠵᠢᠷᠤᠭ᠎ᠠ ᠭᠡᠭᠴᠢ ᠪᠤᠯᠵᠠᠢ  ᠁︾ ᠬᠡᠮᠡᠨ‌ᠦᠯᠦ ᠰᠤᠨᠤᠰᠳᠠᠮ᠎ᠠ ᠦᠭᠦᠯᠡᠭᠰᠡᠭᠡᠷ᠄ ︽ᠬᠠᠷᠢᠭᠤ ᠶᠠᠭᠤ ᠬᠡᠯᠡᠬᠦ ᠪᠢᠯᠠ︖︾ ᠭᠡᠵᠤ ᠭᠡᠰᠡᠭ ᠪᠤᠲᠤᠯᠬᠢᠯᠠᠬᠰᠠᠨ ᠢᠶᠠᠨ ᠡᠯᠳᠡᠪ ᠶᠠᠭᠤᠮ᠎ᠠ ᠶᠠᠷᠢᠵᠤ ᠦᠨᠦᠬᠢ ᠭᠤᠶᠦ ᠪᠦᠰᠡᠭᠦᠢ ᠳᠤ ᠭᠤᠯᠤᠭᠳᠠᠬᠤ ᠠᠴᠠ ᠪᠠᠨ ᠬᠡᠴᠢᠶᠡᠨ ᠡᠪᠲᠡᠶᠢᠬᠡᠨ ᠤᠬᠠᠭᠠᠯᠢᠭ ᠬᠡᠳᠦᠨ ᠦᠭᠡ ᠪᠤᠳᠤᠨ ᠤᠯᠵᠤ᠄ ︽ᠪᠠᠶᠠᠷᠯᠠᠯ᠎ᠠ᠂ ᠬᠠᠷᠢᠭᠤ ᠮᠡᠨᠳᠤ ᠬᠦᠷᠭᠡᠶ᠎ᠡ᠂ ᠡᠷᠬᠢᠮ ᠲᠡᠭᠦᠤᠲᠠᠢ ᠲᠠᠨ ᠤ ᠶᠢᠰᠤᠨ ᠴᠠᠭᠠᠨ ᠬᠦᠰᠡᠯ ᠴᠢᠨᠢ ᠪᠡᠶᠡᠯᠡᠭᠳᠡᠬᠦ ᠪᠤᠯᠳᠤᠭᠠᠢ ᠁︾ ᠭᠡᠰᠡᠨ ᠬᠠᠷᠢᠭᠤ ᠴᠢᠮᠡᠭᠡ ᠶᠠᠪᠤᠭᠤᠯᠤᠭᠠᠳ ᠶᠠᠭ ᠯᠠ ᠬᠡᠰᠡᠭ ᠰᠢᠬᠢᠷ ᠤᠯᠵᠤ ᠡᠮᠬᠦᠭᠰᠡᠨ ᠭᠡᠤᠭᠡᠳ ᠰᠢᠭ ᠪᠠᠶᠠᠰᠴᠤ᠄ ︽ᠡᠨᠡ ᠴᠦ ᠶᠤᠰᠤᠲᠠᠢ ᠨᠢᠭᠡᠨ ᠶᠠᠷᠢᠶ᠎ᠠ ᠬᠦᠬᠡᠷᠦᠬᠡ ᠲᠠᠢ᠂ ᠲᠤᠷᠭ᠎ᠠ ᠲᠤᠷᠲᠤᠩ ᠰᠢᠭ᠋ ᠡᠶᠡᠯᠳᠡᠭ ᠵᠦᠭᠡᠯᠡᠨ ᠵᠠᠩᠲᠠᠢ ᠵᠢᠩᠭᠢᠨᠢ ᠨᠡᠷ᠎ᠡ ᠨᠡᠷᠡᠶᠢᠳᠤᠯ ᠳᠡᠭᠡᠨ ᠲᠤᠬᠢᠷᠠᠭᠰᠠᠨ ᠴᠠᠰᠤ ᠴᠠᠭᠠᠨ ᠭᠦᠩᠵᠦ ᠡ᠂ ᠡᠪᠦᠭᠡᠨ ᠠᠬ᠎ᠠ ᠨᠢ ᠴᠢᠮ᠎ᠠ ᠲᠠᠢ ᠨᠠᠶᠢᠵᠢ ᠪᠤᠯᠤᠯᠴᠠᠭᠰᠠᠨ ᠳᠠᠭᠠᠨ ᠵᠡᠭᠦᠲᠦ ᠪᠠᠷ ᠢᠶᠠᠨ ᠪᠠᠶᠠᠷᠯᠠᠵᠤ ᠪᠠᠶᠢᠬᠤ ᠪᠢᠰᠢ ᠰᠢᠤ᠂ ᠬᠠᠷᠢᠨ ᠵᠢᠷᠦᠬᠡᠨ ᠤᠭ ᠠᠴᠠ ᠪᠠᠨ ᠤᠮᠤᠭᠰᠢᠨ ᠵᠤᠷᠢᠭᠵᠢᠵᠦ ᠪᠠᠶᠢᠬᠤ ᠨᠢ ᠡᠨᠡ ᠡ ᠁︾ ᠭᠡᠵᠤ ᠠᠮᠠᠨ ᠳᠠᠭᠠᠨ ᠲᠦᠳᠦᠨᠡᠭᠰᠡᠭᠡᠷ ᠯᠤᠩᠬᠤ ᠲᠠᠢ ᠪᠠᠨ ᠭᠠᠷᠭᠠᠨ ᠬᠡᠮᠨᠡᠵᠦ᠂ ᠬᠤᠨᠳᠠᠭ᠎ᠠ ᠲᠠᠢ ᠠᠷᠢᠬᠢ ᠪᠠᠨ ᠪᠠᠭ᠎ᠠ ᠪᠠᠭ᠎ᠠ  ᠎ ᠪᠠᠷ ᠪᠠᠯᠭᠤᠵᠤ᠂ ᠠᠶᠠᠭ᠎ᠠ ᠲᠠᠢ ᠴᠠᠢ ᠪᠠᠨ ᠠᠭᠠᠵᠢᠮ ᠠᠭᠠᠵᠢᠮ ᠢᠶᠠᠷ ᠤᠭᠤᠴᠢᠵᠤ ᠰᠠᠭᠤᠬᠤ ᠳᠠᠭᠠᠨ ᠡᠮᠡᠭᠡᠨ ᠠᠴᠠ ᠪᠠᠨ ᠬᠤᠶᠢᠰᠢ ᠡᠬᠡᠨᠠᠷ ᠬᠦᠮᠦᠨ ᠤ ᠬᠠᠶᠢᠷ᠎ᠠ ᠬᠠᠯᠠᠮᠵᠢ ᠶᠢ ᠨᠢᠭᠡ ᠤᠳᠠᠭ᠎ᠠ ᠴᠦ ᠤᠯᠵᠤ ᠬᠦᠷᠳᠡᠭᠰᠡᠨ ᠦᠭᠡᠢ ᠪᠠᠷ ᠤᠶᠢᠳᠬᠠᠷᠲᠠᠢ ᠭᠠᠭᠴᠠᠭᠠᠷᠳᠠᠮᠠᠯ ᠢᠶᠠᠷ ᠦᠩᠭᠡᠷᠡᠭᠦᠯᠦᠭᠰᠡᠨ ᠡᠲᠦᠷ ᠬᠤᠨᠤᠭ ᠤᠳ ᠨᠢ ᠦᠪᠡᠷ ᠤᠨ ᠡᠷᠬᠡ ᠦᠭᠡᠢ ᠰᠡᠳᠬᠢᠯ ᠰᠡᠷᠡᠯ ᠤᠨ ᠴᠡᠭᠡᠨ ᠬᠦᠰᠢᠭᠡᠨ ᠳᠤᠨᠢ ᠲᠤᠳᠤᠷᠠᠨ᠎ᠠ᠃     ᠬᠤᠶᠠᠷ ᠵᠢᠯ ᠤᠨ ᠡᠮᠦᠨᠡᠬᠢ ᠨᠢᠭᠡᠨ ᠡᠳᠦᠷ ᠲᠡᠭᠦᠨ ᠤ ᠰᠠᠶᠢᠨ ᠨᠠᠶᠢᠵᠢ ᠨᠢ ᠪᠤᠯᠬᠤ ᠬᠤᠳᠠᠯᠠ ᠭᠤᠸᠠᠢ ᠦᠪᠡᠷ ᠤᠨ ᠢᠶᠠᠨ ᠬᠤᠯᠠ ᠶᠢᠨ ᠲᠦᠷᠦᠯ ᠪᠤᠯᠬᠤ ᠲᠤᠳᠤᠶᠢᠯᠠᠢ ᠭᠡᠳᠡᠭ ᠨᠡᠷ᠎ᠡ ᠲᠠᠢ ᠲᠠᠪᠢᠨ ᠭᠤᠷᠪᠠᠲᠠᠢ ᠪᠠᠯᠪᠠᠰᠤᠨ ᠡᠬᠡᠨᠠᠷ ᠢ ᠲᠠᠨᠢᠯᠴᠠᠭᠤᠯᠵᠦ ᠥᠭᠴᠡᠢ᠃ ᠲᠡᠷᠡ ᠭᠤᠸᠠᠢ ᠬᠤᠳᠠᠯᠠ ᠡᠪᠦᠭᠡᠨ ᠤ ᠢᠳᠬᠠᠯᠭ᠎ᠠ ᠲᠠᠨᠢᠯᠴᠠᠭᠤᠯᠭ᠎ᠠ ᠪᠠᠷ ᠦᠨᠦᠬᠢ ᠲᠤᠳᠤᠶᠢᠯᠠᠢ ᠭᠡᠳᠡᠭ ᠪᠦᠰᠡᠭᠦᠢ ᠲᠠᠢ ᠠᠭᠤᠯᠵᠠᠭᠰᠠᠨ ᠪᠠᠶᠢᠵᠠᠢ᠃ ᠲᠡᠷᠡ ᠪᠦᠰᠡᠭᠦᠢ ᠭᠡᠭᠴᠢ ᠠᠵᠢᠯ ᠠᠮᠢᠳᠤᠷᠠᠯ ᠳᠠᠭᠠᠨ ᠴᠢᠩᠭ᠎ᠠ ᠨᠢᠮᠪᠠᠢ ᠬᠦᠮᠦᠨ ᠪᠢᠰᠢ ᠮᠦᠷᠲᠡᠬᠡᠨ ᠦᠢᠯᠡ ᠤᠶᠤᠳᠠᠯ ᠳᠠᠭᠠᠨ ᠴᠦ ᠠᠨᠠᠢ ᠬᠦᠮᠦᠨ ᠠᠵᠠᠢ᠃ ᠬᠠᠷᠢᠨ ᠲᠡᠭᠦᠨ ᠲᠠᠢ ᠠᠭᠤᠯᠵᠠᠮᠠᠭᠴᠠ ᠨᠢᠲᠦ ᠬᠦᠮᠦᠰᠭᠡ ᠭᠦᠶᠦᠯᠭᠡᠵᠦ ᠮᠦᠰᠢᠶᠡᠳᠦ ᠲᠤᠨᠤᠯᠵᠠᠭᠤᠯᠤᠨ ᠨᠢᠭᠡ ᠯᠠ ᠤᠨᠲᠤᠤ ᠴᠢᠷᠠᠶᠢᠯᠠᠬᠤ ᠳᠤᠨᠢ ᠰᠦᠰᠦᠲᠠᠢ ᠭᠤᠸᠠᠢ ᠲᠤᠳᠤᠷ᠎ᠠ ᠪᠠᠨ ᠲᠤᠭᠠᠲᠠᠢ ᠪᠤᠯᠵᠦ᠄ ︽ᠡᠨᠡ ᠪᠦᠰᠡᠭᠦᠢ ᠲᠠᠢ ᠰᠠᠭᠤᠴᠢᠬᠠᠪᠠᠯ ᠬᠦᠤ ᠪᠡᠷᠢ ᠲᠠᠢ ᠪᠠᠨ ᠮᠠᠭᠤᠳᠠᠯᠴᠠᠵᠤ᠂ ᠬᠠᠮᠤᠭ ᠠᠮᠢᠲᠠᠨ ᠤ ᠡᠯᠡᠭ ᠲᠤᠭᠤᠬᠢ ᠪᠤᠯᠬᠤ ᠨᠢ ᠲᠡᠷᠡ ᠁  ︾ ᠭᠡᠵᠤ ᠪᠡᠶ᠎ᠡ ᠰᠡᠳᠬᠢᠯ ᠢᠶᠠᠨ ᠴᠢᠩᠭ᠎ᠠ ᠪᠠᠷᠢᠭᠠᠳ ᠤᠶᠢᠷᠠᠳᠴᠤ ᠴᠢᠳᠠᠭᠰᠠᠨ ᠦᠭᠡᠢ ᠪᠠᠶᠢᠯ᠎ᠠ᠂ ᠭᠡᠬᠦ ᠳᠤ᠂ ᠬᠤᠳᠠᠯᠠ ᠡᠪᠦᠭᠡᠨ ᠲᠡᠭᠦᠨ ᠳᠤ ᠠᠷᠭ᠎ᠠ ᠵᠢᠭᠠᠵᠤ᠄ ︽ᠴᠢ ᠬᠡᠮᠡᠭᠴᠢ ᠬᠠᠶᠢᠷ᠎ᠠ ᠪᠠᠷ ᠲᠡᠩᠴᠢ ᠬᠡᠴᠡᠭᠦᠤ ᠭᠠᠩᠳᠠᠵᠤ ᠪᠠᠶᠢᠮᠤᠢ᠂ ᠴᠢ ᠲᠤᠳᠤᠶᠢᠯᠠᠢ ᠶᠢ ᠡᠬᠡᠨᠡᠷ ᠢᠶᠠᠨ ᠪᠤᠯᠭᠠᠵᠤ ᠤᠷᠤᠭ ᠤᠨ ᠪᠠᠳᠤᠯᠠᠪᠤᠷᠢ ᠪᠠᠨ ᠠᠪᠴᠤ ᠰᠠᠭᠤᠬᠤ ᠦᠭᠡᠢ ᠴᠦ ᠭᠡᠰᠡᠨ ᠲᠦᠷ ᠵᠠᠭᠤᠷ᠎ᠠ ᠎ ᠶᠢᠨ ᠠᠪᠠᠭᠠᠢ ᠪᠤᠯᠭᠠᠨ ᠠᠩ ᠳᠤ ᠮᠤᠷᠳᠠᠵᠦ᠂ ᠤᠳᠠᠭ᠎ᠠ ᠪᠦᠷᠢ ᠶᠢᠨ ᠵᠤᠭᠤᠰ ᠢᠶᠠᠨ ᠲᠤᠰᠢᠶᠠᠭᠠᠳ ᠯᠠ ᠭᠠᠩ ᠢᠶᠠᠨ ᠲᠠᠶᠢᠯᠤᠨ᠎ᠠ ᠪᠠ ᠳ᠋ᠠ᠂ ᠦᠪᠡᠷ ᠤᠨ ᠠᠮᠢᠲᠤᠷᠠᠯ ᠎ ᠢᠶᠠᠨ ᠪᠠᠰᠠ ᠲᠤᠬᠢᠷᠠᠭᠤᠯᠵᠤ ᠴᠢᠳᠠᠬᠤ ᠦᠭᠡᠢ ᠦᠨᠡᠬᠡᠷ ᠴᠦ ᠪᠢᠳᠠᠭᠤ ᠮᠤᠩᠬᠠᠭ ᠬᠦᠮᠦᠨ ᠡ ᠁︾ ᠬᠡᠮᠡᠨ ᠤᠬᠠᠭᠠᠯᠢᠭ ᠭᠡᠭᠴᠢ ᠰᠠᠨᠠᠭᠤᠯᠬᠤ ᠳᠤᠨᠢ᠂ ᠰᠦᠰᠦᠲᠠᠢ ᠭᠤᠸᠠᠢ ᠴᠦ ︽ᠭᠤᠤᠯ ᠨᠢ ᠲᠠᠰᠤᠷᠠᠬᠤ ᠦᠭᠡᠢ ᠪᠣᠯ ᠭᠤᠷᠢ ᠨᠢ ᠲᠠᠰᠤᠷᠠᠬᠤ ᠦᠭᠡᠢ︾ ᠭᠡᠳᠡᠭ ᠨᠢ ᠪᠤᠯᠤᠭᠠᠳ ᠵᠠᠷᠯᠢᠭ ᠲᠠᠭᠠᠵᠤ  ᠬᠤᠶᠠᠳᠠᠬᠢ ᠤᠳᠠᠭ᠎ᠠ ᠪᠠᠯᠪᠠᠰᠤᠨ ᠪᠦᠰᠡᠭᠦᠢ ᠲᠤᠳᠤᠶᠢᠯᠠᠢ ᠶᠢ ᠡᠷᠢᠵᠦ ᠤᠴᠢᠭᠰᠠᠨ ᠪᠠᠶᠢᠵᠠᠢ᠃          ᠡᠪᠦᠭᠡᠨ ᠭᠤᠸᠠᠢ ᠶᠢᠨ ᠭᠠᠭᠴᠠᠭᠠᠷ ᠢᠶᠠᠨ ᠢᠷᠡᠭᠰᠡᠨ ᠢ ᠦᠵᠡᠭᠡᠳ ᠦᠨᠦᠬᠢ ᠲᠤᠳᠤᠶᠢᠯᠠᠢ ᠵᠢᠭᠠᠬᠠᠨ ᠡᠪ ᠦᠭᠡᠶᠢᠷᠡᠬᠦ‍ ᠰᠢᠭ ᠪᠤᠯᠤᠭᠰᠠᠨ ᠪᠤᠯᠪᠠᠴᠤ ᠤᠳᠠᠯ ᠦᠭᠡᠢ ᠪᠡᠶ᠎ᠡ ᠰᠡᠳᠭᠢᠯ ᠢᠶᠠᠨ ᠲᠤᠭᠳᠠᠭᠠᠨ  ᠡᠶᠡᠯᠰᠡᠭᠬᠡᠨ ᠭᠡᠭᠴᠢ ᠢᠨᠢᠶᠡᠮᠰᠦᠭᠯᠡᠭᠰᠡᠭᠡᠷ᠄ ︽ᠵᠠ᠂ ᠶᠠᠭᠠᠬᠢᠪᠠ︖ ᠡᠪᠦᠭᠡᠨ ᠠᠬ᠎ᠠ ᠡᠨᠡ ᠤᠳᠠᠭ᠎ᠠ ᠠᠩ ᠤᠨ ᠦᠨᠦᠷ ᠰᠢᠩᠰᠢᠯᠡᠭᠡᠳ ᠢᠷᠡᠪᠡ ᠤᠤ  ︖ ᠪᠤᠯᠴᠢᠩ ᠰᠢᠷᠪᠤᠰᠦ ᠴᠢᠨᠢ ᠵᠠᠩᠭᠢᠷᠠᠵᠤ ᠪᠠᠶᠢᠨ᠎ᠠ ᠤᠤ︖︾ ᠭᠡᠵᠤ ᠠᠯᠢᠶᠠᠷᠬᠠᠨ ᠦᠭᠦᠯᠡᠬᠦ ᠳᠤᠨᠢ ᠲᠡᠷᠡᠬᠡᠨ ᠵᠠᠭᠤᠷ᠎ᠠ᠂ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠨᠢ ᠲᠦᠷᠡᠯᠵᠡᠵᠦ᠂ ᠬᠠᠮᠤᠭ ᠪᠡᠶ᠎ᠡ ᠨᠢ ᠬᠠᠯᠠᠭᠤ ᠤᠷᠭᠢᠵᠤ᠄ ︽ᠵᠠ᠂ ᠲᠡᠭᠦᠤᠲᠠᠢ ᠮᠢᠨᠢ ᠲᠡᠭᠡᠭᠡᠳ ᠨᠢᠭᠡ ᠤᠳᠠᠭ᠎ᠠ ᠨᠠᠭᠠᠳᠬᠤ ᠳᠤ ᠬᠡᠳᠦᠢ ᠵᠤᠭᠤᠰ ᠠᠪᠬᠤ ᠪᠤᠢ︖︾ ᠭᠡᠵᠤ ᠢᠴᠢᠵᠤ ᠵᠤᠪᠠᠯ ᠦᠭᠡᠢ ᠰᠢᠯᠤᠭᠤᠬᠠᠨ ᠠᠰᠠᠭᠤᠭᠠᠳ ᠴᠢᠷᠠᠶᠢᠴᠢᠯᠠᠬᠤ ᠳᠤᠨᠢ᠂ ᠦᠨᠦᠬᠢ ᠲᠤᠳᠤᠶᠢᠯᠠᠢ ᠠᠯᠢᠶᠠᠷᠬᠠᠨ ᠢᠨᠢᠶᠡᠮᠰᠦᠭᠯᠡᠭᠰᠡᠭᠡᠷ᠄ ︽ᠠᠬ᠎ᠠ ᠲᠠᠨ ᠤ ᠰᠠᠨᠠᠭ᠎ᠠ ᠪᠠᠷ ᠬᠡᠳᠦᠢ ᠦᠭᠬᠦ ᠪᠤᠢ︖ ᠮᠢᠨᠤ ᠡᠨᠡ ᠨᠠᠰᠤ ᠨᠠᠮᠪᠠ᠂ ᠪᠡᠶ᠎ᠡ ᠭᠠᠯᠪᠢᠷ ᠢᠶᠠᠷ ᠲᠠᠨ ᠢ ᠯᠠᠪᠲᠠᠢ ᠰᠠᠶᠢᠬᠠᠨ ᠪᠠᠶᠠᠷᠯᠠᠭᠤᠯᠵᠦ ᠲᠡᠶᠢᠯᠦᠨ᠎ᠡ ᠰᠢᠤ᠂ ᠭᠡᠪᠡᠴᠦ ᠲᠠ ᠵᠤᠭᠤᠰ ᠮᠦᠩᠭᠦ ᠪᠠᠨ ᠲᠤᠭ᠎ᠠ ᠶᠤᠰᠤᠭᠠᠷ ᠨᠢ ᠦᠭᠭᠦᠨ᠎ᠡ ᠪᠠ ᠳ᠋ᠠ︖︾ ᠬᠡᠮᠡᠨ ᠵᠦᠪᠰᠢᠶᠡᠷᠡᠯ ᠭᠤᠷᠢᠳᠠᠭᠰᠠᠨ ᠵᠦᠭᠡᠯᠡᠨ ᠬᠠᠷᠠᠴᠠ ᠪᠠᠷ ᠡᠪᠦᠭᠡᠨ ᠢ ᠰᠢᠷᠲᠡᠬᠦ ᠳᠤ᠂ ᠡᠪᠦᠭᠡᠨ ᠭᠤᠸᠠᠢ ᠶᠡᠭᠡ ᠯᠠ ᠰᠢᠢᠳᠮᠡᠭᠡᠢ ᠪᠠᠷ ︽ᠵᠠ᠂ ᠢᠩᠭᠢᠶ᠎ᠡ᠂ ᠡᠮᠦᠨ᠎ᠡ ᠵᠡᠭᠡᠯᠢ ᠶᠢᠨ ᠪᠠᠭᠤᠳᠠᠯ ᠨᠤᠭᠤᠳ ᠤᠨ ᠠᠪᠠᠭ᠋ᠠᠢ ᠪᠣᠯ ᠨᠢᠭᠡ ᠤᠳᠠᠭ᠎ᠠ ᠳᠤ ᠬᠤᠷᠢᠭᠠᠳ ᠯᠠ ᠲᠦᠭᠦᠷᠢᠭ ᠪᠠᠶᠢᠳᠠᠭ ᠶᠤᠮ᠂ ᠭᠡᠬᠦ ᠳᠤ᠂ ᠪᠢ ᠲᠡᠭᠦᠤᠲᠠᠢ ᠲᠠᠨ ᠳᠤ ᠲᠠᠪᠢᠨ ᠲᠦᠭᠦᠷᠢᠭ ᠦᠭᠭᠦᠶ᠎ᠡ ᠳ᠋ᠡ ᠁︾ ᠭᠡᠵᠤ ᠤᠮᠤᠭᠲᠠᠶᠢᠬᠠᠨ ᠭᠡᠭᠴᠢ ᠦᠭᠦᠯᠡᠬᠦ ᠳᠤ ᠨᠢ᠂ ᠲᠡᠷᠡ ᠪᠦᠰᠡᠭᠦᠢ ᠶᠢᠨ ᠴᠢᠷᠠᠢ ᠳᠤᠨᠢ ᠢᠯᠡᠷᠬᠡᠢ ᠲᠤᠷ᠎ᠠ ᠦᠭᠡᠶᠢᠴᠡᠭᠰᠡᠨ ᠪᠠᠶᠢᠳᠠᠯ ᠢᠯᠡᠷᠡᠵᠦ᠂ ᠡᠪᠦᠭᠡᠨ ᠢ ᠬᠠᠷᠠᠮᠴᠢ ᠭᠡᠵᠤ ᠬᠠᠵᠠᠭᠠᠢ ᠦᠵᠡᠵᠦ ᠬᠦᠢᠲᠡᠨ ᠴᠢᠷᠠᠶᠢᠯᠠᠭᠰᠠᠭᠠᠷ᠄ ︽ᠲᠡᠭᠡᠪᠡᠯ ᠲᠠ ᠲᠡᠳᠡᠭᠡᠷ ᠶᠠᠩᠬᠠᠨ ᠶᠢᠨ ᠡᠷᠢᠬᠦ ᠪᠠᠷ ᠶᠠᠪᠤ ᠳ᠋ᠠ᠂ ᠮᠢᠨᠦ ᠠᠳᠡ ᠠᠳᠠᠭ ᠪᠠᠭ᠎ᠠ ᠳᠠᠭᠠᠨ ᠭᠤᠷᠪᠠᠨ ᠵᠠᠭᠤᠨ ᠲᠦᠭᠦᠷᠢᠭ ᠡ᠂ ᠦᠨᠡᠨ ᠢᠶᠠᠨ ᠬᠡᠯᠡᠬᠦ ᠳᠤ ᠪᠢ ᠪᠠᠰᠠ ᠦᠨᠦᠷ ᠢᠶᠠᠨ ᠮᠡᠳᠡᠬᠦ ᠪᠠᠨ ᠪᠤᠯᠢᠭᠰᠠᠨ ᠬᠦᠭᠰᠢᠨ ᠪᠤᠬ᠎ᠠ ᠰᠢᠭ᠋ ᠠᠮᠢᠳᠠᠨ ᠳᠤ ᠲᠤᠷ᠎ᠠ ᠦᠭᠡᠢ ᠡ ᠁︾ ᠭᠡᠵᠤ ᠬᠦᠢᠲᠡᠨ ᠠᠶᠠᠯᠭᠤ ᠪᠠᠷ ᠭᠤᠶᠠᠳᠠᠵᠤ᠂ ᠬᠠᠳᠠᠭᠤ ᠦᠭᠡ ᠪᠠᠷ ᠲᠠᠰᠢᠭᠤᠷᠳᠠᠪᠠ᠃ ᠲᠡᠭᠡᠭᠡᠳ ᠯᠠ ᠡᠪᠦᠭᠡᠨ ᠭᠤᠸᠠᠢ ᠶᠢᠨ ᠵᠦᠢ ᠶᠤᠰᠤᠨ ᠤ ᠵᠢᠷᠭᠠᠯ ᠭᠤᠷᠢᠳᠠᠯ ᠨᠢ ᠡᠨᠡ ᠤᠳᠠᠭ᠎ᠠ ᠬᠦᠭᠡᠰᠤ ᠪᠤᠯᠤᠨ ᠵᠠᠮᠬᠠᠷᠠᠪᠠ᠃          ᠨᠢᠲᠤᠨᠤᠨ ᠤ ᠴᠠᠭᠠᠨ ᠰᠠᠷ᠎ᠠ ᠠᠴᠠ ᠡᠮᠦᠨᠡᠬᠡᠨ ᠪᠠᠶᠢᠵᠦ ᠪᠢᠯᠠ᠃ ᠲᠡᠭᠦᠨ ᠤ ᠯᠠᠪᠠᠢ ᠭᠡᠳᠡᠭ ᠨᠠᠶᠢᠵᠢ ᠨᠢ ᠲᠡᠳᠡᠨ ᠤ ᠳᠤ ᠲᠤᠭᠤᠷᠢᠬᠤ ᠪᠠᠷ ᠢᠷᠡᠭᠡᠳ ᠬᠤᠶᠠᠷ ᠡᠪᠦᠭᠡᠨ ᠠᠷᠢᠬᠢ ᠤᠤᠭᠤᠵᠤ ᠵᠤᠭᠤᠭ ᠲᠠᠭᠠᠷᠠᠭᠠᠳ ᠯᠠᠪᠠᠢ ᠭᠤᠸᠠᠢ ᠬᠠᠯᠠᠰᠠᠭᠤ ᠪᠠᠷ ᠢᠶᠠᠨ᠄ ︽ᠬᠦᠶ᠋ᠢ᠂ ᠪᠢ ᠴᠢᠨᠢ ᠨᠢᠭᠡᠨ ᠪᠠᠭᠤᠳᠠᠯ ᠳᠤ ᠮᠠᠨᠠᠭᠠᠴᠢ ᠶᠢᠨ ᠠᠵᠢᠯ ᠢ ᠬᠢᠵᠦ ᠪᠠᠶᠢᠨ᠎ᠠ ᠰᠢᠤ᠂ ᠮᠠᠨ ᠤ ᠲᠡᠨᠳᠡ ᠠᠩ ᠳᠤ ᠮᠤᠷᠳᠠᠵᠦ ᠪᠤᠯᠳᠠᠭ ᠰᠢᠤ᠂ ᠪᠠᠷᠠᠳᠠᠵᠤ ᠬᠤᠨᠤᠬᠤ ᠲᠡᠳᠡᠭᠡᠷ ᠡᠮᠡᠭᠲᠠᠢ ᠨᠢ ᠭᠤᠶᠦ ᠭᠡᠭᠡᠨᠴᠢᠷ ᠮᠦᠷᠳᠡᠬᠡᠨ ᠵᠠᠯᠠᠭᠤᠬᠠᠨ ᠲᠦᠷᠢᠲᠠᠢ  ᠁︾  ᠭᠡᠵᠤ ᠦᠵᠡᠵᠦ ᠰᠤᠨᠤᠰᠤᠭᠰᠠᠨ ᠢᠶᠠᠨ ᠦᠩᠭᠡ ᠪᠤᠳᠤᠭ ᠲᠠᠢ᠂ ᠦᠭᠡ ᠲᠠᠭᠤ ᠲᠠᠢ ᠪᠤᠯᠭᠠᠨ ᠰᠠᠶᠢᠬᠠᠨ ᠶᠠᠷᠢᠬᠤ ᠳᠤ ᠨᠢ ᠰᠤᠨᠤᠰᠴᠤ ᠰᠠᠭᠤᠭᠰᠠᠨ ᠰᠦᠰᠦᠲᠠᠢ ᠭᠤᠸᠠᠢ ᠶᠢᠨ ᠪᠦᠬᠦ ᠪᠡᠶ᠎ᠡ ᠶᠢᠨ ᠮᠡᠳᠡᠷᠡᠯ ᠤᠨ ᠡᠰ ᠪᠦᠬᠦᠨ ᠨᠢ ᠶᠠᠮᠠᠷ ᠨᠢᠭᠡᠨ ᠶᠠᠭᠤᠮᠠᠨ ᠳᠤ ᠬᠦᠨᠳᠡᠭᠳᠡᠵᠦ᠂ ᠬᠠᠮᠤᠭ ᠪᠡᠶ᠎ᠡ ᠨᠢ ᠨᠢᠯᠴᠢᠬᠢᠨᠡᠭᠡᠳ ᠲᠡᠰᠪᠦᠷᠢ ᠠᠯᠳᠠᠨ ᠤᠪᠤᠭᠤᠨᠠᠨ᠎ᠠ᠃      ᠮᠠᠷᠭᠠᠰᠢ ᠤᠷᠤᠢ ᠨᠢ ᠵᠡᠭᠡᠯᠢ ᠶᠢᠨ ᠳ᠋ᠧᠩ ᠠᠷᠠᠢ ᠨᠤᠴᠤᠭᠠᠲᠤᠢ ᠦᠶᠡᠰ ᠢᠶᠠᠷ ᠰᠦᠰᠦᠲᠠᠢ ᠭᠤᠸᠠᠢ ᠦᠨᠦᠬᠢ ᠪᠠᠭᠤᠳᠠᠯ ᠳᠤᠨᠢ ᠰᠡᠮᠡᠭᠡᠷᠬᠡᠨ ᠭᠡᠭᠴᠢ ᠬᠦᠷᠬᠦᠶ᠎ᠡ ᠂ ᠨᠢᠭᠡᠨ ᠡᠭᠦᠳᠡᠴᠢ ᠨᠢᠭᠤᠴᠠᠭᠠᠢ ᠲᠤᠤᠷᠠᠬᠠᠨ ᠲᠠᠭᠤᠨ ᠢᠶᠠᠷ ᠲᠡᠭᠦᠨ ᠢ ᠪᠠᠶᠠᠷᠯᠠᠨ ᠤᠭᠳᠤᠵᠤ᠂ ᠨᠢᠭᠡᠨ ᠵᠢᠵᠢᠭᠬᠡᠨ ᠦᠷᠦᠭᠡᠨ ᠳᠤ ᠤᠳᠤᠷᠢᠲᠤᠨ ᠤᠷᠤᠭᠤᠯᠵᠤ᠂ ᠭᠤᠶ᠎ᠠ ᠬᠠᠰᠠ ᠪᠠᠨ ᠭᠠᠷᠭᠠᠨ ᠤᠷᠤᠭᠤᠯ ᠠᠮᠠ ᠪᠠᠨ ᠤᠯᠠᠶᠢᠵᠤ ᠪᠢᠯᠲᠠᠶᠢᠲᠠᠯ᠎ᠠ ᠪᠤᠳᠤᠭᠰᠠᠨ ᠦᠯᠦ ᠲᠠᠨᠢᠬᠤ ᠨᠢᠭᠡᠨ ᠭᠤᠶᠦ ᠠᠪᠠᠭ᠋ᠠᠢ ᠶᠢ ᠲᠠᠭᠤᠳᠠᠨ ᠲᠠᠨᠢᠯᠴᠠᠭᠤᠯᠪᠠ᠃ ᠦᠨᠦᠬᠢ ᠠᠪᠠᠭ᠋ᠠᠢ ᠤᠷᠢᠲᠠᠪᠡᠷ ᠡᠪᠦᠭᠡᠨ ᠭᠤᠸᠠᠢ ᠳᠤ ᠬᠠᠶᠢᠷ᠎ᠠ ᠶᠢᠨ ᠦᠭᠡ ᠰᠢᠲᠡᠨ᠂ ᠲᠠᠷᠠᠭᠠᠪᠡᠷ ᠨᠢ ᠭᠤᠶ᠎ᠠ ᠬᠠᠰᠠ ᠪᠠᠨ ᠲᠡᠮᠲᠡᠷᠢᠭᠦᠯᠪᠡ᠃ ᠲᠡᠭᠡᠭᠡᠳ ᠯᠠ ᠲᠡᠮᠡᠢ ᠤᠳᠠᠯ ᠦᠭᠡᠢ ᠬᠦᠳᠡᠯᠦᠩᠭᠦᠢ ᠭᠡᠭᠴᠢ ᠪᠠᠷ ᠨᠦᠷᠢᠨ ᠢᠷᠡᠵᠦ ᠨᠢᠷᠤᠭᠤ ᠬᠤᠨᠲᠤᠯᠠᠢ ᠶᠢ ᠨᠢ ᠢᠯᠢᠵᠤ  ᠨᠠᠭᠠᠯᠢᠩᠬᠠᠶᠢᠳᠠᠪᠠ᠃ ᠲᠡᠷᠡᠬᠡᠨ ᠵᠠᠭᠤᠷ᠎ᠠ ᠡᠪᠦᠭᠡᠨ ᠤ ᠠᠮᠢᠨ ᠭᠠᠵᠠᠷ ᠤᠷᠤᠭᠤ ᠨᠢ ᠨᠢᠭᠡ ᠵᠦᠢᠯ ᠤᠨ ᠬᠤᠷᠢᠭᠯᠠᠭᠳᠠᠰᠢ ᠦᠭᠡᠢ ᠬᠠᠯᠠᠭᠤᠨ ᠤᠷᠤᠰᠬᠠᠯ ᠨᠢᠯᠴᠢᠬᠢᠨᠡᠭᠡᠳ᠂ ᠪᠡᠶ᠎ᠡ ᠰᠡᠳᠬᠢᠯ ᠢᠶᠠᠨ ᠪᠠᠷᠢᠵᠤ ᠴᠢᠳᠠᠯ ᠦᠭᠡᠢ ᠪᠠᠷ ᠦᠨᠦᠬᠢ ᠠᠪᠠᠭ᠋ᠠᠢ ᠶᠢᠨ ᠨᠡᠮᠡᠭᠦᠨ ᠵᠦᠭᠡᠯᠡᠨ ᠤᠶᠠᠨ ᠬᠠᠷᠢᠮᠠᠬᠠᠢ ᠨᠢᠴᠦᠭᠦᠨ ᠪᠡᠶ᠎ᠡ ᠶᠢ ᠨᠢ ᠴᠢᠩᠭᠠᠬᠠᠨ ᠭᠡᠭᠴᠢ ᠲᠡᠪᠡᠷᠢᠪᠡ᠃ ᠡᠪᠦᠭᠡᠨ ᠭᠤᠸᠠᠢ ᠶᠠᠭᠤ ᠪᠠᠨ ᠴᠦ ᠪᠦᠷ ᠮᠠᠷᠳᠠᠭᠠᠳ ᠤᠪᠠᠳᠢᠰᠲᠤ ᠭᠠᠯ ᠳᠤ ᠵᠢᠷᠦᠬᠡ ᠨᠢ ᠨᠢᠯᠴᠢᠬᠢᠨᠡᠨ᠂ ᠡᠷᠢᠶᠡᠯᠵᠡᠬᠦ ᠦᠩᠭᠡᠨ ᠳᠤ ᠬᠠᠷᠠᠭ᠎ᠠ ᠨᠢ ᠪᠠᠯᠠᠷᠠᠭᠰᠠᠨ ᠪᠠᠶᠢᠪᠠ᠃  ︽ᠮᠤᠭᠠᠢ ᠠᠷᠪᠢᠨ ᠶᠠᠪᠤᠪᠠᠯ ᠮᠤᠰᠢᠭᠠᠢ ᠪᠠᠨ  ᠮᠡᠳᠡᠭᠳᠡᠨ᠎ᠡ︾ ᠭᠡᠳᠡᠭ ᠶᠤᠰᠤ ᠶᠢ ᠡᠪᠦᠭᠡᠨ ᠭᠤᠸᠠᠢ ᠰᠠᠶᠢᠨ ᠮᠡᠳᠡᠳᠡᠭ ᠤᠨ ᠤᠴᠢᠷ ᠬᠠᠷ᠎ᠠ ᠭᠡᠷ ᠤᠨ ᠬᠠᠳᠠᠭᠠᠰᠤ᠂ ᠬᠠᠮᠤᠭ ᠠᠮᠢᠲᠠᠨ ᠤ ᠡᠯᠡᠭ ᠪᠤᠯᠬᠤ ᠠᠴᠠ ᠬᠡᠴᠢᠶᠡᠵᠦ ᠡᠨᠡ ᠭᠠᠵᠠᠷ ᠲᠠᠬᠢᠵᠤ ᠢᠷᠡᠭᠰᠡᠨ ᠦᠭᠡᠢ ᠪᠣᠯᠣᠢ᠃          ᠰᠦᠰᠦᠲᠠᠢ ᠭᠤᠸᠠᠢ ᠦᠩᠭᠡᠷᠡᠭᠰᠡᠨ ᠤᠴᠢᠷ ᠶᠠᠪᠤᠳᠠᠯ ᠤᠳ ᠢᠶᠠᠨ ᠡᠷᠭᠢᠴᠡᠭᠦᠯᠵᠦ᠂ ᠪᠠᠯᠭᠤᠭᠰᠠᠨ ᠠᠷᠢᠬᠢᠨ ᠳᠠᠭᠠᠨ ᠪᠡᠶ᠎ᠡ ᠨᠢ ᠲᠠᠯᠪᠢᠭᠤᠷᠠᠭᠠᠳ ᠨᠢᠭᠡ ᠮᠡᠳᠡᠬᠦᠶ᠎ᠡ ᠠᠮᠳᠠᠲᠦ ᠵᠡᠭᠦᠳᠦᠨ ᠳᠡᠭᠡᠨ ᠰᠤᠭᠲᠤᠭᠤᠷᠠᠵᠦ ᠪᠠᠶᠢᠯ᠎ᠠ᠃ ᠦᠳᠡ ᠶᠢᠨ ᠬᠤᠶᠢᠨᠠᠬᠢ ᠭᠤᠷᠪᠠᠨ ᠴᠠᠭ ᠤᠨ ᠦᠶ᠎ᠡ ᠪᠠᠷ ᠡᠪᠦᠭᠡᠨ ᠭᠤᠸᠠᠢ ᠰᠡᠷᠢᠭᠡᠳ  ᠄  ︽ᠠᠶ᠎ᠠ  ᠂  ᠪᠢ ᠴᠢᠨᠢ ᠵᠡᠭᠦᠳᠦᠯᠡᠴᠢᠭᠡᠪᠡ ᠤᠤ︖ ᠶᠠᠭᠤᠨᠠᠢ ᠨᠢᠭᠡᠨ ᠭᠤᠶᠤ  ᠪᠦᠰᠡᠭᠦᠢ  ᠨᠠᠳᠠ ᠲᠠᠢ ᠸᠢᠴᠠᠲ  ᠎ ᠶᠢᠨ ᠨᠠᠶᠢᠵᠢ  ᠪᠤᠯᠬᠤ  ᠭᠡᠪᠡ ᠤᠤ︖︾ ᠭᠡᠵᠤ ᠲᠦᠳᠦᠨᠡᠭᠰᠡᠭᠡᠷ ᠵᠡᠭᠦᠲᠦ ᠵᠡᠭᠦᠷᠮᠡᠭ ᠢᠶᠠᠷ ᠢᠶᠠᠨ ᠦᠨᠦᠬᠢ ᠭᠠᠷ ᠤᠳᠠᠰᠤ ᠪᠠᠨ ᠨᠡᠭᠡᠭᠡᠵᠦ ᠦᠵᠡᠬᠦᠶ᠎ᠡ᠂ ᠴᠠᠰᠤ ᠴᠠᠭᠠᠨ ᠭᠦᠩᠵᠦ ᠨᠢ ᠤᠯᠠᠨ ᠵᠤᠷᠪᠤᠰ ᠦᠭᠡ ᠢᠷᠡᠭᠦᠯᠦᠭᠰᠡᠨ ᠪᠠᠶᠢᠪᠠ᠃     ᠰᠦᠰᠦᠲᠠᠢ ᠭᠤᠸᠠᠢ ᠶᠢᠨ ᠵᠢᠷᠦᠬᠡ ᠨᠢ ᠤᠪᠤᠯᠵᠠᠨ ᠪᠠᠶᠠᠷᠯᠠᠵᠤ ᠬᠦᠯ ᠭᠠᠷ ᠨᠢ ᠬᠦᠩᠭᠡᠷᠡᠭᠡᠳ ᠬᠤᠷᠳᠤᠬᠠᠨ ᠭᠡᠭᠴᠢ ᠴᠢᠬᠢᠨ ᠳᠡᠭᠡᠨ ᠨᠠᠭᠠᠯᠳᠤᠭᠤᠯᠤᠨ ᠴᠢᠩᠨᠠᠬᠤᠶ᠎ᠠ᠂ ᠲᠡᠷᠡ ᠪᠦᠰᠡᠭᠦᠢ ᠬᠤᠩᠬᠤ ᠰᠢᠭ᠋ ᠲᠤᠩᠭᠠᠯᠠᠭ ᠲᠠᠩᠬᠢᠨᠠᠭᠰᠠᠨ ᠨᠠᠷᠢᠬᠠᠨ ᠲᠠᠭᠤᠨ ᠢᠶᠠᠷ ᠶᠠᠭᠤᠨ ᠤ ᠡᠮᠦᠨ᠎ᠡ ᠮᠤᠩᠭᠤᠯ ᠠᠬ᠎ᠠ ᠲᠠᠢ ᠸᠢᠴᠠᠲ ᠤᠨ ᠨᠠᠶᠢᠵᠢ ᠪᠤᠯᠤᠭᠰᠠᠨ ᠳᠠᠭᠠᠨ ᠴᠢᠩ ᠰᠡᠳᠭᠢᠯ ᠠᠴᠠ ᠪᠠᠨ ᠤᠮᠤᠭᠰᠢᠨ ᠪᠠᠶᠠᠷᠯᠠᠵᠤ ᠪᠠᠶᠢᠬᠤ ᠪᠠᠨ ᠢᠯᠡᠳᠭᠡᠵᠦ᠂ ᠡᠪᠦᠭᠡᠨ ᠤ ᠸᠢᠴᠠᠲ ᠶᠢ  ᠬᠡᠷᠬᠢᠨ ᠤᠯᠤᠭᠰᠠᠨ ᠲᠤᠬᠠᠢ ᠨᠠᠷᠢᠨ ᠲᠠᠶᠢᠯᠪᠤᠷᠢᠯᠠᠬᠤ ᠳᠠᠭᠠᠨ᠄ ︽ᠪᠢ ᠪᠣᠯ ᠬᠡᠵᠢᠶᠡᠨ ᠠᠴᠠ ᠮᠤᠩᠭᠤᠯ ᠬᠦᠮᠦᠨ ᠢ  ᠰᠢᠳᠦᠳᠡᠭ ᠪᠤᠯᠬᠤᠷ ᠲᠠᠨ ᠤ ᠠᠶᠢᠮᠠᠭ ᠲᠡᠭᠡᠷ᠎ᠡ ᠠᠯᠪᠠᠳᠠᠨ ᠢᠶᠠᠷ ᠪᠠᠶᠢᠭ᠎ᠠ ᠮᠢᠨᠤ ᠨᠢᠭᠡᠨ ᠰᠠᠶᠢᠨ ᠨᠠᠶᠢᠵᠢ ᠠᠴᠠ ᠠᠬ᠎ᠠ ᠲᠠᠨ ᠢ ᠬᠠᠶᠢᠷ᠎ᠠ ᠨᠠᠶᠢᠷ᠂ ᠵᠢᠷᠤᠮ ᠴᠢᠭᠡᠴᠢ᠂ ᠵᠤᠷᠢᠭ ᠵᠢᠷᠦᠬᠡ  ᠂ ᠵᠢᠳᠭᠦᠯ ᠬᠠᠨᠳᠢᠪ ᠲᠠᠢ ᠶᠤᠰᠤᠲᠠᠢ ᠨᠢᠭᠡᠨ ᠬᠠᠰᠠᠷ ᠤᠭᠰᠠᠭᠠᠨ ᠤ ᠬᠠᠳᠠᠨ ᠰᠢᠯᠢᠳᠡᠭ ᠮᠤᠩᠭᠤᠯ ᠬᠦᠮᠦᠨ ᠭᠡᠵᠤ ᠮᠠᠭᠳᠠᠨ ᠲᠠᠨᠢᠯᠴᠠᠭᠤᠯᠤᠭᠰᠠᠨ ᠲᠡᠷᠡ ᠴᠠᠭ ᠠᠴᠠ ᠪᠢ ᠶᠡᠭᠡ ᠯᠠ ᠪᠢᠰᠢᠷᠡᠭᠡᠳ ᠲᠠᠨ ᠤ ᠠᠰ ᠤᠨ ᠤᠳᠠᠰᠤ ᠶᠢ ᠴᠢᠨᠢ ᠵᠠᠯᠭᠠᠬᠤ ᠶᠢ ᠶᠡᠬᠡᠳᠡ ᠰᠠᠨᠠᠭᠰᠠᠨ  ᠰᠢᠤ᠂ ᠭᠡᠬᠦ  ᠎ ᠳᠤ᠂ ᠲᠠᠨ ᠢ ᠵᠦᠪᠰᠢᠶᠡᠷᠡᠬᠦ  ᠦᠭᠡᠢ ᠠᠴᠠ ᠤᠨᠴᠠᠭᠠᠢ ᠠᠶᠤᠭᠰᠠᠨ ᠡ᠂ ᠲᠠᠨ ᠲᠠᠢ ᠸᠢᠴᠠᠲ ᠨᠡᠪᠲᠡᠷᠡᠭᠰᠡᠨ ᠢᠶᠠᠨ ᠪᠢ  ᠶᠤᠰᠤᠲᠠᠢ  ᠵᠡᠭᠦᠳᠦᠨ ᠳᠤ ᠤᠷᠤᠮ᠎ᠠ ᠦᠭᠡᠢ ᠭᠠᠶᠢᠬᠠᠮᠰᠢᠭ ᠭᠡᠵᠤ ᠪᠠᠶᠠᠷᠯᠠᠨ ᠵᠤᠷᠢᠭᠵᠢᠵᠦ  ᠨᠠᠳᠠᠳᠤ ᠬᠠᠮᠤᠭ ᠤᠨ ᠶᠡᠭᠡ ᠵᠤᠯ ᠵᠢᠷᠭᠠᠯ ᠪᠠ ᠤᠮᠤᠭᠰᠢᠯ ᠪᠠᠶᠠᠰᠤᠯ ᠪᠤᠯᠬᠤ ᠨᠢ ᠶᠠᠷᠢᠶᠠᠨ ᠦᠭᠡᠢ︾ ᠭᠡᠵᠤ ᠴᠢᠬᠢᠨ ᠳᠤᠨᠢ  ᠠᠶᠠᠲᠠᠢ ᠰᠠᠶᠢᠬᠠᠨ ᠦᠭᠡᠰ ᠢᠶᠠᠷ ᠡᠪᠦᠭᠡᠨ ᠢ ᠬᠦᠭᠡᠷᠦᠭᠦᠯᠵᠦ ᠪᠠᠶᠢᠯ᠎ᠠ᠃          ︽ᠡᠷ᠎ᠡ ᠬᠦᠮᠦᠨ ᠤᠯᠵᠠᠨ ᠳᠤ᠂ ᠡᠷᠪᠡᠬᠡᠢ ᠵᠤᠯᠠ ᠳᠤ︾ ᠭᠡᠳᠡᠭᠴᠢᠯᠡᠨ ᠡᠪᠦᠭᠡᠨ ᠭᠤᠸᠠᠢ ᠶᠢ ᠠᠷᠢᠬᠢᠨ ᠤ ᠬᠠᠯᠠᠭᠤᠨ ᠪᠠ ᠲᠤᠷᠠᠯᠠᠯ ᠤᠨ ᠬᠦᠴᠦ  ᠰᠡᠳᠭᠢᠯ ᠢ ᠎ ᠨᠢ ᠭᠡᠳᠡᠭᠡᠯᠡᠵᠦ᠂ ᠪᠡᠶ᠎ᠡ ᠶᠢ ᠨᠢ ᠮᠢᠨᠴᠦᠷᠡᠭᠦᠯᠦᠨ᠂ ᠲᠤᠷ᠎ᠠ ᠪᠤᠯᠢᠶᠠᠮ᠎ᠠ ᠡᠨᠡᠬᠦ ᠭᠤᠶᠦ ᠨᠠᠶᠢᠵᠢ ᠲᠠᠢ ᠪᠠᠨ ᠬᠠᠭᠠᠰ ᠡᠳᠦᠷ ᠬᠠᠨᠳᠠᠯ᠎ᠠ ᠪᠠᠨ ᠶᠠᠷᠢᠯᠴᠠᠵᠠᠢ᠃           ᠶᠠᠷᠢᠯᠴᠠᠭᠠᠨ ᠤ ᠲᠤᠮᠳᠠ ᠠᠴᠠ ︽ᠴᠠᠰᠤ ᠴᠠᠭᠠᠨ ᠭᠦᠩᠵᠦ︾᠎ ᠨᠢ ᠡᠨᠡ ᠵᠢᠯ ᠲᠦᠴᠢᠨ ᠲᠠᠪᠤᠲᠠᠢ᠂ ᠬᠦᠬᠡᠬᠤᠳᠠ ᠳᠤ ᠰᠠᠭᠤᠳᠠᠭ᠂ ᠤᠦᠯ ᠨᠢ ᠱᠠᠩᠬᠠᠢ ᠶᠢᠨ ᠨᠡᠷᠡᠲᠠᠢ ᠨᠢᠭᠡᠨ ᠶᠡᠭᠡ ᠰᠤᠷᠭᠠᠭᠤᠯᠢ ᠠᠴᠠ ᠲᠡᠭᠦᠰᠦᠭᠡᠳ ᠨᠠᠨᠵᠢᠩ ᠤᠨ ᠨᠢᠰᠭᠡᠯ ᠤᠨ ᠪᠠᠭᠤᠳᠠᠯ ᠳᠤ ᠠᠵᠢᠯ ᠠᠯᠪᠠ ᠲᠠᠢ ᠪᠠᠶᠢᠪᠠ  ᠂ ᠬᠤᠷᠢᠨ ᠲᠤᠯᠤᠭᠠᠲᠠᠢ ᠲᠡᠷᠡ ᠵᠢᠯ ᠎ ᠳᠡᠭᠡᠨ ᠬᠦᠬᠡᠬᠤᠳᠠ ᠶᠢᠨ ᠨᠢᠭᠡᠨ ᠪᠠᠶᠠᠨ ᠠᠷᠠᠯᠵᠢᠶᠠᠴᠢᠨ ᠲᠠᠢ ᠲᠠᠨᠢᠯᠴᠠᠭᠠᠳ ᠲᠡᠮᠡᠢ ᠤᠳᠠᠯ ᠦᠭᠡᠢ ᠬᠤᠷᠢᠮᠯᠠᠵᠦ᠂ ᠠᠵᠢᠯ ᠠᠯᠪᠠ ᠪᠠᠨ ᠪᠦᠬᠦᠨ ᠢ ᠬᠠᠶᠠᠭᠠᠳ  ᠬᠦᠬᠡᠬᠤᠳᠠ ᠳᠤ ᠢᠷᠡᠨ ᠨᠤᠲᠤᠭᠯᠠᠵᠤ ᠭᠡᠷ ᠪᠦᠯᠢ ᠶᠢᠨ ᠡᠮᠡᠭᠲᠠᠢ ᠪᠣᠯᠵᠠᠢ᠃          ᠭᠡᠬᠦ ᠳᠤ᠂ ᠭᠠᠢ ᠭᠠᠵᠠᠷ ᠲᠤᠤᠷ᠎ᠠ ᠠᠴᠠ  ᠭᠡᠳᠡᠭᠴᠢᠯᠡᠨ᠂  ᠲᠡᠭᠦᠨ ᠢ ᠭᠤᠴᠢᠨ ᠲᠤᠯᠤᠭᠠᠲᠠᠢ ᠲᠡᠷᠡ ᠵᠢᠯ ᠳᠤᠨᠢ᠂ ᠡᠷ᠎ᠡ ᠨᠦᠬᠦᠷ ᠨᠢ ᠵᠠᠯᠠᠭᠤ ᠨᠠᠰᠤ ᠪᠠᠨ ᠬᠤᠯᠪᠤᠭᠰᠠᠨ ᠵᠠᠶᠠᠭᠠᠨ ᠤ ᠪᠦᠰᠡᠭᠦᠢ ᠪᠠᠨ ᠬᠠᠶᠠᠭᠠᠳ᠂ ᠤᠶᠤᠳᠠᠨ ᠭᠡᠤᠬᠡᠨ ᠲᠠᠢ ᠬᠦᠯ ᠭᠠᠷ ᠪᠤᠯᠤᠭᠰᠠᠨ ᠢᠶᠠᠷ ᠢᠶᠠᠨ ᠠᠷᠭ᠎ᠠ ᠪᠤᠰᠦ ᠤᠷᠤᠭ ᠰᠠᠯᠵᠦ᠂ ᠠᠰ ᠠᠰ ᠎ ᠤᠨ ᠠᠮᠢᠲᠤᠷᠠᠯ ᠤᠨ ᠵᠠᠮ ᠢᠶᠠᠨ ᠬᠦᠭᠡᠭᠡᠭᠰᠡᠨ ᠪᠠᠶᠢᠵᠠᠢ᠃ ᠠᠮᠢᠳᠤᠷᠠᠯ ᠤᠨ ᠵᠠᠮ ᠳᠠᠭᠠᠨ ᠪᠦᠳᠦᠷᠢᠵᠤ ᠶᠠᠪᠤᠭᠰᠠᠨ ᠡᠨᠡ ᠪᠦᠰᠡᠭᠦᠢ ᠡᠳᠡᠭᠡᠷ ᠵᠢᠯ ᠤᠳ ᠲᠤ ᠲᠠᠬᠢᠵᠤ ᠠᠶᠢᠯ ᠭᠡᠷ ᠪᠤᠯᠤᠭᠰᠠᠨ ᠦᠭᠡᠢ ᠪᠠᠷ ᠭᠠᠭᠴᠠᠭᠠᠷ ᠢᠶᠠᠨ ᠠᠮᠢᠲᠤᠷᠠᠵᠤ ᠪᠠᠶᠢᠬᠤ ᠵᠡᠷᠭᠡ ᠪᠠᠨ ᠰᠦᠰᠦᠲᠠᠢ ᠭᠤᠸᠠᠢ ᠲᠤ ᠤᠶᠠᠷᠠᠩᠭᠤᠢ ᠲᠠᠭᠤᠨ ᠢᠶᠠᠷ ᠲᠤᠭᠠᠴᠢᠭᠰᠠᠨ  ᠪᠠᠶᠢᠵᠠᠢ᠃      ᠰᠦᠰᠦᠲᠠᠢ ᠭᠤᠸᠠᠢ ᠦᠨᠦᠬᠢ ᠭᠤᠶᠦ ᠪᠦᠰᠡᠭᠦᠢ ᠶᠢᠨ ᠭᠠᠭᠴᠠᠭᠠᠷ ᠢᠶᠠᠨ ᠠᠮᠢᠲᠤᠷᠠᠵᠦ ᠪᠠᠶᠢᠬᠤ ᠶᠢ ᠨᠢ ᠰᠤᠨᠤᠰᠤᠭᠠᠳ ᠰᠡᠳᠭᠢᠯ ᠳᠡᠭᠡᠨ ᠬᠡᠯᠡᠵᠦ ᠭᠠᠷᠤᠰᠢ ᠦᠭᠡᠢ ᠪᠠᠶᠠᠷ ᠴᠠᠯᠬᠢᠯᠠᠭᠤᠯᠤᠨ᠄ ︽ᠪᠢᠲᠡᠭᠡᠢ ᠵᠤᠪᠠ ᠡ᠂ ᠠᠮᠢᠳᠤᠷᠠᠯ ᠭᠡᠭᠴᠢ ᠶᠡᠷᠤ ᠳᠡᠭᠡᠨ ᠬᠢᠳᠤᠭᠠᠨ ᠤ ᠲᠤᠷᠭᠠᠨ ᠢᠷ ᠲᠡᠭᠡᠭᠦᠷ ᠦᠷᠭᠦᠯᠵᠢᠯᠡᠳᠡᠭ ᠨᠢ ᠡᠩ ᠤᠨ ᠵᠢᠮ᠎ᠡ ᠶᠤᠰᠦ ᠰᠢᠤ︾ ᠭᠡᠵᠤ ᠲᠠᠶᠢᠳᠬᠤᠷᠠᠭᠤᠯᠤᠨ ᠬᠡᠯᠡᠭᠡᠳ ᠦᠪᠡᠷ ᠤᠨ ᠢᠶᠠᠨ ᠮᠤᠷᠤᠢ ᠰᠠᠷᠤᠢ ᠵᠠᠮ ᠢᠶᠠᠷ ᠨᠤᠭᠤᠷᠠᠯ ᠪᠦᠳᠦᠷᠢᠯ ᠲᠠᠢ ᠠᠶᠠᠯᠠᠭᠰᠠᠨ ᠦᠯᠢᠭᠡᠷ ᠲᠤᠮᠤᠭ ᠰᠢᠭ᠋ ᠦᠩᠭᠡᠷᠡᠯᠲᠡ ᠪᠠᠨ ᠬᠡᠯᠡᠵᠤ ᠲᠠᠭᠤᠰᠬᠠᠭᠰᠠᠨ ᠪᠠ ᠦᠪᠡᠷ ᠤᠨ ᠭᠠᠭᠴᠠᠭᠠᠷ ᠢᠶᠠᠨ ᠪᠠᠶᠢᠬᠤ ᠵᠢᠴᠢ ᠤᠳᠤᠬᠠᠨ ᠳᠠᠭᠠᠨ ᠲᠤᠶᠢᠯ ᠤᠨ ᠤᠶᠢᠳᠬᠠᠷᠲᠠᠢ ᠭᠠᠭᠴᠠᠭᠠᠷᠳᠠᠮᠠᠯ ᠪᠠᠶᠢᠬᠤ ᠵᠡᠷᠭᠡ ᠪᠠᠨ ᠶᠡᠷᠦ ᠨᠢᠭᠤᠯ ᠦᠭᠡᠢ ᠬᠡᠯᠡᠵᠦ ᠦᠭᠭᠦᠭᠰᠡᠨ ᠪᠠᠶᠢᠯ᠎ᠠ᠃         ᠵᠠ᠂ ᠲᠡᠭᠡᠭᠡᠳ ᠯᠠ ᠲᠡᠷᠡ ᠴᠠᠭ ᠠᠴᠠ ᠡᠬᠢᠯᠡᠨ ᠰᠦᠰᠦᠲᠠᠢ ᠭᠤᠸᠠᠢ᠂ ᠴᠠᠰᠤ ᠴᠠᠭᠠᠨ ᠭᠦᠩᠵᠦ ᠬᠤᠶᠠᠭᠤᠯᠠ ᠸᠢᠴᠠᠲ ᠤᠨ ᠠᠮᠠᠷᠠᠭ ᠪᠤᠯᠤᠭᠠᠳ  ᠡᠳᠦᠷ ᠪᠦᠷᠢ ᠴᠠᠭᠢᠮ ᠴᠢᠮᠡᠭᠡ ᠪᠠᠷ ᠠᠮᠤᠷ ᠮᠡᠨᠲᠦ ᠪᠠᠨ ᠠᠰᠠᠭᠤᠯᠴᠠᠨ᠂ ᠰᠡᠳᠭᠢᠯ ᠤᠨ ᠦᠭᠡ ᠪᠠᠨ ᠠᠭᠤᠲᠠᠯᠤᠨ ᠡᠪᠦᠭᠡᠨ ᠭᠤᠸᠠᠢ ᠶᠢᠨ ᠤᠶᠢᠳᠬᠠᠷ ᠭᠤᠨᠢᠭ ᠨᠢ ᠰᠠᠯᠬᠢ ᠦᠵᠡᠭᠰᠡᠨ ᠡᠭᠦᠯᠡ ᠮᠠᠨᠠᠨ ᠰᠢᠭ᠋ ᠠᠷᠢᠯᠤᠨ ᠵᠠᠮᠬᠠᠷᠠᠵᠠᠢ᠃ ᠡᠶᠢᠮᠦᠷᠬᠦ ᠬᠠᠯᠠᠭᠤᠨ ᠪᠦᠯᠢᠶᠡᠨ ᠮᠦᠷᠳᠡᠬᠡᠨ ᠤᠳᠬ᠎ᠠ ᠠᠭᠤᠯᠭ᠎ᠠ ᠲᠠᠢ ᠠᠮᠢᠳᠤᠷᠠᠯ ᠨᠢ ᠦᠷᠭᠦᠯᠵᠢᠯᠡᠭᠰᠡᠭᠡᠷ ᠪᠠᠶᠢᠯ᠎ᠠ ᠁ ᠰᠦᠰᠦᠲᠠᠢ ᠭᠤᠸᠠᠢ ᠶᠢᠨ ᠡᠳᠦᠷ ᠤᠨ ᠪᠤᠳᠤᠯ᠂ ᠰᠦᠨᠢ ᠶᠢᠨ ᠵᠡᠭᠦᠳᠦᠨ ᠳᠤ ᠨᠢ ᠦᠨᠦᠬᠢ ᠵᠢᠭᠠᠬᠠᠨ ᠠᠮᠠᠷᠠᠭ ᠨᠢ ᠪᠤᠳᠤᠭᠳᠠᠵᠦ ᠲᠡᠭᠦᠨ ᠲᠠᠢ ᠪᠠᠨ ᠬᠤᠷᠢᠮᠯᠠᠵᠦ ᠰᠢᠨ᠎ᠡ ᠬᠦᠷᠭᠡᠨ ᠪᠤᠯᠵᠤ ᠪᠠᠶᠢᠨ᠎ᠠ ᠭᠡᠵᠤ ᠵᠡᠭᠦᠲᠦ ᠪᠠᠷ ᠢᠶᠠᠨ ᠭᠦᠶᠦᠨ ᠪᠤᠰᠳᠠᠭ ᠬᠡᠮᠵᠢᠶᠡᠨ ᠲᠤ ᠬᠦᠷᠴᠠᠢ᠃ ᠡᠪᠦᠭᠡᠨ ᠭᠤᠸᠠᠢ ᠡᠳᠦᠷᠵᠢᠨ ᠰᠦᠨᠢᠵᠢᠨ ᠦᠭᠡᠷ᠎ᠡ ᠶᠠᠭᠤᠮ᠎ᠠ ᠬᠢᠬᠦ ᠦᠭᠡᠢ ᠪᠤᠯᠵᠦ ᠵᠢᠭᠠᠬᠠᠨ ᠠᠮᠠᠷᠠᠭ ᠤᠨ ᠢᠶᠠᠨ ᠬᠤᠩᠬᠤ ᠰᠢᠭ᠋ ᠲᠠᠩᠬᠢᠨᠠᠭᠰᠠᠨ ᠲᠤᠩᠭᠠᠯᠠᠭ ᠮᠦᠷᠳᠡᠬᠡᠨ ᠦᠨᠡᠷᠬᠡᠭᠰᠡᠨ ᠨᠠᠷᠢᠬᠠᠨ ᠲᠠᠭᠤᠨ ᠢ ᠬᠤᠷᠳᠤᠬᠠᠨ ᠭᠡᠭᠴᠢ ᠤᠯᠵᠦ ᠰᠤᠨᠤᠰᠬᠤ ᠪᠠᠷ ᠶᠠᠭᠠᠷᠠᠨ ᠭᠠᠷ ᠤᠳᠠᠰᠤ ᠪᠠᠨ ᠪᠠᠶᠢᠨ ᠪᠠᠶᠢᠨ ᠬᠠᠷᠠᠳᠠᠭ ᠪᠤᠯᠵᠠᠢ᠃         ᠬᠠᠭᠠᠰ ᠰᠠᠷ᠎ᠠ ᠶᠢᠨ ᠲᠠᠷᠠᠭᠠᠬᠢ ᠨᠢᠭᠡᠨ ᠦᠷᠯᠦᠭᠡ ᠴᠠᠰᠤ ᠴᠠᠭᠠᠨ ᠭᠦᠩᠵᠦ ᠦᠭᠡ ᠢᠷᠡᠭᠦᠯᠵᠦ᠄ ︽ᠠᠶ᠎ᠠ᠂ ᠬᠠᠶᠢᠷᠠᠳᠤ ᠠᠬ᠎ᠠ ᠮᠢᠨᠢ ᠡ᠂ ᠪᠢ ᠰᠡᠳᠭᠢᠯ ᠲᠤᠳᠤᠷ᠎ᠠ ᠪᠠᠨ ᠲᠠᠷᠤᠭᠠᠳ ᠤᠳᠠᠭᠰᠠᠨ ᠨᠢᠭᠡ ᠴᠢᠬᠤᠯᠠ ᠤᠴᠢᠷ ᠢᠶᠠᠨ ᠲᠠᠨ ᠳᠠᠭᠠᠨ ᠬᠡᠯᠡᠶ᠎ᠡ ᠭᠡᠳ ᠬᠡᠯᠡᠨ ᠦᠵᠦᠭᠦᠷ ᠲᠤᠯᠤᠭᠠᠳ ᠬᠡᠯᠡᠬᠦ ᠵᠤᠷᠢᠭ ᠦᠭᠡᠢ ᠪᠠᠶᠢᠨ᠎ᠠ ᠰᠢᠤ᠂ ᠤᠲᠤ ᠶᠠᠭᠠᠬᠢᠳᠠᠭ ᠪᠢᠯᠠ︖︾ ᠭᠡᠵᠤ ᠶᠡᠭᠡ ᠯᠠ ᠢᠴᠢᠮᠡᠳᠡᠭᠡᠢ ᠲᠠᠭᠤᠨ ᠢᠶᠠᠷ ᠡᠷᠬᠡᠯᠡᠨ ᠠᠰᠠᠭᠤᠬᠤ ᠳᠤ ᠨᠢ ᠡᠪᠦᠭᠡᠨ ᠭᠤᠸᠠᠢ᠄ ︽ᠲᠡᠭᠦᠤᠲᠠᠢ  ᠮᠢᠨᠢ᠂  ᠬᠡᠯᠡᠯ ᠳ᠋ᠠ᠂ ᠠᠮᠢᠨᠳᠠᠢ ᠮᠢᠨᠢ  ︾ ᠭᠡᠵᠤ ᠰᠢᠯᠤᠭᠤᠬᠠᠨ ᠠᠰᠠᠭᠤᠵᠤ ᠪᠢᠯᠠ᠃     ᠴᠠᠰᠤ ᠴᠠᠭᠠᠨ ᠭᠦᠩᠵᠦ ᠴᠠᠭᠠᠨ᠎ᠠ ᠠᠴᠠ ᠨᠢ᠄ ︽ᠪᠢ ᠨᠢᠭᠡᠨᠲᠡ ᠲᠠᠨ ᠲᠠᠢ ᠬᠠᠶᠢᠷ᠎ᠠ ᠰᠡᠳᠭᠢᠯ ᠲᠠᠢ ᠪᠤᠯᠴᠢᠬᠠᠯ᠎ᠠ᠂ ᠬᠤᠷᠳᠤᠬᠠᠨ ᠭᠡᠭᠴᠢ ᠬᠤᠷᠢᠮᠯᠠᠬᠤ ᠰᠠᠨᠠᠭᠠᠲᠠᠢ ᠪᠠᠶᠢᠨ᠎ᠠ᠂ ᠲᠠ ᠵᠦᠪᠰᠢᠶᠡᠷᠡᠨ᠎ᠡ ᠪᠢᠵᠠ︖︾  ᠭᠡᠵᠤ ᠦᠨᠡᠷᠬᠡᠭᠰᠡᠨ ᠨᠠᠷᠢᠬᠠᠨ ᠲᠠᠭᠤᠨ ᠢᠶᠠᠷ ᠠᠰᠠᠭᠤᠬᠤ ᠳᠤ ᠨᠢ᠂ ᠰᠦᠰᠦᠲᠠᠢ ᠭᠤᠸᠠᠢ ᠨᠢᠭᠤᠷ ᠲᠦᠭᠦᠷᠡᠩ ᠮᠦᠰᠢᠶᠡᠳᠦ ᠲᠤᠭᠯᠠᠭᠤᠯᠤᠨ᠄ ︽ᠵᠠ᠂ ᠵᠠ ᠁ ᠠᠮᠢᠨᠳᠠᠢ ᠮᠢᠨᠢ᠂ ᠠᠮᠠᠷᠠᠭ ᠬᠤᠩᠭᠤᠷ ᠮᠢᠨᠢ᠂ ᠠᠬ᠎ᠠ ᠨᠢ ᠵᠦᠪᠰᠢᠶᠡᠷᠡᠨ᠎ᠡ︾ ᠭᠡᠵᠤ ᠦᠭᠡ ᠤᠨᠠᠭᠠᠯ ᠦᠭᠡᠢ ᠡᠯᠭᠦᠨ ᠵᠦᠪᠰᠢᠶᠡᠷᠡᠵᠤ ᠪᠠᠶᠢᠯ᠎ᠠ᠃ ᠴᠠᠰᠤ ᠴᠠᠭᠠᠨ ᠭᠦᠩᠵᠦ ᠪᠠᠰᠠ᠄ ︽ᠬᠠᠶᠢᠷᠠᠲᠤ ᠮᠢᠨᠢ᠂ ᠪᠢ ᠴᠢᠮ᠎ᠠ ᠳᠠᠭᠠᠨ ᠬᠡᠯᠡᠮᠡᠷ ᠵᠢᠭᠠᠬᠠᠨ ᠤᠴᠢᠷ ᠪᠠᠶᠢᠨ᠎ᠠ᠂ ᠪᠢ ᠲᠠᠨ ᠳᠤ ᠬᠡᠯᠡᠭᠰᠡᠨ ᠦᠭᠡᠢ ᠪᠠᠷ ᠭᠠᠭᠴᠠᠭᠠᠷ ᠢᠶᠠᠨ ᠡᠵᠡᠨ ᠮᠡᠳᠡᠭᠡᠳ ᠪᠢᠳᠡ ᠬᠤᠶᠠᠭᠤᠯᠠ ᠶᠢᠨ ᠬᠤᠷᠢᠮᠯᠠᠬᠤ ᠰᠢᠨ᠎ᠡ ᠠᠰᠠᠷ ᠢᠶᠠᠨ ᠴᠦ ᠬᠤᠳᠠᠯᠳᠤᠨ ᠠᠪᠴᠢᠬᠠᠯ᠎ᠠ᠃ ᠲᠡᠭᠡᠷ᠎ᠡ ᠭᠠᠷᠠᠭ ᠪᠢ ᠸᠠᠨ ᠳ᠋ᠠ ᠬᠤᠳᠠᠯᠳᠤᠭᠠᠨ ᠤ ᠲᠠᠯᠠᠪᠠᠢ ᠶᠢᠨ ᠤᠶᠢᠷᠠᠯᠴᠠᠭ᠎ᠠ ᠶᠢᠤ ᠢ ᠰᠢᠨ᠎ᠡ ᠲᠤᠭᠤᠷᠢᠭ ᠠᠴᠠ ᠪᠡᠯᠡᠨ ᠮᠦᠩᠭᠦ ᠪᠠᠷ ᠨᠢᠭᠡ ᠭᠡᠷ ᠬᠤᠳᠠᠯᠳᠤᠨ ᠠᠪᠤᠭᠰᠠᠨ ᠡ᠂ ᠲᠡᠭᠡᠭᠰᠡᠨ ᠴᠢᠨᠢ ᠭᠠᠷ ᠲᠠᠬᠢ ᠪᠡᠯᠡᠨ ᠮᠥᠩᠭᠦ ᠵᠢᠭᠠᠬᠠᠨ ᠲᠤᠳᠠᠴᠢᠬᠠᠯ᠎ᠠ᠂ ᠦᠨᠡᠨ ᠳᠡᠭᠡᠨ ᠮᠢᠨᠦ ᠬᠦᠮᠦᠨ ᠳᠤ ᠵᠢᠭᠡᠯᠡᠵᠦ ᠭᠠᠷᠭᠠᠭᠰᠠᠨ ᠠᠷᠪᠠᠨ ᠲᠦᠮᠡᠨ ᠲᠦᠭᠦᠷᠢᠭ ᠪᠠᠶᠢᠬᠤ ᠶᠤᠮ᠂ ᠭᠡᠬᠦ  ᠎ ᠳᠤ ᠬᠠᠮᠤᠭ ᠬᠤᠷᠲᠤᠨ ᠳᠠᠭᠠᠨ ᠲᠦᠷᠪᠡ ᠲᠠᠪᠤᠨ ᠬᠤᠨᠤᠭ ᠤᠨ ᠲᠠᠷᠠᠭ᠎ᠠ  ᠰᠠᠶ᠋ᠢ ᠨᠠᠳᠠ ᠪᠤᠴᠠᠭᠠᠨ᠎ᠠ ᠭᠡᠨ᠎ᠡ᠃ ᠲᠡᠶᠢᠮᠦ ᠎ ᠠᠴᠠ ᠠᠬ᠎ᠠ ᠲᠠ ᠨᠠᠳᠠᠳᠤ ᠳᠤ ᠨᠠᠢᠮᠠᠨ ᠲᠦᠮᠡᠨ ᠲᠦᠭᠦᠷᠢᠭ ᠵᠤᠭᠤᠰ  ᠎ ᠢᠶᠠᠨ ᠬᠡᠳᠦᠨ ᠡᠳᠦᠷ ᠵᠢᠭᠡᠯᠡᠵᠦ ᠦᠭᠭᠦᠨ᠎ᠡ ᠤᠤ︖ ᠲᠠᠷᠠᠭ᠎ᠠ ᠭᠠᠷᠠᠭ ᠤᠨ ᠭᠤᠷᠪᠠᠨ ᠳᠤ ᠲᠠᠨ ᠤ ᠲᠡᠨᠲᠡ ᠤᠷᠤᠭ ᠤᠨ ᠪᠠᠳᠤᠯᠠᠪᠤᠷᠢ ᠪᠠᠨ ᠠᠪᠬᠤ ᠪᠠᠷ ᠤᠴᠢᠬᠤ ᠳᠠᠭᠠᠨ ᠲᠠᠨ ᠳᠤ ᠠᠪᠠᠴᠢᠭᠠᠳ ᠦᠭᠴᠢᠭᠡᠨ᠎ᠡ ᠰᠢᠤ ᠁︾ ᠭᠡᠵᠤ ᠵᠦᠪᠰᠢᠶᠡᠷᠡᠯ ᠭᠤᠷᠢᠳᠠᠭᠰᠠᠨ ᠵᠦᠭᠡᠯᠡᠨ ᠲᠠᠭᠤᠨ ᠢᠶᠠᠷ ᠨᠠᠮᠤᠭᠤᠬᠠᠨ ᠭᠡᠭᠴᠢ ᠦᠭᠦᠯᠡᠬᠦ ᠳᠤᠨᠢ ᠡᠪᠦᠭᠡᠨ ᠭᠤᠸᠠᠢ ᠤᠮᠤᠭ ᠪᠠᠷᠳᠠᠮ ᠢᠶᠠᠷ᠄ ︽ᠵᠠ᠂ ᠪᠤᠯᠤᠨ᠎ᠠ  ᠁ ᠪᠠᠩᠬᠢ ᠶᠢᠨ ᠨᠤᠮᠧᠷ ᠢᠶᠠᠨ ᠬᠤᠷᠳᠤᠬᠠᠨ ᠶᠠᠪᠤᠭᠤᠯ᠂ ᠪᠢ ᠤᠳᠤ ᠪᠠᠷ ᠢᠶᠠᠨ ᠭᠤᠪᠢᠭᠤᠯᠵᠤ ᠦᠭᠭᠦᠶ᠎ᠡ︾ ᠭᠡᠵᠤ ᠪᠠᠶᠠᠷᠲᠠᠶᠢᠬᠠᠨ ᠭᠡᠭᠴᠢ ᠵᠦᠪᠰᠢᠶᠡᠷᠡᠪᠡ᠃         ᠡᠪᠦᠭᠡᠨ ᠭᠤᠸᠠᠢ ᠡᠬᠡᠨᠠᠷ ᠤᠨ ᠢᠶᠠᠨ ᠨᠠᠰᠤᠨ ᠲᠤᠷᠰᠢ ᠢᠳᠡᠵᠦ ᠡᠮᠦᠰᠬᠦ ᠪᠠᠨ ᠠᠷᠪᠢᠯᠠᠵᠤ ᠪᠠᠶᠢᠭᠠᠳ ᠦᠯᠡᠳᠡᠭᠡᠵᠦ ᠬᠠᠳᠠᠭᠠᠯᠠᠭᠰᠠᠨ ᠲᠤᠯᠤᠭᠠᠨ ᠲᠦᠮᠡᠨ ᠲᠦᠭᠦᠷᠢᠭ ᠵᠤᠭᠤᠰ ᠢ ᠨᠢ ᠪᠠᠩᠬᠢ ᠠᠴᠠ ᠠᠪᠴᠦ ᠭᠠᠷᠭᠠᠨ᠂ ᠰᠠᠶᠢᠨ ᠨᠠᠶᠢᠵᠢ ᠯᠠᠪᠠᠢ ᠠᠴᠠ ᠨᠢᠭᠡ ᠲᠦᠮᠡᠨ ᠲᠦᠭᠦᠷᠢᠭ ᠵᠢᠭᠡᠯᠡᠭᠡᠳ ᠴᠠᠰᠤ ᠴᠠᠭᠠᠨ ᠭᠦᠩᠵᠦ ᠶᠢᠨ ᠬᠠᠩᠭᠠᠭᠰᠠᠨ ᠪᠠᠩᠬᠢ ᠶᠢᠨ ᠨᠤᠮᠧᠷ ᠤᠷᠤᠭᠤ ᠭᠤᠪᠢᠭᠤᠯᠤᠯ᠎ᠠ᠃   ᠤᠳᠠᠯ ᠦᠭᠡᠢ ᠵᠢᠭᠠᠬᠠᠨ ᠠᠮᠠᠷᠠᠭ ᠨᠢ ᠴᠠᠬᠢᠮ ᠴᠢᠮᠡᠭᠡ ᠢᠷᠡᠭᠦᠯᠦᠨ  ᠄ ︽ᠬᠠᠶᠢᠷᠠᠲᠦ ᠮᠢᠨᠢ᠂ ᠵᠤᠭᠤᠰ  ᠎ ᠢ ᠴᠢᠨᠢ ᠤᠯᠤᠯ᠎ᠠ᠂ ᠪᠠᠶᠠᠷᠯᠠᠵᠤ ᠲᠠᠯᠠᠷᠬᠠᠬᠤ ᠳᠠᠭᠠᠨ ᠬᠠᠯᠠᠭᠤᠨ ᠤᠷᠤᠭᠤᠯ ᠢ ᠴᠢᠨᠢ ᠰᠢᠪ ᠰᠢᠪ  ᠭᠡᠲᠡᠯ᠎ᠡ ᠦᠨᠦᠰᠦᠶ᠎ᠡ᠂ ᠬᠡᠯᠡᠬᠦ ᠤᠴᠢᠷ ᠭᠡᠪᠡᠯ᠂ ᠲᠠᠷᠠᠭ᠎ᠠ ᠭᠠᠷᠠᠭ ᠤᠨ ᠭᠤᠷᠪᠠᠨ ᠳᠤ ᠪᠢ ᠲᠠᠨ ᠤ ᠲᠡᠨᠳᠡ ᠤᠴᠢᠵᠤ ᠲᠠᠨ ᠲᠠᠢ ᠪᠠᠨ ᠠᠭᠤᠯᠵᠠᠨ᠎ᠠ ᠰᠢᠤ᠂ ᠲᠡᠷᠡ ᠦᠶᠡᠰ  ᠬᠤᠶᠠᠭᠤᠯᠠ ᠤᠷᠤᠭ ᠤᠨ ᠪᠠᠳᠤᠯᠠᠪᠤᠷᠢ ᠪᠠᠨ ᠠᠪᠤᠨ᠎ᠠ᠂ ᠵᠤᠭᠤᠰ ᠢ ᠴᠢᠨᠢ ᠴᠦ ᠲᠤᠭ᠎ᠠ ᠶᠤᠰᠤᠭᠠᠷ ᠨᠢ ᠪᠤᠴᠠᠭᠠᠨ᠎ᠠ ᠳ᠋ᠠ᠂ ᠲᠡᠭᠦᠤᠲᠠᠢ ᠨᠢ ᠪᠢ ᠵᠤᠭᠤᠰ ᠭᠡᠮᠡᠭᠴᠢ ᠡᠨᠡᠬᠦ ᠡᠷᠢᠶᠡᠨ ᠠᠯᠠᠭ ᠴᠠᠭᠠᠰᠤ ᠶᠢ ᠶᠡᠷᠦ ᠠᠴᠠ ᠲᠤᠭᠤᠳᠠᠭ ᠦᠭᠡᠢ ᠡ᠂ ᠬᠠᠷᠢᠨ ᠦᠨᠡᠯᠡᠰᠢ ᠦᠭᠡᠢ ᠬᠠᠯᠠᠭᠤᠨ ᠬᠠᠶᠢᠷ᠎ᠠ ᠪᠠᠨ ᠠᠮᠢᠨ ᠠᠴᠠ ᠪᠠᠨ ᠢᠯᠡᠭᠦᠤ ᠡᠷᠬᠢᠮᠯᠡᠨ᠎ᠡ᠂ ᠲᠠᠨ ᠤ ᠪᠠᠨ ᠠᠰᠪᠤᠷ ᠵᠠᠩ᠂ ᠲᠤᠰᠠᠷᠬᠠᠭ ᠰᠡᠳᠬᠢᠯ᠂ ᠴᠠᠶᠢᠯᠭᠠᠨ ᠰᠠᠨᠠᠭ᠎ᠠ ᠁ ᠵᠡᠷᠭᠡ ᠳᠤ ᠴᠢᠨᠢ ᠮᠢᠨᠦ ᠰᠦᠨᠡᠰᠦ ᠶᠢ ᠲᠠᠯᠠᠯᠤᠵᠦ᠂ ᠰᠦᠰᠦᠭ ᠢ ᠪᠠᠳᠤᠳᠬᠠᠭᠰᠠᠨ ᠡ ᠁︾ ᠭᠡᠵᠤ ᠰᠡᠳᠭᠢᠯ ᠤᠶᠠᠷᠠᠲᠠᠯ᠎ᠠ ᠰᠠᠶᠢᠬᠠᠨ ᠶᠠᠷᠢᠵᠠᠢ᠃          ᠡᠳᠡᠭᠡᠷ ᠠᠷᠭ᠎ᠠ ᠠᠯᠳᠠᠭᠤᠯᠤᠮ᠎ᠠ ᠠᠶᠠᠲᠠᠢ ᠰᠠᠶᠢᠬᠠᠨ ᠦᠭᠡ ᠶᠢ ᠨᠢ ᠰᠤᠨᠤᠰᠤᠭᠠᠳ ᠡᠪᠦᠭᠡᠨ ᠭᠤᠸᠠᠢ ᠶᠡᠬᠡᠳᠡ ᠰᠡᠳᠭᠢᠯ ᠬᠦᠳᠡᠯᠵᠦ᠂ ᠠᠩᠭᠠᠯᠵᠠᠭᠰᠠᠨ ᠠᠮᠠᠨ ᠎ ᠠᠴᠠ ᠨᠢ ᠲᠠᠭᠤᠨ ᠭᠠᠷᠬᠤ ᠦᠭᠡᠢ ᠪᠠᠴᠢᠮᠳᠠᠨ ᠤᠬᠢᠯᠠᠭ᠎ᠠ ᠦᠭᠡᠢ ᠴᠦ ᠨᠢᠯᠪᠦᠰᠦ ᠨᠢ ᠤᠷᠤᠰᠤᠭᠠᠳ ᠪᠠᠶᠢᠯ᠎ᠠ᠃ ᠡᠪᠦᠭᠡᠨ ᠭᠤᠸᠠᠢ ᠪᠠᠶᠠᠰᠤᠯ ᠲᠤᠭᠳᠤᠯᠤᠯ ᠤᠨ ᠨᠢᠯᠪᠤᠰᠤ ᠲᠠᠢ ᠪᠦᠷᠦᠯᠵᠡᠭᠰᠡᠨ ᠨᠢᠲᠤ ᠪᠠᠨ ᠠᠶᠠᠷᠬᠠᠨ ᠭᠡᠭᠴᠢ ᠵᠦᠯᠭᠦᠭᠡᠳ ᠲᠢᠩᠭᠢᠨᠡᠭᠰᠡᠨ ᠴᠢᠩᠭ᠎ᠠ ᠲᠠᠭᠤᠨ ᠢᠶᠠᠷ᠄ ︽ ᠵᠠ᠂ ᠠᠮᠢᠨᠳᠠᠢ ᠮᠢᠨᠢ᠂ ᠠᠬ᠎ᠠ ᠨᠢ ᠠᠳᠡ ᠎ ᠪᠠᠨ ᠶᠠᠭᠤ ᠪᠡᠯᠡᠳᠭᠡᠪᠡᠯ ᠲᠠᠭᠠᠷᠠᠬᠤ ᠪᠤᠢ︖︾ ᠬᠡᠮᠡᠨ ᠪᠠᠶᠠᠷᠯᠢᠩᠭᠤᠢ ᠠᠰᠠᠭᠤᠬᠤ ᠳᠤᠨᠢ᠂ ᠵᠢᠭᠠᠬᠠᠨ ᠠᠮᠠᠷᠠᠭ ᠨᠢ᠄ ︽ᠬᠠᠶᠢᠷᠠᠳᠤ ᠮᠢᠨᠢ᠂ ᠲᠠ ᠶᠠᠭᠤ ᠴᠦ ᠪᠡᠯᠡᠳᠭᠡᠬᠦ ᠬᠡᠷᠡᠭ ᠦᠭᠡᠢ᠂ ᠬᠤᠪᠴᠠᠰᠤ ᠪᠠᠨ ᠲᠠᠶᠢᠯᠵᠤ ᠬᠤᠶᠠᠭᠤᠯᠠ  ᠎ ᠪᠠᠨ ᠰᠠᠶᠢᠬᠠᠨ ᠵᠢᠷᠭᠠᠬᠤ ᠪᠠᠷ ᠪᠡᠯᠡᠳᠭᠡᠯ ᠲᠠᠢ ᠪᠠᠶᠢᠪᠠᠯ ᠪᠤᠯᠴᠢᠬᠠᠬᠤ ᠨᠢ ᠲᠡᠷᠡ ᠁︾ ᠭᠡᠵᠤ  ᠠᠭᠠᠯᠢ ᠦᠭᠡᠶᠢᠳᠡᠪᠡ᠃     ᠲᠡᠷᠡ ᠴᠠᠭ ᠠᠴᠠ ᠡᠬᠢᠯᠡᠨ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ ᠭᠠᠯ  ᠎ ᠨᠢ ᠡᠭᠡᠭᠡ ᠯᠠ ᠬᠠᠭᠤᠷᠠᠢ ᠲᠦᠯᠡᠭᠡᠨ ᠳᠤ ᠭᠠᠯ ᠵᠠᠯᠭᠠᠭᠰᠠᠨ ᠮᠡᠲᠦ ᠲᠦᠷᠡᠯᠵᠡᠭᠡᠳ ᠵᠢᠭᠠᠬᠠᠨ ᠠᠮᠠᠷᠠᠭ ᠨᠢ ᠡᠪᠦᠷ ᠤᠷᠤᠭᠤ ᠨᠢ ᠤᠳᠠᠯ ᠦᠭᠡᠢ ᠪᠦᠮᠪᠦᠷᠢᠭᠡᠳ ᠢᠷᠡᠬᠦ ᠶᠢ ᠬᠦᠯᠢᠶᠡᠨ  ᠰᠠᠭᠤᠬᠤᠶ᠎ᠠ᠂ ᠲᠠᠪᠤᠨ ᠡᠳᠦᠷ ᠢ ᠴᠦ ᠬᠦᠯᠢᠶᠡᠵᠦ ᠲᠡᠰᠬᠦ ᠦᠭᠡᠢ ᠲᠡᠰᠪᠤᠷᠢ ᠠᠯᠳᠠᠨ ᠰᠠᠨᠳᠤᠷᠤᠨ᠎ᠠ  ᠁     ᠭᠠᠷᠠᠭ ᠤᠨ ᠲᠠᠪᠤᠨ ᠭᠡᠭᠴᠢ ᠨᠢ ᠨᠠᠷᠠ ᠲᠤᠯᠠᠶᠢᠭᠰᠠᠨ ᠰᠠᠶᠢᠬᠠᠨ ᠡᠳᠦᠷ ᠪᠠᠶᠢᠪᠠ᠃ ᠲᠡᠷᠡ ᠦᠷᠯᠦᠭᠡ ᠨᠢ ᠱᠠᠭᠠᠵᠠᠭᠠᠢ ᠴᠦ ᠱᠠᠭᠰᠢᠭᠰᠠᠨ ᠦᠭᠡᠢ᠂ ᠬᠡᠷᠢᠶ᠎ᠡ ᠴᠦ ᠭᠤᠸᠠᠭᠯᠠᠭᠰᠠᠨ ᠦᠭᠡᠢ ᠡᠩ ᠤᠨ ᠶᠡᠷᠦᠮᠳᠡᠭ ᠢᠶᠠᠷ ᠰᠢᠨ᠎ᠡ ᠡᠳᠦᠷ ᠡᠬᠢᠯᠡᠭᠰᠡᠨ ᠡ᠃ ᠡᠪᠦᠭᠡᠨ ᠭᠤᠸᠠᠢ ᠵᠢᠭᠠᠬᠠᠨ ᠠᠮᠠᠷᠠᠭ ᠲᠠᠭᠠᠨ ᠴᠠᠬᠢᠮ ᠴᠢᠮᠡᠭᠡ ᠶᠠᠪᠤᠭᠤᠯᠵᠦ ᠄ ︽ᠬᠦᠬᠡᠬᠤᠳᠠ ᠠᠴᠠ ᠭᠠᠷᠤᠭᠠᠳ ᠢᠷᠡᠴᠢᠭᠡᠪᠡ ᠤᠤ︖︾ ᠬᠡᠮᠡᠨ‌ᠬᠠᠯᠠᠨᠵᠢᠯᠠᠨ ᠠᠰᠠᠭᠤᠬᠤ ᠳᠤ ᠨᠢ᠂ ᠵᠢᠭᠠᠬᠠᠨ ᠠᠮᠠᠷᠠᠭ  ᠎ ᠨᠢ ᠴᠠᠬᠢᠮ ᠴᠢᠮᠡᠭᠡ ᠢᠷᠡᠭᠡᠳ᠄ ︽ᠲᠡᠷᠭᠡ ᠬᠦᠳᠡᠯᠴᠢᠭᠡᠯ᠎ᠡ᠂ ᠪᠠᠷᠤᠭ ᠦᠳᠡ ᠶᠢᠨ ᠬᠤᠶᠢᠨᠠᠬᠢ ᠬᠤᠶᠠᠷ ᠴᠠᠭ ᠤᠨ ᠦᠶ᠎ᠡ ᠪᠠᠷ ᠲᠠᠨ ᠤ ᠬᠤᠰᠢᠭᠤᠨ ᠤ ᠲᠦᠪ ᠲᠤ ᠬᠦᠷᠴᠢᠭᠡᠨ᠎ᠡ  ︾ ᠭᠡᠵᠤ ᠲᠤᠳᠤᠷᠬᠠᠶᠢᠯᠠᠨ ᠬᠡᠯᠡᠪᠡ᠃     ᠰᠦᠰᠦᠲᠠᠢ ᠡᠪᠦᠭᠡᠨ ᠵᠢᠭᠠᠬᠠᠨ ᠠᠮᠠᠷᠠᠭ ᠲᠠᠢ ᠪᠠᠨ ᠬᠤᠷᠳᠤᠬᠠᠨ ᠭᠡᠭᠴᠢ ᠠᠭᠤᠯᠵᠠᠬᠤ ᠬᠡᠮᠡᠨ‌ᠠᠷᠠᠢ  ᠭᠡᠵᠤ ᠦᠳᠡ ᠶᠢᠨ ᠨᠢᠭᠡ ᠴᠠᠭ  ᠭᠠᠷᠤᠢ ᠪᠤᠯᠤᠮᠠᠭᠴᠠ ᠲᠡᠷᠭᠡᠨ ᠦᠷᠲᠡᠭᠡᠨ ᠳᠤ ᠬᠦᠷᠪᠡ᠃ ᠬᠦᠯᠢᠶᠡᠭᠰᠡᠨ ᠶᠠᠭᠤᠮ᠎ᠠ ᠤᠳᠠᠭᠠᠨ᠂ ᠬᠦᠰᠡᠭᠰᠡᠨ ᠶᠠᠭᠤᠮ᠎ᠠ ᠬᠤᠯᠠ ᠭᠡᠳᠡᠭᠴᠢᠯᠡᠨ ᠲᠦᠩᠭᠡᠵᠦ ᠬᠤᠶᠠᠷ ᠴᠠᠭ ᠭᠠᠷᠤᠢ ᠪᠤᠯᠤᠭᠠᠳ ᠰᠠᠶ᠋ᠢ ᠬᠦᠬᠡᠬᠤᠲᠠ ᠠᠴᠠ ᠢᠷᠡᠭᠰᠠᠨ ᠲᠡᠷᠭᠡ ᠦᠷᠲᠡᠭᠡᠨ ᠳᠤ ᠤᠷᠤᠵᠦ ᠢᠷᠡᠪᠡ᠃         ᠡᠪᠦᠭᠡᠨ ᠭᠤᠸᠠᠢ ᠡᠭᠦᠳᠡᠨ ᠤ ᠬᠠᠵᠠᠭᠤ ᠳᠤ ᠵᠤᠭᠰᠤᠵᠦ᠂ ᠲᠦᠴᠢᠭᠡᠳ ᠠᠶᠠᠨᠴᠢᠳ ᠢ ᠪᠦᠭᠦᠳᠡ ᠶᠢ ᠲᠡᠷᠭᠡᠨ ᠠᠴᠠ ᠪᠠᠭᠤᠵᠦ ᠪᠠᠷᠠᠳᠠᠯ᠎ᠠ ᠠᠵᠢᠭᠯᠠᠭᠰᠠᠨ ᠴᠦ ᠵᠢᠭᠠᠬᠠᠨ ᠠᠮᠠᠷᠠᠭ ᠨᠢ ᠪᠠᠷ᠎ᠠ ᠰᠤᠷᠠᠭ ᠦᠭᠡᠢ ᠪᠠᠶᠢᠭᠰᠠᠨ ᠳᠤ᠂ ᠡᠪᠦᠭᠡᠨ ᠭᠤᠸᠠᠢ ᠶᠢᠨ ᠲᠤᠳᠤᠷ᠎ᠠ ᠲᠦᠩ ᠳ᠋ᠠᠩ  ᠎ ᠲᠠᠢ ᠪᠤᠯᠵᠦ  ᠄ ︽ ᠪᠢ ᠴᠢᠨᠢ ᠮᠡᠬᠡᠯᠡᠭᠳᠡᠴᠢᠭᠡᠪᠡ  ᠤᠤ︖︾ ᠭᠡᠵᠤ ᠰᠡᠵᠢᠭ ᠲᠦᠷᠦᠭᠰᠡᠭᠡᠷ ᠲᠦᠷᠭᠡᠬᠡᠨ ᠭᠡᠭᠴᠢ ᠭᠡᠷ ᠲᠡᠭᠡᠨ ᠬᠠᠷᠢᠵᠦ᠂ ᠵᠢᠭᠠᠬᠠᠨ ᠠᠮᠠᠷᠠᠭ ᠤᠨ ᠢᠶᠠᠨ ᠸᠢᠴᠠᠲ ᠢ ᠨᠢ ᠨᠡᠭᠡᠭᠡᠵᠦ ᠦᠵᠡᠬᠦᠶ᠎ᠡ᠂ ᠲᠡᠷᠡᠬᠦ ᠵᠤᠤᠮᠠᠯᠵᠠᠨ ᠢᠨᠢᠶᠡᠮᠰᠦᠭᠯᠡᠭᠰᠡᠨ ᠭᠤᠶᠦ ᠰᠡᠭᠦᠳᠡᠷ ᠨᠢ ᠠᠯᠢ ᠬᠡᠳᠦᠶᠢᠨ ᠠᠯᠠᠭ᠎ᠠ ᠪᠤᠯᠵᠦ᠂ ᠦᠨᠦᠬᠢ ᠪᠦᠰᠡᠭᠦᠢ ᠶᠢᠨ ᠸᠢᠴᠠᠲ ᠨᠢ ᠴᠦ ᠦᠭᠡ ᠦᠰᠦᠭ ᠠᠯᠢ ᠨᠢ ᠴᠦ ᠨᠡᠪᠳᠡᠷᠡᠬᠦ ᠪᠠᠨ ᠪᠤᠯᠢᠵᠦ ᠬᠡᠷᠡᠭᠴᠡᠭᠡ ᠪᠠᠨ ᠠᠯᠳᠠᠭᠰᠠᠨ ᠪᠠᠶᠢᠪᠠ᠃         ᠲᠡᠷᠡᠬᠡᠨ ᠵᠠᠭᠤᠷ᠎ᠠ ᠰᠦᠰᠦᠲᠠᠢ ᠭᠤᠸᠠᠢ ᠶᠢᠨ ᠬᠤᠶᠠᠷ ᠬᠦᠯ ᠨᠢ ᠡᠪᠦᠳᠦᠭ ᠢᠶᠠᠷ ᠢᠶᠠᠨ ᠨᠤᠭᠤᠷᠠᠴᠢᠬᠠᠭᠰᠠᠨ ᠪᠠᠶᠢᠵᠦ᠂ ᠵᠢᠰᠦ ᠦᠵᠡᠭᠳᠡᠮ᠎ᠡ ᠵᠦᠯᠭᠦᠭᠰᠡᠨ ᠱᠠᠯᠠ ᠲᠡᠭᠡᠷ᠎ᠡ ᠪᠠᠨ ︽ᠲᠦᠰ︾ ᠭᠡᠲᠡᠯ᠎ᠡ ᠰᠦᠭᠦᠳᠦᠭᠡᠳ᠄ ︽ᠪᠢ ᠬᠦᠬᠡᠷᠦᠬᠦᠢ ᠡᠮᠡᠭᠡᠨ ᠳᠡᠭᠡᠨ ᠤᠰᠤᠯᠳᠠᠵᠠᠢ ᠁︾ ᠬᠡᠮᠡᠨ ᠬᠤᠶᠠᠷ ᠨᠢᠳᠦᠨ ᠠᠴᠠ ᠪᠠᠨ ᠬᠡᠯᠬᠢᠶ᠎ᠡ ᠨᠢᠯᠪᠦᠰᠦ ᠪᠦᠮᠪᠦᠷᠢᠭᠦᠯᠦᠨ᠎ᠡ᠃       
            