| | | ᠰᠦᠰᠦᠲᠠᠢ ᠡᠪᠦᠭᠡᠨ ᠤ ᠰᠦᠯᠵᠢᠶᠡᠨ ᠤ ᠠᠮᠠᠷᠠᠭ | | ᠬᠠᠷᠠᠪᠠᠷᠰ | | | ᠰᠦᠰᠦᠲᠠᠢ ᠭᠤᠸᠠᠢ ᠡᠷᠳᠡᠯᠡᠨ ᠪᠤᠰᠴᠤ ᠤᠤᠯ ᠤᠨ | ᠵᠤᠷᠰᠢᠯ ᠢᠶᠠᠷ ᠢᠶᠠᠨ ᠦᠷᠯᠦᠭᠡ ᠶᠢᠨ ᠲᠠᠮᠢᠷ ᠲᠠᠭᠠᠨ | ᠭᠠᠷᠬᠤ ᠪᠠᠷ ᠬᠠᠩᠭᠠᠢ ᠴᠡᠴᠡᠷᠯᠢᠭ ᠢ ᠴᠢᠭᠯᠡᠨ ᠬᠤᠷᠳᠤᠯᠠᠨ | ᠠᠯᠬᠤᠯᠠᠪᠠ᠃ | ᠡᠪᠦᠭᠡᠨ ᠭᠤᠸᠠᠢ ᠶᠢᠨ ᠡᠳᠦᠭᠡ ᠪᠤᠯᠳᠠᠯ᠎ᠠ ᠪᠠᠨ | ᠪᠠᠷᠢᠮᠳᠠᠯᠠᠭᠰᠠᠭᠠᠷ ᠢᠷᠡᠭᠰᠡᠨ ᠦᠨᠦᠬᠢ ᠰᠠᠶᠢᠬᠠᠨ ᠲᠠᠳᠬᠠᠯ | ᠭᠡᠮᠡᠭᠴᠢ ᠨᠢ ᠲᠠᠷᠤᠢ ᠦᠷᠯᠦᠭᠡ ᠪᠦᠷᠢ ᠰᠤᠯᠠ ᠠᠯᠬᠤᠯᠠᠵᠤ | ᠪᠡᠶ᠎ᠡ ᠪᠠᠨ ᠪᠤᠯᠪᠠᠰᠤᠷᠠᠬᠤ ᠶᠠᠪᠤᠳᠠᠯ ᠨᠢ ᠪᠤᠯᠬᠤ ᠶᠤᠮ᠃ | ᠲᠡᠭᠦᠨ ᠤ ᠭᠢᠨᠢ ᠵᠢᠷᠤᠮ ᠭᠤᠷᠢᠮ ᠨᠢ ᠭᠡᠪᠡᠯ᠂ ᠤᠯᠠᠷᠢᠯ ᠪᠠ | ᠠᠭᠤᠷ ᠠᠮᠢᠰᠬᠤᠯ ᠤᠨ ᠬᠤᠪᠢᠷᠠᠯᠲᠠ ᠶᠠᠮᠠᠷ ᠪᠠᠶᠢᠭᠰᠠᠨ ᠴᠦ | ᠡᠪᠦᠭᠡᠨ ᠭᠤᠸᠠᠢ ᠰᠠᠭᠤᠭᠠᠯᠢ ᠲᠤᠭᠤᠷᠢᠭ ᠠᠴᠠ ᠪᠠᠨ ᠬᠠᠩᠭᠠᠢ | ᠴᠡᠴᠡᠷᠯᠢᠭ ᠬᠦᠷᠦᠭᠡᠳ ᠠᠬᠢᠨ ᠪᠤᠴᠠᠵᠤ ᠢᠷᠡᠳᠡᠯ᠎ᠡ ᠪᠠᠷᠤᠭ | ᠵᠢᠷᠭᠤᠭᠠᠨ ᠭᠠᠵᠠᠷ ᠬᠢᠷᠢᠳᠠᠢ ᠰᠤᠯᠠ ᠠᠯᠬᠤᠯᠠᠬᠤ ᠪᠠᠨ ᠶᠡᠷᠤ | ᠰᠠᠭᠠᠳᠤᠯ ᠦᠭᠡᠢ ᠪᠠᠷ ᠦᠷᠭᠦᠯᠵᠢ ᠪᠠᠷᠢᠮᠲᠠᠯᠠᠬᠤ ᠵᠢᠴᠢ | ᠴᠡᠴᠡᠷᠯᠢᠭ ᠤᠨ ᠠᠭᠤᠳᠠᠮ ᠲᠠᠯᠠᠪᠠᠢ ᠲᠡᠭᠡᠷ᠎ᠡ ᠬᠠᠭᠠᠰ ᠴᠠᠭ | ᠰᠢᠬᠠᠮ ᠨᠢᠲᠤᠷᠭᠠᠨ ᠡᠷᠳᠡᠮ ᠪᠤᠯᠪᠠᠰᠤᠷᠠᠳᠠᠭ ᠵᠠᠩᠰᠢᠯ ᠲᠠᠢ | ᠠᠵᠠᠢ᠃ | ᠬᠠᠶᠠ ᠵᠠᠷᠢᠮ ᠳᠠᠭᠠᠨ ᠪᠠᠰᠠ ᠲᠠᠨᠢᠯ ᠲᠠᠰᠤᠯ | ᠬᠦᠮᠦᠰ ᠲᠠᠢ ᠪᠠᠨ ᠤᠯᠵᠤ ᠠᠭᠤᠯᠵᠠᠪᠠᠯ ᠬᠠᠷᠢᠯᠴᠠᠨ ᠠᠮᠤᠷ | ᠮᠡᠨᠲᠤ ᠪᠠᠨ ᠠᠰᠠᠭᠤᠯᠴᠠᠨ᠂ ᠦᠶ᠎ᠡ ᠬᠤᠷᠠᠭ ᠤᠨ | ᠤᠯᠤᠰ ᠲᠠᠢ ᠪᠠᠨ ᠤᠴᠠᠷᠠᠪᠠᠯ ᠶᠤᠰᠤᠲᠠᠢ ᠦᠭᠦᠯᠡᠭᠡᠳ ᠪᠠᠷᠠᠰᠢ | ᠦᠭᠡᠢ ᠲᠠᠯᠠᠨ ᠵᠤᠭᠤᠭ ᠢᠶᠠᠨ ᠲᠡᠯᠭᠡᠵᠦ ᠤᠯᠤᠰ ᠤᠨ ᠤᠴᠢᠷ᠂ | ᠠᠯᠪᠠᠨ ᠤ ᠶᠠᠪᠤᠳᠠᠯ᠂ ᠡᠷᠳᠡᠨ ᠤ ᠬᠠᠭᠤᠴᠢ᠂ ᠡᠳᠦᠭᠡ ᠶᠢᠨ | ᠪᠠᠶᠢᠳᠠᠯ ᠁ ᠵᠡᠷᠭᠡ ᠶᠢ ᠰᠡᠳᠭᠢᠯ ᠢᠶᠠᠨ ᠠᠭᠤᠵᠢᠷᠠᠲᠠᠯ᠎ᠠ | ᠬᠦᠤᠷᠨᠢᠯᠲᠤᠨ ᠤᠶᠢᠳᠬᠠᠷ ᠪᠤᠬᠢᠨᠢᠲᠤᠯ ᠢᠶᠠᠨ ᠰᠡᠷᠭᠦᠭᠡᠨ | ᠤᠷᠮᠠᠰ ᠰᠡᠳᠭᠢᠯᠭᠡ ᠪᠠᠨ ᠬᠦᠭᠵᠢᠭᠡᠵᠦ᠂ ᠪᠡᠶ᠎ᠡ | ᠰᠡᠳᠭᠢᠴᠡ ᠶᠢᠨ ᠶᠡᠭᠡ ᠲᠦᠭᠵᠢᠷᠡᠯ ᠳᠡᠭᠡᠨ ᠴᠡᠪᠡᠷ | ᠪᠠᠶᠢᠭᠠᠯᠢᠯᠢᠭ ᠰᠢᠮ᠎ᠡ ᠲᠡᠵᠢᠭᠡᠯ ᠨᠦᠬᠦᠪᠦᠷᠢᠯᠡᠳᠡᠭ ᠨᠢ | ᠠᠵᠢᠯ ᠤᠨ ᠠᠮᠠᠷᠠᠯᠳᠠ ᠪᠠᠨ ᠠᠪᠤᠭᠰᠠᠨ ᠡᠪᠦᠭᠡᠨ ᠭᠤᠸᠠᠢ ᠳᠤ | ᠠᠪᠴᠤ ᠬᠡᠯᠡᠪᠡᠯ ᠮᠥᠨ ᠴᠦ ᠨᠢᠭᠡ ᠡᠷᠡᠨ ᠤ ᠵᠢᠷᠭᠠᠯ ᠪᠦᠯᠦᠭᠡ᠃ | ᠰᠦᠰᠦᠲᠠᠢ ᠭᠤᠸᠠᠢ ᠶᠢ ᠴᠡᠴᠡᠷᠯᠢᠭ ᠳᠤ ᠬᠦᠷᠬᠦᠶ᠎ᠡ᠂ ᠦᠨᠲᠦᠷ | ᠮᠤᠳᠤᠨ ᠲᠡᠭᠡᠷᠡᠬᠢ ᠲᠤᠮᠤ ᠯᠠᠪᠠᠷ ᠠᠴᠠ ᠤᠶᠠᠩᠭᠠᠲᠦ ᠬᠦᠭᠵᠢᠮ | ᠬᠠᠩᠭᠢᠨᠠᠨ ᠠᠭᠤᠳᠠᠮ ᠲᠠᠯᠠᠪᠠᠢ ᠲᠡᠭᠡᠷ᠎ᠡ ᠡᠷᠡᠭᠲᠠᠢ ᠡᠮᠡᠭᠳᠠᠢ | ᠤᠯᠠᠨ ᠬᠦᠮᠦᠰ ᠪᠡᠶ᠎ᠡ ᠴᠢᠬᠢᠷᠠᠭᠵᠢᠭᠤᠯᠬᠤ ᠪᠦᠵᠢᠭ ᠪᠦᠵᠢᠭᠯᠡᠵᠦ | ᠶᠠᠭᠠᠷᠠᠯᠳᠤᠨ᠎ᠠ᠃ ᠴᠡᠴᠡᠷᠯᠢᠭ ᠤᠨ ᠬᠤᠶᠢᠲᠤ ᠦᠨᠴᠦᠭ ᠤᠨ | ᠪᠢᠲᠡᠭᠦᠤ ᠮᠤᠳᠤ ᠲᠠᠢ ᠬᠦᠮᠦᠨ ᠴᠦᠬᠡᠨ ᠲᠡᠷᠡ ᠪᠤᠯᠤᠩ | ᠭᠠᠵᠠᠷ ᠲᠤᠨᠢ ᠨᠢᠮᠬᠡᠨ ᠴᠠᠭᠠᠨ ᠬᠤᠪᠴᠠᠰᠤ ᠲᠠᠢ ᠬᠡᠳᠦᠨ | ᠡᠪᠦᠭᠡᠨ ᠰᠠᠮᠠᠭᠠᠨ ᠨᠢᠲᠤᠷᠭᠠᠨ ᠡᠷᠳᠡᠮ ᠪᠤᠯᠪᠠᠰᠤᠷᠠᠵᠤ | ᠪᠠᠶᠢᠭᠰᠠᠨ ᠳᠤ᠂ ᠡᠪᠦᠭᠡᠨ ᠭᠤᠸᠠᠢ ᠴᠦ ᠲᠡᠳᠡᠨ ᠤ ᠡᠩᠨᠡᠭᠡᠨ ᠳᠤ | ᠤᠷᠤᠭᠠᠳ ᠡᠭᠡᠭᠡ ᠯᠠ ᠵᠠᠯᠠᠭᠤ ᠬᠦᠮᠦᠨ ᠰᠢᠭ ᠨᠢᠲᠤᠷᠭ᠎ᠠ | ᠡᠷᠭᠢᠭᠦᠯᠦᠨ ᠦᠰᠦᠷᠦᠨ ᠲᠤᠭᠯᠠᠵᠤ ᠠᠶᠢᠵᠠᠮᠲᠠᠢ ᠰᠠᠶᠢᠬᠠᠨ | ᠬᠦᠳᠡᠯᠭᠡᠭᠡᠨ ᠢᠶᠠᠨ ᠰᠠᠶ᠋ᠢ ᠡᠬᠢᠯᠡᠭᠦᠯᠵᠦ ᠪᠠᠶᠢᠲᠠᠯ᠎ᠠ᠂ | ᠭᠡᠨᠡᠳᠲᠡ ᠲᠡᠭᠡᠲᠤ ᠬᠠᠷᠮᠠᠨ ᠳᠤᠨᠢ ᠪᠠᠶᠢᠭᠰᠠᠨ ᠭᠠᠷ | ᠤᠳᠠᠰᠤ ᠨᠢ ᠴᠡᠴᠡᠷᠬᠢᠯᠡᠨ ᠲᠤᠤᠭᠠᠷᠴᠤ ᠴᠠᠬᠢᠮ ᠴᠢᠮᠡᠭᠡ ᠶᠢᠨ | ᠲᠤᠬᠢᠶ᠎ᠠ ᠢᠷᠡᠬᠦ ᠰᠢᠤᠬᠠᠨ ᠪᠤᠯᠪᠠ᠃ | ᠲᠡᠷᠡ ᠭᠤᠸᠠᠢ ᠴᠦ ᠶᠡᠬᠡᠲᠡ ᠭᠠᠶᠢᠬᠠᠰᠬᠢᠵᠤ᠄ ︽ᠬᠦᠶ᠋ᠢ᠂ ᠡᠨᠡ | ᠬᠦᠳᠡᠭᠡ ᠭᠠᠳᠠᠨ᠎ᠠ ᠰᠦᠯᠵᠢᠶ᠎ᠡ ᠶᠢᠨ ᠵᠠᠯᠭᠠᠯᠲᠠ ᠪᠠᠷᠤᠭᠲᠠᠢ | ᠦᠭᠡᠢ ᠪᠠᠶᠢᠬᠤ ᠳᠤ ᠬᠡᠷᠬᠢᠨ ᠸᠢᠴᠠᠲ ᠨᠡᠪᠳᠡᠷᠡᠵᠦ ᠪᠠᠶᠢᠬᠤ | ᠪᠠᠶᠢᠬᠤ ᠪᠢᠯᠠ︖︾ ᠬᠡᠮᠡᠨ ᠬᠡᠰᠡᠭ ᠲᠦᠭᠳᠡᠷᠡᠬᠦ ᠰᠢᠭ | ᠪᠤᠯᠤᠭᠰᠠᠨ ᠢᠶᠠᠨ᠄ ︽ᠤᠦ ᠳ᠋ᠠ ᠂ ᠪᠢ ᠴᠢᠨᠢ ᠦᠴᠦᠭᠡᠳᠦᠷ ᠦᠳᠡ | ᠬᠤᠶᠢᠨ᠎ᠠ ᠬᠦᠳᠡᠭᠡ ᠶᠠᠪᠤᠬᠤ ᠳᠠᠭᠠᠨ ᠦᠨᠦᠬᠢ ᠨᠡᠭᠦᠳᠡᠯ | ᠤᠳᠠᠰᠤ ᠶᠢ ᠨᠢ ᠵᠠᠯᠭᠠᠭᠰᠠᠨ ᠢᠶᠠᠨ ᠲᠠᠭ ᠮᠠᠷᠲᠠᠴᠢᠬᠠᠭᠰᠠᠨ | ᠪᠠᠶᠢᠵᠠᠢ ᠰᠢᠤ ᠁︾ ᠭᠡᠵᠤ ᠰᠠᠶ᠋ᠢ ᠰᠠᠨᠠᠵᠤ ᠤᠯᠤᠭᠠᠳ᠄ ︽ᠵᠠ᠂ | ᠶᠠᠭᠤ ᠪᠤᠯᠤᠭᠰᠠᠨ ᠴᠦ ᠬᠡᠨ ᠴᠠᠬᠢᠮ ᠴᠢᠮᠡᠭᠡ ᠢᠷᠡᠭᠦᠯᠵᠦ | ᠪᠠᠶᠢᠬᠤ ᠶᠢ ᠨᠢ ᠦᠵᠡᠶ᠎ᠡ᠂ ᠴᠢᠬᠤᠯᠠ ᠤᠴᠢᠷ ᠲᠠᠢ ᠴᠦ ᠪᠠᠶᠢᠵᠦ | ᠮᠡᠳᠡᠨ᠎ᠡ︾ᠭᠡᠵᠤ ᠡᠯᠠᠢ ᠪᠠᠯᠠᠢ ᠶᠠᠭᠤᠮ᠎ᠠ ᠰᠡᠳᠭᠢᠭᠰᠡᠭᠡᠷ | ᠬᠤᠷᠳᠤᠬᠠᠨ ᠭᠡᠭᠴᠢ ᠠᠯᠬᠤᠯᠠᠵᠦ ᠴᠡᠴᠡᠷᠯᠢᠭ ᠤᠨ ᠵᠡᠭᠦᠨ | ᠬᠤᠶᠢᠲᠤ ᠦᠨᠴᠦᠭ ᠳᠠᠬᠢ ᠰᠦᠮ᠎ᠡ ᠬᠡᠯᠪᠡᠷᠢᠲᠠᠢ | ᠪᠠᠶᠢᠭᠤᠯᠤᠭᠰᠠᠨ ᠭᠡᠭᠡᠮᠰᠦᠭ ᠪᠠᠭᠠᠬᠠᠨ ᠰᠠᠷᠠᠪᠴᠢᠨ ᠲᠤᠤᠷᠠᠬᠢ | ᠬᠦᠨᠳᠡᠯᠡᠨ ᠰᠠᠨᠳᠠᠯᠢ ᠲᠡᠭᠡᠷ᠎ᠡ ᠤᠴᠢᠵᠤ ᠰᠠᠭᠤᠭᠠᠳ ᠦᠨᠦᠬᠢ | ᠶᠡᠬᠡᠬᠡᠨ ᠨᠢᠭᠤᠷ ᠲᠠᠢ ᠭᠠᠷ ᠤᠳᠠᠰᠤ ᠪᠠᠨ ᠯᠠᠷᠵᠠᠲᠠᠶᠢᠬᠠᠨ | ᠭᠡᠭᠴᠢ ᠭᠠᠷᠭᠠᠨ ᠦᠵᠡᠬᠦᠶ᠎ᠡ ︽ᠴᠠᠰᠤ ᠴᠠᠭᠠᠨ ᠭᠦᠩᠵᠦ︾ ᠭᠡᠮᠡᠬᠦ | ᠨᠡᠷ᠎ᠡ ᠲᠠᠢ ᠨᠢᠭᠡ ᠬᠦᠮᠦᠨ ᠲᠡᠭᠦᠨ ᠲᠠᠢ ᠨᠠᠶᠢᠵᠠ ᠪᠤᠯᠬᠤ ᠶᠢ | ᠡᠷᠡᠮᠡᠯᠵᠡᠭᠰᠡᠨᠲ᠋ᠤᠬᠢᠶᠠ ᠢᠷᠡᠭᠦᠯᠦᠭᠰᠡᠨ ᠪᠠᠶᠢᠪᠠ᠃ ︽ | ᠲᠠ ᠰᠠᠶᠢᠨ ᠤᠤ︖︾ ᠭᠡᠵᠤ ᠴᠠᠬᠢᠮ ᠴᠢᠮᠡᠭᠡ ᠪᠠᠷ ᠠᠮᠤᠷ | ᠠᠰᠠᠭᠤᠭᠰᠠᠨ ᠪᠠ ︽ᠴᠠᠰᠤ ᠴᠠᠭᠠᠨ ᠭᠦᠩᠵᠦ︾ ᠨᠢ ᠦᠯᠦ ᠮᠡᠳᠡᠭ | ᠰᠢᠷ᠎ᠠ ᠪᠠᠷ ᠪᠤᠳᠤᠭᠰᠠᠨ ᠭᠡᠵᠢᠭᠡ ᠪᠠᠨ ᠰᠤᠯᠠ ᠲᠠᠯᠪᠢᠭᠰᠠᠨ᠂ | ᠮᠤᠶᠢᠯ ᠬᠠᠷ᠎ᠠ ᠨᠢᠳᠦᠲᠠᠢ᠂ ᠵᠢᠷᠪᠢᠭᠡᠷ ᠨᠠᠷᠢᠬᠠᠨ | ᠬᠦᠮᠦᠰᠭᠡ ᠲᠠᠢ᠂ ᠶᠠᠭᠠᠪᠲᠤᠷ ᠴᠢᠷᠠᠢ ᠲᠡᠭᠡᠷ᠎ᠡ ᠪᠠᠨ | ᠶᠠᠭᠠᠬᠢᠬᠤ ᠶᠢᠨ ᠠᠷᠭ᠎ᠠ ᠦᠭᠡᠢ ᠡᠪᠲᠠᠢ ᠵᠤᠬᠢᠴᠠᠭᠰᠠᠨ ᠬᠢᠩᠭᠠᠨ | ᠬᠠᠮᠠᠷ ᠲᠠᠢ ᠪᠦᠭᠡᠳ ᠬᠤᠨᠳᠠᠨ ᠤᠯᠠᠭᠠᠨ ᠤᠷᠤᠭᠤᠯ ᠢᠶᠠᠨ | ᠪᠠᠭᠠᠬᠠᠨ ᠴᠤᠷᠪᠤᠶᠢᠯᠭᠠᠵᠤ᠂ ᠬᠦᠰᠡᠯ ᠬᠠᠶᠢᠷ᠎ᠠ | ᠴᠠᠯᠬᠢᠯᠠᠭᠰᠠᠨ ᠨᠢᠲᠦ ᠪᠠᠷ ᠬᠦᠮᠦᠰ ᠤᠨ ᠦᠭᠡᠳᠡ ᠵᠤᠤᠮᠠᠯᠵᠠᠨ | ᠢᠨᠢᠶᠡᠮᠰᠦᠭᠯᠡᠵᠦ ᠪᠠᠶᠢᠭ᠎ᠠ ᠰᠡᠭᠦᠳᠡᠷ ᠢᠶᠠᠨ ᠸᠢᠴᠠᠲ | ᠲᠡᠭᠡᠷ᠎ᠡ ᠪᠠᠨ ᠲᠠᠯᠪᠢᠵᠠᠢ᠃ ᠲᠡᠷᠡᠬᠦ ᠭᠤᠶᠦ ᠪᠦᠰᠡᠭᠦᠢ ᠶᠢᠨ | ᠰᠡᠭᠦᠳᠡᠷ ᠢ ᠤᠯᠵᠦ ᠬᠠᠷᠠᠭᠰᠠᠨ ᠲᠡᠷᠡᠬᠡᠨ ᠵᠠᠭᠤᠷ᠎ᠠ᠂ ᠡᠪᠦᠭᠡᠨ | ᠭᠤᠸᠠᠢ ᠶᠢᠨ ᠬᠠᠴᠠᠷ ᠨᠢᠭᠤᠷ ᠨᠢ ᠨᠢᠯᠴᠢᠬᠢᠨᠡᠨ᠂ ᠬᠠᠮᠤᠭ | ᠪᠡᠶ᠎ᠡ ᠨᠢ ᠬᠠᠯᠠᠭᠤ ᠤᠷᠭᠢᠵᠤ ᠶᠠᠮᠠᠷ ᠨᠢᠭᠡᠨ ᠶᠠᠭᠤᠮ᠎ᠠ | ᠰᠡᠳᠬᠢᠯ ᠢ ᠨᠢ ᠭᠡᠳᠡᠭᠡᠯᠡᠵᠤ ᠪᠠᠶᠢᠬᠤ ᠶᠢ ᠲᠡᠷᠡ | ᠦᠪᠡᠷ ᠢᠶᠠᠨ ᠴᠦ ᠦᠯᠦ ᠮᠡᠳᠡᠨ᠎ᠡ᠃ ᠶᠠᠭᠤ ᠪᠤᠯᠤᠭᠰᠠᠨ ᠴᠦ | ᠲᠤᠲᠤᠷ᠎ᠠ ᠨᠢ ᠨᠢᠯ ᠪᠠᠭᠤᠵᠦ ᠨᠢᠭᠡ ᠯᠠ ᠵᠢᠭᠲᠡᠶᠢᠬᠡᠨ | ᠰᠠᠨᠠᠭᠳᠠᠬᠤᠶᠠ᠂ ᠲᠡᠷᠡ ᠭᠤᠸᠠᠢ᠄ ︽ᠠ ᠳ᠋ᠠ᠂ ᠮᠥᠨ ᠴᠦ ᠨᠢᠭᠡᠨ | ᠬᠦᠬᠡᠷᠦᠬᠦᠨ ᠠᠮᠢᠳᠠᠨ ᠪᠠᠶᠢᠨ᠎ᠠ᠂ ᠲᠡᠭᠦᠤᠲᠠᠢ ᠮᠢᠨᠢ ᠨᠠᠶᠢᠵᠢ | ᠪᠤᠯᠬᠤ ᠭᠡᠭᠴᠢ ᠰᠠᠶᠢᠨ ᠤᠴᠢᠷ ᠡ᠂ ᠪᠤᠯᠤᠯ ᠦᠭᠡᠢ ᠶᠠᠭᠠᠬᠢᠪᠠ ᠁︾ | ᠭᠡᠵᠤ ᠠᠷᠠᠢ ᠰᠤᠨᠤᠰᠳᠠᠮ᠎ᠠ ᠲᠤᠤᠷᠠᠬᠠᠨ ᠲᠠᠭᠤ ᠪᠠᠷ | ᠠᠮᠠᠨ ᠳᠠᠭᠠᠨ ᠲᠦᠳᠦᠨᠡᠭᠰᠡᠭᠡᠷ ᠦᠨᠦᠬᠢ ᠵᠦᠪᠰᠢᠶᠡᠷᠡᠬᠦ | ᠴᠢᠳᠠᠮᠵᠢ ᠪᠠᠨ ᠲᠠᠷᠤᠬᠤ ᠭᠡᠰᠡᠨ ᠢᠶᠠᠨ ᠭᠡᠨᠡᠳᠲᠡ ᠪᠠᠰᠠ ᠶᠠᠭᠤ | ᠨᠢᠭᠡ ᠶᠢ ᠪᠤᠳᠤᠵᠦ ᠠᠮᠵᠢᠭᠰᠠᠨ ᠪᠤᠯᠤᠯᠳᠠᠢ ᠭᠠᠷ ᠢᠶᠠᠨ | ᠲᠠᠳᠠᠵᠤ ᠪᠠᠭ᠋ᠠᠨ ᠲᠠᠳᠠᠭᠠᠯᠵᠠᠵᠦ᠄ ︽ᠤᠯᠤᠰ ᠤᠳ ᠤᠨ | ᠬᠡᠯᠡᠯᠴᠡᠬᠦ ᠪᠠᠷ ᠤᠳᠤᠬᠢ ᠨᠡᠶᠢᠬᠡᠮ ᠲᠡᠭᠡᠷ᠎ᠡ ᠰᠦᠯᠵᠢᠶᠡᠨ | ᠤ ᠮᠡᠬᠡᠯᠡᠭᠴᠢ ᠭᠡᠭᠴᠢ ᠮᠤᠩ ᠦᠭᠡᠢ ᠤᠯᠠᠨ ᠭᠡᠳᠡᠭ ᠢᠶᠠᠷ | ᠦᠨᠦᠬᠢ ᠪᠦᠰᠡᠭᠦᠢ ᠴᠢᠨᠢ ᠠᠷᠠᠢ ᠴᠦ ᠮᠡᠬᠡᠯᠡᠭᠴᠢ ᠪᠢᠰᠢ ᠪᠢᠵᠠ︖︾ | ᠭᠡᠵᠤ ᠲᠦᠷᠦᠯᠬᠢ ᠮᠡᠳᠡᠷᠡᠮᠵᠢ ᠪᠠᠷ ᠢᠶᠠᠨ ᠲᠦᠲᠡᠭᠡᠯᠵᠡᠬᠦ | ᠰᠢᠤᠬᠠᠨ ᠪᠤᠯᠤᠭᠰᠠᠨ ᠢᠶᠠᠨ᠄ ︽ᠵᠠ᠂ ᠶᠠᠭᠤ ᠪᠤᠯᠤᠭᠰᠠᠨ ᠴᠦ | ᠭᠡᠷ ᠲᠡᠭᠡᠨ ᠬᠠᠷᠢᠵᠤ ᠪᠠᠶᠢᠭᠠᠳ ᠪᠤᠯᠤᠶ᠎ᠠ ︾ ᠭᠡᠵᠤ | ᠦᠪᠡᠷ ᠲᠡᠭᠡᠨ ᠰᠤᠨᠤᠰᠳᠠᠬᠤ ᠲᠡᠳᠤᠢ ᠰᠢᠪᠡᠨᠡᠭᠡᠳ | ᠤᠷᠤᠨ ᠠᠴᠠ ᠪᠠᠨ ᠦᠨᠲᠡᠶᠢᠨ ᠪᠤᠰᠴᠤ ᠭᠡᠷ ᠵᠦᠭ ᠢᠶᠠᠨ ᠰᠡᠩᠳᠡ | ᠮᠡᠩᠳᠡ ᠠᠯᠬᠤᠯᠠᠪᠠ᠃ | ᠰᠦᠰᠦᠲᠠᠢ ᠭᠤᠸᠠᠢ ᠭᠡᠭᠴᠢ ᠵᠢᠷᠠᠨ ᠲᠤᠯᠤᠭ᠎ᠠ ᠬᠦᠷᠴᠦ ᠵᠠᠵᠠᠨ | ᠦᠰᠦ ᠨᠢ ᠪᠤᠭᠤᠷᠤᠯᠲᠤᠭᠰᠠᠨ ᠪᠤᠯᠪᠠᠴᠤ ᠪᠡᠶ᠎ᠡ ᠲᠡᠩᠬᠡᠭᠡ ᠨᠢ | ᠰᠠᠶᠢᠨ᠂ ᠡᠮᠦᠰᠴᠦ ᠵᠡᠭᠦᠬᠦ ᠨᠢ ᠴᠦ ᠲᠡᠷᠢ ᠲᠡᠭᠰᠢ᠂ ᠦᠭᠡ | ᠶᠠᠷᠢᠶ᠎ᠠ ᠨᠢ ᠴᠦ ᠤᠬᠠᠭᠠᠯᠢᠭ ᠤᠷᠠᠨ ᠬᠦᠮᠦᠨ ᠪᠤᠯᠬᠤᠷ ᠲᠦᠩᠭᠡᠵᠢ | ᠲᠠᠪᠢ ᠭᠠᠷᠴᠤ ᠪᠠᠶᠢᠭ᠎ᠠ ᠰᠢᠭ᠋ ᠯᠠ ᠬᠠᠷᠠᠭᠳᠠᠨ᠎ᠠ᠃ ᠭᠡᠬᠦ ᠳᠤ | ᠡᠨᠡ ᠠᠪᠤᠭᠠᠢ ᠭᠡᠭᠴᠢ ᠤᠷᠴᠢᠯᠠᠩ ᠤᠨ ᠤᠨᠴᠠᠭᠠᠢ ᠨᠢᠭᠡᠨ ᠤᠳᠤᠨ | ᠪᠤᠯᠵᠤ ᠵᠠᠶᠠᠭᠠᠭᠰᠠᠨ ᠴᠦ ᠪᠤᠯᠪᠠ ᠤᠤ︖ ᠲᠡᠭᠦᠨ ᠤ ᠠᠵᠢᠯ | ᠠᠮᠢᠳᠤᠷᠠᠯ ᠤᠨ ᠬᠢᠨᠢ ᠭᠡᠭᠡᠨ ᠲᠠᠷᠳᠠᠩ ᠵᠠᠮ ᠲᠡᠭᠡᠷ᠎ᠡ ᠨᠢ | ᠤᠶᠢᠯᠠᠭᠠᠭᠳᠠᠰᠢ ᠦᠭᠡᠢ ᠡᠳᠦᠢ ᠲᠡᠳᠦᠢ ᠬᠠᠴᠢᠨ ᠰᠤᠨᠢᠨ ᠤᠴᠠᠷᠠᠯ | ᠳᠤᠬᠢᠶᠠᠯᠳᠤᠯ ᠪᠠ ᠦᠯᠢᠭᠡᠷ ᠲᠡᠤᠬᠡ ᠡᠭᠦᠰᠴᠦ ᠦᠩᠭᠡᠷᠡᠭᠰᠡᠨ ᠢ | ᠬᠡᠨ ᠴᠦ ᠦᠯᠦ ᠮᠡᠳᠡᠨ᠎ᠡ᠂ ᠦᠪᠡᠷ ᠲᠡᠭᠡᠨ ᠴᠦ ᠡᠰᠡ | ᠤᠶᠢᠯᠠᠭᠠᠨ᠎ᠠ᠂ ᠤᠲᠤ ᠪᠤᠯᠳᠠᠯ᠎ᠠ ᠤᠯᠠᠨ ᠤ ᠲᠤᠮᠳᠠ ᠮᠥᠨ ᠯᠠ | ᠤᠨᠢᠰᠤᠭ᠎ᠠ ᠪᠠᠶᠢᠭᠰᠠᠭᠠᠷ ᠠᠵᠠᠢ᠃ ᠬᠦᠮᠦᠨ ᠤ ᠠᠮᠢᠳᠤᠷᠠᠯ ᠤᠨ | ᠶᠠᠪᠤᠴᠠ ᠭᠡᠳᠡᠭ ᠦᠨᠡᠬᠡᠷ ᠰᠢ ᠵᠦᠴᠦᠭᠡ ᠮᠡᠳᠤ ᠬᠡᠳᠦᠬᠡᠨ | ᠴᠠᠭ ᠤᠨ ᠰᠤᠨᠢᠷᠬᠠᠯ ᠪᠤᠯᠤᠭᠠᠳ ᠦᠩᠭᠡᠷᠡᠳᠡᠭ ᠤᠨ ᠤᠴᠢᠷ ᠠᠴᠠ | ᠡᠪᠦᠭᠡᠨ ᠭᠤᠸᠠᠢ ᠶᠢᠨ ᠤᠯᠠᠨ ᠠᠷᠪᠢᠨ ᠤᠬᠠᠭᠠᠨ ᠲᠦᠬᠦᠭᠡ ᠶᠢ ᠨᠢ | ᠤᠯᠳᠠᠰᠢ ᠦᠭᠡᠢ ᠤᠨᠢᠰᠤᠭ᠎ᠠ ᠠᠴᠠ ᠨᠢᠭᠡ ᠬᠤᠶᠠᠷ ᠢ ᠨᠢ | ᠰᠡᠶᠢᠷᠡᠭᠦᠯᠪᠡᠯ ᠲᠤᠤᠷᠠᠬᠢ ᠮᠡᠳᠤ ᠪᠦᠯᠦᠭᠡ ᠃ ᠰᠦᠰᠦᠲᠠᠢ | ᠭᠤᠸᠠᠢ ᠲᠡᠭᠡᠷ᠎ᠡ ᠵᠠᠭᠤᠨ ᠤ ᠲᠠᠯᠠᠭᠠᠳ ᠤᠨ ᠳᠤ᠂ ᠬᠡᠳᠦᠨ ᠵᠢᠯ | ᠴᠡᠷᠢᠭ ᠤᠨ ᠠᠯᠪᠠ ᠬᠠᠭᠠᠵᠤ᠂ ᠴᠡᠷᠢᠭ ᠲᠡᠭᠡᠷ᠎ᠡ ᠬᠡᠳᠤ ᠤᠳᠠᠭ᠎ᠠ | ᠭᠠᠪᠢᠶ᠎ᠠ ᠪᠠᠶᠢᠭᠤᠯᠤᠭᠰᠠᠨ ᠪᠠ ᠦᠨᠲᠦᠷ ᠲᠤᠮᠳᠠᠲᠤ ᠶᠢᠨ | ᠰᠤᠷᠤᠯᠭ᠎ᠠ ᠶᠢᠨ ᠨᠠᠮᠳᠠᠷ ᠲᠠᠢ ᠵᠡᠷᠭᠡ ᠤᠯᠠᠨ ᠠᠷᠪᠢᠨ | ᠲᠠᠪᠠᠭᠤᠯᠢᠭ ᠢᠶᠠᠷ ᠢᠶᠠᠨ ᠤᠷᠤᠨ ᠤ ᠲᠦᠪ ᠤᠨ ᠨᠢᠭᠡᠨ | ᠲᠢᠩᠭᠢᠮ ᠳᠤ ᠠᠵᠢᠯ ᠬᠤᠪᠢᠶᠠᠷᠢᠯᠠᠵᠦ ᠵᠢᠩᠭᠢᠨᠢ ᠨᠢᠭᠡᠨ | ᠤᠯᠤᠰ ᠤᠨ ᠠᠯᠪᠠᠳᠠᠨ ᠪᠤᠯᠵᠤ ᠪᠢᠯᠠ᠃ ᠡᠳᠡᠭᠡᠷ ᠬᠢᠯᠪᠡᠷ | ᠪᠤᠰᠤ ᠪᠠᠷ ᠢᠷᠡᠭᠰᠡᠨ ᠠᠮᠵᠢᠯᠲᠠ ᠳᠠᠭᠠᠨ ᠲᠡᠷᠡ ᠦᠪᠡᠷ ᠢᠶᠠᠨ | ᠪᠠᠰᠠ ᠤᠮᠤᠭᠰᠢᠨ ᠵᠤᠷᠢᠭᠵᠢᠵᠤ ᠪᠠᠶᠢᠭᠰᠠᠨ ᠪᠦᠭᠡᠳ ᠬᠠᠮᠲᠤ | ᠨᠠᠶᠢᠵᠢ ᠪᠠ ᠠᠶᠢᠯ ᠠᠶᠢᠮᠠᠭ ᠤᠨ ᠬᠢᠨᠢ ᠴᠦ ᠪᠢᠰᠢᠷᠡᠵᠦ | ᠪᠠᠭ᠋ᠠᠷᠤᠭᠰᠠᠨ ᠰᠡᠳᠭᠢᠯᠭᠡ ᠪᠠᠷ᠄ ︽ᠲᠠ ᠪᠣᠯ ᠵᠢᠷᠭᠠᠯᠲᠠᠢ | ᠬᠦᠮᠦᠨ ᠰᠢᠤ︾ ᠭᠡᠵᠤ ᠪᠠᠶᠠᠷ ᠬᠦᠷᠭᠡᠨ ᠪᠢᠰᠢᠷᠡᠨ ᠮᠠᠭᠳᠠᠵᠦ | ᠪᠠᠶᠢᠯ᠎ᠠ᠃ | ᠲᠡᠭᠡᠭᠡᠳ ᠯᠠ ᠮᠥᠨ ᠲᠡᠷᠡ ᠵᠢᠯ ᠤᠨ ᠢᠶᠠᠨ ᠲᠠᠩᠰᠤᠭ | ᠨᠠᠮᠤᠷ ᠨᠢ ᠤᠭ ᠨᠤᠲᠤᠭ ᠲᠠᠭᠠᠨ ᠬᠠᠷᠢᠭᠠᠳ ᠰᠤᠨᠠᠭᠠᠷ ᠰᠠᠶᠢᠬᠠᠨ | ᠪᠡᠶ᠎ᠡ ᠭᠠᠯᠪᠢᠷ ᠲᠠᠢ ᠰᠤᠶᠤᠷᠬᠠᠯ ᠭᠡᠳᠡᠭ ᠦᠬᠢᠨ ᠳᠤ ᠦᠨᠡᠨ | ᠬᠠᠶᠢᠷ᠎ᠠ ᠪᠠᠨ ᠲᠤᠰᠢᠶᠠᠨ ᠠᠶᠢᠯ ᠡᠷᠦᠬᠡ ᠪᠤᠯᠤᠯᠴᠠᠵᠦ | ᠬᠦᠬᠡᠬᠤᠳᠠ ᠳᠤ ᠵᠤᠯ ᠵᠢᠷᠭᠠᠯᠲᠠᠢ ᠠᠮᠢᠲᠤᠷᠠᠯ ᠢᠶᠠᠨ | ᠡᠬᠢᠯᠡᠭᠦᠯᠦᠭᠰᠡᠨ ᠪᠠᠶᠢᠯ᠎ᠠ᠃ ᠲᠠᠷᠠᠭ᠎ᠠ ᠵᠢᠯ ᠤᠨ ᠬᠢᠨᠢ | ᠨᠠᠮᠤᠷ ᠬᠦᠤ ᠲᠠᠢ ᠪᠤᠯᠵᠤ ᠬᠦᠤ ᠳᠡᠭᠡᠨ ︽ᠰᠠᠨᠰᠠᠷ︾ ᠭᠡᠳᠡᠭ | ᠰᠠᠶᠢᠬᠠᠨ ᠨᠡᠷ᠎ᠡ ᠦᠭᠭᠦᠭᠰᠡᠨ ᠪᠦᠭᠡᠳ ᠲᠡᠳᠡ ᠬᠤᠶᠠᠭᠤᠯᠠ ᠶᠢᠨ | ᠭᠡᠷ ᠪᠦᠯᠢ ᠳᠤ ᠨᠢ ᠲᠤᠶᠢᠯ ᠤᠨ ᠶᠡᠭᠡ ᠪᠠᠶᠠᠷ ᠪᠠᠶᠠᠰᠬᠤᠯᠠᠩ | ᠨᠡᠮᠡᠷᠢᠯᠡᠭᠰᠡᠨ ᠪᠦᠯᠦᠭᠡ᠃ ᠰᠠᠨᠰᠠᠷ ᠢ ᠲᠦᠷᠪᠡᠨ ᠨᠠᠰᠤᠲᠠᠢ | ᠲᠡᠷᠡ ᠵᠢᠯ ᠤᠨ ᠨᠠᠮᠤᠷ ᠨᠢ ᠪᠤᠯᠬᠤ ᠳᠤ᠂ ᠰᠦᠰᠦᠲᠠᠢ ᠰᠤᠶᠤᠷᠬᠠᠯ | ᠬᠤᠶᠠᠭᠤᠯᠠ ᠬᠦᠤ ᠪᠠᠨ ᠮᠤᠩᠭᠤᠯ ᠴᠡᠴᠡᠷᠯᠢᠭ ᠳᠤ | ᠰᠠᠭᠤᠯᠭᠠᠬᠤ ᠪᠠᠷ ᠪᠡᠯᠡᠳᠭᠡᠵᠤ ᠪᠠᠶᠢᠲᠠᠯ᠎ᠠ᠂ ᠭᠡᠨᠡᠳᠲᠡ | ᠰᠦᠰᠦᠲᠠᠢ ᠶᠢ ᠪᠠᠶᠠᠨᠨᠠᠭᠤᠷ ᠠᠶᠢᠮᠠᠭ ᠤᠨ ᠨᠢᠭᠡᠨ | ᠲᠠᠷᠢᠶᠠᠯᠠᠬᠤ ᠰᠢᠶᠠᠨ ᠳᠤ ᠠᠵᠢᠯ ᠰᠢᠯᠵᠢᠭᠦᠯᠦᠭᠰᠡᠨ | ᠮᠡᠳᠡᠭᠲᠡᠯ ᠢ ᠲᠤᠰᠤᠨ ᠤᠯᠪᠠ᠃ ᠵᠤᠨ ᠤ ᠬᠠᠯᠠᠭᠤᠨ ᠳᠤ ᠬᠢᠷᠠᠭᠤ | ᠤᠨᠠᠭᠰᠠᠨ ᠮᠡᠲᠤ ᠡᠨᠡᠬᠦ ᠰᠤᠴᠢᠮᠠᠭ ᠢᠷᠡᠭᠰᠡᠨ ᠬᠠᠳᠠᠭᠤ | ᠴᠤᠬᠢᠯᠲᠠ ᠳᠤ ᠲᠡᠳᠡ ᠬᠤᠶᠠᠭᠤᠯᠠ ᠴᠤᠬᠤᠮ ᠶᠠᠭᠠᠬᠢᠬᠤ ᠪᠠᠨ | ᠤᠯᠬᠤ ᠪᠠᠨ ᠪᠤᠯᠵᠤ ᠨᠢᠭᠤᠷ ᠲᠦᠭᠦᠷᠡᠩ ᠨᠢᠯᠪᠤᠰᠤᠨ ᠬᠡᠯᠬᠢᠶ᠎ᠡ | ᠪᠦᠮᠪᠦᠷᠢᠭᠦᠯᠦᠨ ᠰᠠᠭᠤᠪᠠ᠃ | ︽ᠴᠤᠬᠤᠮ ᠶᠠᠭᠠᠬᠢᠭᠠᠳ ᠡᠶᠢᠮᠤ ᠪᠤᠯᠪᠠ︖︾ ᠭᠡᠵᠤ | ᠰᠦᠰᠦᠲᠠᠢ ᠶᠢᠨ ᠲᠠᠷᠢᠬᠢᠨ ᠳᠤᠨᠢ ᠰᠢᠷᠢᠯᠲᠦᠭᠰᠡᠨ ᠤᠯᠠᠨ | ᠪᠤᠳᠤᠯ ᠵᠠᠢ ᠵᠠᠪᠰᠠᠷ ᠦᠭᠡᠢ ᠡᠷᠬᠢᠯᠲᠦᠨᠡ ᠃ | ︽ᠪᠠᠶᠢᠭᠤᠯᠤᠯᠭ᠎ᠠ ᠶᠢᠨ ᠢᠶᠠᠨ ᠤᠳᠤᠷᠢᠳᠤᠯᠭ᠎ᠠ ᠨᠠᠷ ᠢᠶᠠᠨ | ᠰᠠᠨᠠᠮᠰᠠᠷ ᠦᠭᠡᠢ ᠪᠠᠷ ᠠᠭᠤᠷᠯᠠᠭᠤᠯᠴᠢᠯᠠ ᠭᠡᠵᠢ ᠤᠤ︖ | ᠡᠰᠡᠭᠦᠯ᠎ᠡ ᠶᠠᠮᠠᠷ ᠨᠢᠭᠡᠨ ᠶᠠᠭᠤᠮᠠᠨ ᠳᠤ ᠲᠡᠳᠡᠨ ᠢ | ᠭᠤᠮᠤᠳᠠᠭᠠᠴᠢᠭᠰᠠᠨ ᠴᠦ ᠪᠤᠯᠪᠠ ᠤᠤ︖︾ ᠭᠡᠵᠤ ᠬᠡᠴᠢᠨᠡᠨ ᠤᠳᠠᠭ᠎ᠠ | ᠲᠠᠷᠢᠬᠢ ᠪᠠᠨ ᠰᠢᠪᠬᠠᠨ ᠪᠤᠳᠤᠯᠬᠢᠯᠠᠭᠰᠠᠨ ᠴᠦ ᠲᠡᠶᠢᠮᠦ ᠤᠴᠢᠷ | ᠶᠡᠷᠤ ᠨᠢ ᠪᠠᠶᠢᠭ᠎ᠠ ᠦᠭᠡᠢ ᠰᠢᠭ ᠯᠠ ᠰᠠᠨᠠᠭᠳᠠᠨ᠎ᠠ᠃ ᠲᠡᠷᠡ | ᠦᠶ᠎ᠡ ᠳᠤ᠂ ᠤᠯᠤᠰ ᠠᠷᠠᠳ ᠤᠨ ᠠᠵᠤ ᠠᠬᠤᠢ ᠬᠦᠭᠵᠢᠭᠡᠲᠦᠢ | ᠪᠠᠶᠢᠭᠰᠠᠨ ᠪᠤᠯᠬᠤᠷ ᠬᠤᠯᠠ ᠶᠠᠪᠤᠵᠦ᠂ ᠶᠡᠭᠡ ᠶᠢ ᠦᠵᠡᠬᠦ ᠬᠡᠮᠡᠨ | ᠬᠤᠳᠠ ᠭᠠᠵᠠᠷ ᠢᠷᠡᠵᠦ ᠠᠮᠢᠳᠤᠷᠠᠯ ᠦᠢᠯᠡᠰ ᠪᠤᠰᠬᠠᠬᠤ ᠶᠢ | ᠬᠦᠳᠡᠭᠡ ᠶᠢᠨ ᠬᠦᠮᠦᠰ ᠤᠨ ᠬᠠᠮᠲᠤ ᠶᠢᠨ ᠬᠦᠰᠡᠯ ᠬᠠᠭᠠᠨ ᠤ | ᠵᠢᠷᠭᠠᠯ ᠢᠶᠠᠷ ᠪᠤᠳᠤᠳᠠᠭ ᠪᠠᠶᠢᠭᠰᠠᠨ ᠲᠤᠯᠠ ᠬᠤᠳᠠ | ᠭᠠᠵᠠᠷ ᠠᠴᠠ ᠪᠠᠨ ᠲᠤᠷᠤᠭᠰᠢ ᠬᠦᠭᠡᠭᠡᠭᠳᠡᠬᠦ ᠭᠡᠭᠴᠢ | ᠰᠦᠰᠦᠲᠠᠢ ᠰᠤᠶᠤᠷᠬᠠᠯ ᠬᠤᠶᠠᠭᠤᠯᠠ ᠳᠤ ᠠᠪᠴᠤ ᠬᠡᠯᠡᠪᠡᠯ | ᠶᠠᠭᠤᠲᠠᠢ ᠶᠡᠭᠡ ᠭᠤᠨᠢᠷᠠᠯ ᠭᠤᠲᠤᠮᠰᠢᠭ ᠪᠤᠯᠤᠭᠰᠠᠨ ᠢ ᠶᠠᠭᠤᠨ | ᠦᠭᠦᠯᠡᠬᠦ ᠠᠵᠠᠢ᠃ ᠰᠤᠶᠤᠷᠬᠠᠯ ᠤᠨ ᠰᠡᠳᠬᠢᠯ ᠳᠤ ᠶᠡᠬᠡᠳᠡ | ᠲᠠᠭᠠᠯᠠᠮᠵᠢ ᠦᠭᠡᠢ ᠪᠤᠯᠵᠤ ᠰᠦᠰᠦᠲᠠᠢ ᠶᠢᠨ | ᠪᠠᠶᠢᠭᠤᠯᠤᠯᠭ᠎ᠠ ᠶᠢᠨ ᠲᠠᠷᠤᠭ᠎ᠠ ᠶᠢ ᠨᠢ ᠡᠷᠢᠭᠡᠳ᠄ | ︽ᠲᠠᠷᠤᠭ᠎ᠠ ᠡ᠂ ᠮᠠᠨ ᠤ ᠰᠦᠰᠦᠲᠠᠢ ᠠᠵᠢᠯ ᠲᠡᠭᠡᠷ᠎ᠡ ᠪᠠᠨ | ᠠᠯᠳᠠᠭ᠎ᠠ ᠪᠤᠷᠤᠭᠤ ᠭᠠᠷᠭᠠᠴᠢᠬᠠᠭᠰᠠᠨ ᠴᠦ ᠪᠤᠯᠪᠠ ᠤᠤ︖ ᠦᠭᠡᠢ | ᠪᠤᠯ ᠶᠠᠮᠠᠷ ᠴᠦ ᠤᠴᠢᠷ ᠰᠢᠯᠲᠠᠭᠠᠨ ᠦᠭᠡᠢ ᠪᠠᠷ ᠶᠠᠭᠤᠨ ᠳᠤ | ᠲᠤᠷᠤᠭᠰᠢ ᠶᠠᠪᠤᠭᠤᠯᠬᠤ ᠭᠡᠵᠤ ᠪᠠᠶᠢᠬᠤ ᠪᠤᠢ︖︾ ᠬᠡᠮᠡᠨ | ᠭᠤᠮᠤᠳᠠᠯᠲᠠᠶᠢᠬᠠᠨ ᠭᠡᠭᠴᠢ ᠲᠤᠯᠭᠠᠨ ᠠᠰᠠᠭᠤᠬᠤ ᠳᠤᠨᠢ᠂ | ᠦᠨᠦᠬᠢ ᠲᠠᠷᠤᠭ᠎ᠠ ᠤᠶᠠᠷᠠᠳᠠᠯ᠎ᠠ ᠰᠠᠶᠢᠬᠠᠨ | ᠢᠨᠢᠶᠡᠮᠰᠦᠭᠯᠡᠭᠰᠡᠭᠡᠷ᠄ ︽ ᠵᠠ᠂ ᠲᠡᠭᠦᠤᠲᠠᠢ ᠮᠢᠨᠢ ᠂ ᠡᠯᠳᠡᠪ | ᠶᠠᠭᠤᠮ᠎ᠠ ᠪᠢᠲᠡᠭᠡᠢ ᠪᠤᠲᠤ ᠡ᠂ ᠰᠦᠰᠦᠲᠠᠢ ᠭᠡᠭᠴᠢ ᠰᠠᠶᠢᠨ | ᠵᠠᠯᠠᠭᠤ ᠰᠢᠯᠢᠳᠡᠭ ᠠᠵᠢᠯᠲᠠᠨ ᠰᠢᠤ᠂ ᠭᠡᠬᠦ ᠳᠤ ᠤᠯᠤᠰ ᠤᠨ | ᠺᠠᠳ᠋ᠷ ᠪᠤᠯᠤᠭᠰᠠᠳ ᠭᠡᠭᠴᠢ ᠵᠠᠪᠠᠯ ᠠᠵᠢᠯ ᠤᠨ ᠬᠡᠷᠡᠭᠴᠡᠭᠡ ᠪᠠ | ᠵᠤᠬᠢᠶᠠᠨ ᠪᠠᠶᠢᠭᠤᠯᠤᠯᠳᠠ ᠶᠢᠨ ᠲᠤᠬᠢᠷᠠᠭᠤᠯᠤᠯᠲᠠ ᠶᠢ | ᠲᠠᠭᠠᠳᠠᠭ ᠯᠠ ᠵᠠᠷᠴᠢᠮ ᠲᠠᠢ ᠪᠤᠯᠬᠤᠷ ᠶᠠᠮᠠᠷ ᠯᠠ ᠠᠷᠭ᠎ᠠ | ᠪᠠᠶᠢᠬᠤᠪ ᠳ᠋ᠠ᠂ ᠪᠢ ᠪᠠᠰᠠ ᠦᠨᠦᠲᠤᠷ ᠠᠳᠡ ᠪᠠᠶᠢᠭᠰᠠᠨ ᠴᠦ | ᠮᠠᠷᠭᠠᠰᠢ ᠬᠠᠮᠢᠭ᠎ᠠ ᠶᠠᠪᠤᠬᠤ ᠪᠠᠨ ᠦᠯᠦ ᠮᠡᠳᠡᠨ᠎ᠡ ᠁︾ ᠬᠡᠮᠡᠨ | ᠯᠠᠷᠵᠠᠲᠠᠶᠢᠬᠠᠨ ᠬᠡᠭᠴᠢ ᠦᠭᠦᠯᠡᠨ᠎ᠡ᠃ | ᠠᠮᠢᠳᠤᠷᠠᠯ ᠦᠷᠭᠦᠯᠵᠢᠯᠡᠭᠰᠡᠭᠡᠷ ᠨᠢᠭᠡ ᠮᠡᠳᠡᠬᠦᠶ᠎ᠡ | ᠲᠡᠳᠡᠨ ᠤ ᠬᠢᠨ ᠦᠨᠦᠬᠢ ᠰᠢᠶᠠᠨ ᠳᠤᠨᠢ ᠢᠷᠡᠭᠡᠳ ᠪᠠᠰᠠ ᠲᠦᠷᠪᠡᠨ | ᠵᠢᠯ ᠪᠤᠯᠴᠢᠬᠠᠯ᠎ᠠ᠂ ᠬᠠᠮᠤᠭ ᠤᠨ ᠬᠠᠷᠠᠮᠰᠠᠯᠲᠠᠢ | ᠶᠠᠪᠤᠳᠠᠯ ᠨᠢ ᠭᠡᠪᠡᠯ ᠦᠨᠦᠬᠢ ᠰᠢᠶᠠᠨ ᠤ ᠭᠠᠵᠠᠷ ᠨᠢ ᠮᠤᠩᠭᠤᠯ | ᠴᠡᠴᠡᠷᠯᠢᠭ ᠭᠡᠵᠤ ᠪᠠᠶᠢᠬᠤ ᠦᠭᠡᠢ ᠪᠤᠯᠬᠤᠷ ᠲᠡᠳᠡ ᠬᠤᠶᠠᠭᠤᠯᠠ | ᠠᠷᠭ᠎ᠠ ᠪᠤᠰᠤ ᠬᠦᠤ ᠰᠠᠨᠰᠠᠷ ᠪᠠᠨ ᠬᠢᠳᠠᠳ ᠴᠡᠴᠡᠷᠯᠢᠭ ᠳᠤ | ᠰᠠᠭᠤᠯᠭᠠᠭᠰᠠᠨ ᠪᠠᠶᠢᠯ᠎ᠠ᠃ ᠭᠡᠬᠦ ᠳᠤ ᠲᠡᠳᠡᠭᠡᠷ ᠬᠢᠳᠠᠳ | ᠪᠠᠭᠰᠢ ᠨᠠᠷ ᠨᠢ ᠬᠦᠤ ᠶᠢᠨ ᠬᠢᠨᠢ ︽ᠰᠠᠨᠰᠠᠷ︾ ᠭᠡᠰᠡᠨ ᠮᠤᠩᠭᠤᠯ | ᠨᠡᠷ᠎ᠡ ᠶᠢ ᠨᠢ ᠬᠢᠳᠠᠳ ᠢᠶᠠᠷ ︽ᠴᠧᠩ ᠰᠧ︾ ᠭᠡᠳᠡᠭ ᠬᠢᠳᠠᠳ | ᠨᠡᠷ᠎ᠡ ᠲᠠᠢ ᠪᠤᠯᠭᠠᠴᠢᠬᠠᠭᠰᠠᠨ ᠪᠠᠶᠢᠬᠤ ᠦᠭᠡᠢ ᠤᠤ︖ ᠡᠭᠦᠨ ᠳᠤ | ᠰᠤᠶᠤᠷᠬᠠᠯ ᠨᠢ ᠤᠳᠠᠭ᠎ᠠ ᠪᠦᠷᠢ ᠶᠢᠨ ᠨᠡᠷ᠎ᠡ ᠮᠡᠳᠡᠭᠦᠯᠬᠦ ᠳᠤ | ᠴᠡᠴᠡᠷᠯᠢᠭ ᠤᠨ ᠪᠠᠭᠰᠢ ᠨᠠᠷ ᠲᠤᠨᠢ ᠠᠭᠤᠷ ᠤᠴᠠᠭᠠᠷ ᠢᠶᠠᠨ | ᠭᠠᠷᠭᠠᠵᠤ᠄ ︽ᠦᠭᠡᠢ᠂ ᠲᠠ ᠨᠠᠷ ᠴᠢᠨᠢ ᠮᠢᠨᠤ ᠬᠦᠤ ᠶᠢᠨ | ᠨᠡᠷ᠎ᠡ ᠶᠢ ᠶᠠᠭᠤᠨᠠᠢ ᠴᠧᠩ ᠰᠧ ᠪᠤᠯᠭᠠᠴᠢᠭᠰᠠᠨ ᠪᠤᠢ︖︾ ᠬᠡᠮᠡᠨ | ᠶᠤᠰᠤ ᠬᠡᠯᠡᠯᠴᠡᠬᠦ ᠳᠤᠨᠢ ᠰᠦᠰᠦᠲᠠᠢ ᠨᠢ ᠬᠤᠷᠢᠭᠯᠠᠵᠤ᠄ ︽ᠵᠠ᠂ | ᠲᠡᠭᠦᠨ ᠤ ᠲᠦᠯᠦᠭᠡ ᠬᠡᠷᠡᠭᠦᠯ ᠬᠢᠬᠦ ᠪᠠᠨ ᠪᠠᠶᠢᠴᠢᠬ᠎ᠠ ᠳ᠋ᠠ᠂ | ᠮᠢᠨᠤ ᠤᠦᠯ ᠨᠡᠷ᠎ᠡ ᠴᠦ ᠰᠤᠤᠰᠠᠷ ᠭᠡᠳᠡᠭ ᠪᠢᠰᠢᠤ᠂ ᠲᠡᠷᠡ ᠵᠢᠯ | ᠴᠡᠷᠢᠭ ᠲᠡᠭᠡᠷ᠎ᠡ ᠤᠴᠢᠭᠰᠠᠨ ᠴᠢᠨᠢ ᠮᠠᠨ ᠤ ᠲᠠᠷᠤᠭ᠎ᠠ ᠨᠠᠷ ᠯᠠ | ᠬᠢᠳᠠᠳ ᠢᠶᠠᠷ ᠢᠶᠠᠨ ᠪᠤᠷᠤᠭᠤ ᠪᠢᠴᠢᠭᠰᠡᠭᠡᠷ ᠪᠠᠶᠢᠵᠤ | ᠰᠦᠰᠦᠲᠠᠢ ᠪᠤᠯᠭᠠᠴᠢᠭᠰᠠᠨ ᠪᠠᠶᠢᠬᠤ ᠦᠭᠡᠢ ᠤᠤ︖︾ ᠭᠡᠵᠤ | ᠲᠠᠶᠢᠳᠬᠤᠷᠠᠭᠤᠯᠤᠨ ᠦᠭᠦᠯᠡᠪᠡ᠃ ᠤᠳᠠᠯ ᠦᠭᠡᠢ ᠨᠠᠮᠤᠷ ᠪᠤᠯᠬᠤ | ᠭᠡᠵᠤ ᠪᠠᠶᠢᠭ᠎ᠠ ᠪᠤᠯᠬᠤᠷ ᠲᠡᠳᠡ ᠬᠤᠶᠠᠭᠤᠯᠠ ᠴᠦ ᠬᠦᠤ | ᠰᠠᠨᠰᠠᠷ ᠢᠶᠠᠨ ᠠᠶᠢᠮᠠᠭ ᠲᠡᠭᠡᠷ᠎ᠡ ᠠᠪᠠᠴᠢᠵᠦ ᠮᠤᠩᠭᠤᠯ ᠪᠠᠭ᠎ᠠ | ᠰᠤᠷᠭᠠᠭᠤᠯᠢ ᠳᠤᠨᠢ ᠨᠢᠭᠡᠲᠦᠭᠡᠷ ᠤᠨ ᠳᠤ ᠤᠷᠤᠭᠤᠯᠬᠤ ᠶᠤᠮ ᠤᠤ︖ | ᠡᠰᠡᠬᠦᠯ᠎ᠡ ᠰᠢᠶᠠᠨ ᠤ ᠲᠦᠪ ᠲᠡᠭᠡᠷ᠎ᠡ ᠪᠠᠨ ᠬᠢᠳᠠᠳ ᠪᠢᠴᠢᠭ | ᠦᠵᠡᠭᠦᠯᠬᠦ ᠶᠤᠮ ᠤᠤ︖ ᠭᠡᠵᠤ ᠶᠡᠭᠡ ᠯᠠ ᠶᠠᠪᠤᠳᠠᠯ ᠪᠤᠯᠭᠠᠨ | ᠶᠠᠷᠢᠯᠴᠠᠵᠦ ᠵᠦᠭ ᠴᠢᠭ ᠢᠶᠠᠨ ᠤᠯᠬᠤ ᠦᠭᠡᠢ ᠪᠠᠶᠢᠲᠠᠯ᠎ᠠ ᠨᠢᠭᠡᠨ | ᠡᠳᠦᠷ ᠭᠡᠨᠡᠳᠲᠡ ᠪᠠᠰᠠ ᠯᠠ ᠮᠠᠭᠤ ᠴᠢᠮᠡᠭᠡ ᠲᠤᠭᠤᠯᠳᠠᠵᠤ᠄ | ︽ᠴᠢᠮ᠎ᠠ ᠶᠢ ᠤᠷᠠᠳ ᠤᠨ ᠨᠢᠭᠡᠨ ᠬᠤᠰᠢᠭᠤᠨ ᠤ ᠮᠠᠯᠵᠢᠬᠤ | ᠰᠤᠮᠤᠨ ᠳᠤ ᠠᠵᠢᠯ ᠰᠢᠯᠵᠢᠭᠦᠯᠪᠡ︾ ᠬᠡᠮᠡᠨ ᠲᠤᠪᠴᠢᠶᠠᠨ ᠤ ᠬᠢᠨᠢ | ᠠᠯᠪᠠᠨ ᠭᠡᠷ ᠤᠨ ᠡᠷᠬᠢᠯᠡᠭᠴᠢ ᠨᠢ ᠲᠡᠬᠦᠨ ᠳᠤ ᠮᠡᠳᠡᠭᠳᠡᠯ | ᠦᠭᠭᠦᠭᠰᠡᠨ ᠪᠠᠶᠢᠪᠠ᠃ ᠡᠨᠡᠬᠦ ᠰᠠᠨᠠᠭᠠᠨ ᠳᠤ ᠦᠭᠡᠢ ᠢᠷᠡᠭᠰᠡᠨ | ᠰᠢᠷᠦᠭᠦᠨ ᠴᠤᠬᠢᠯᠳᠠ ᠳᠤ ᠰᠦᠰᠦᠲᠠᠢ ᠰᠤᠶᠤᠷᠬᠠᠯ | ᠬᠤᠶᠠᠭᠤᠯᠠ ᠶᠢᠨ ᠰᠡᠳᠬᠢᠯ ᠲᠤᠲᠤᠷ᠎ᠠ ᠨᠢ ᠲᠦᠮᠡᠨ ᠵᠦᠢᠯ ᠤᠨ | ᠰᠡᠵᠢᠭ ᠡᠷᠡᠭᠡᠯᠵᠡᠭᠡ ᠲᠦᠷᠦᠭᠲᠡᠵᠦ᠂ ᠤᠯᠠᠨ ᠠᠷᠪᠢᠨ | ᠡᠭᠡᠳᠡᠷᠡᠭᠡᠨ ᠪᠤᠲᠤᠯᠢᠶᠠᠨ ᠢᠶᠠᠷ ᠲᠦᠭᠦᠷᠦᠭᠡᠳ ᠰᠦᠰᠦᠲᠠᠢ ᠨᠢ | ᠡᠷᠬᠢᠯᠡᠭᠴᠢ ᠭᠤᠸᠠᠢ ᠶᠢ ᠡᠷᠢᠵᠤ᠄ ︽ᠪᠠᠰᠠ ᠶᠠᠭᠠᠬᠢᠴᠢᠪᠠ︖ ᠪᠢ | ᠭᠡᠭᠴᠢ ᠤᠯᠤᠰ ᠤᠨ ᠬᠠᠤᠯᠢ ᠲᠦᠷᠢᠮ ᠢ ᠵᠦᠷᠢᠴᠡᠭᠰᠡᠨ ᠦᠭᠡᠢ᠂ | ᠠᠵᠢᠯ ᠤᠨ ᠬᠠᠷᠢᠴᠠᠭᠤᠯᠭ᠎ᠠ ᠪᠠᠨ ᠠᠯᠳᠠᠭᠰᠠᠨ ᠦᠭᠡᠢ | ᠪᠠᠶᠢᠲᠠᠯ᠎ᠠ ᠡᠶᠢᠮᠦ ᠲᠤᠮᠤᠬᠠᠨ ᠪᠠᠶᠢᠭᠤᠯᠤᠯᠭ᠎ᠠ ᠴᠦ ᠨᠠᠳᠠ ᠶᠢ | ᠪᠠᠭᠳᠠᠭᠠᠵᠤ ᠲᠡᠶᠢᠯᠬᠦ ᠦᠭᠡᠢ ᠪᠤᠯᠤᠭᠠᠳ ᠬᠦᠳᠡᠭᠡ ᠬᠦᠭᠡᠭᠡᠬᠦ | ᠭᠡᠵᠤ ᠪᠠᠶᠢᠬᠤ ᠨᠢ ᠡᠨᠡ ᠤᠤ︖︾ ᠬᠡᠮᠡᠨ ᠡᠬᠢ ᠠᠳᠠᠭ ᠦᠭᠡᠢ ᠤᠯᠠᠨ | ᠶᠠᠭᠤᠮ᠎ᠠ ᠶᠠᠷᠢᠵᠤ ᠰᠢᠭᠤᠳ ᠲᠤᠯᠭᠠᠨ ᠠᠰᠠᠭᠤᠪᠠᠯ᠂ ᠠᠯᠪᠠᠨ | ᠭᠡᠷ ᠤᠨ ᠡᠷᠬᠢᠯᠡᠭᠴᠢ ᠴᠦ ᠡᠶᠡᠯᠰᠡᠭᠬᠡᠨ ᠴᠢᠷᠠᠶᠢᠯᠠᠵᠤ᠄ ︽ᠵᠠ᠂ | ᠠᠬ᠎ᠠ ᠮᠢᠨᠢ᠂ ᠨᠠᠳᠠᠲᠤ ᠪᠢᠲᠡᠭᠡᠢ ᠠᠭᠤᠷᠯᠠ᠂ ᠨᠠᠳᠠᠲᠤ | ᠬᠠᠮᠢᠭ᠎ᠠ ᠠᠴᠠ ᠲᠠᠨ ᠢ ᠤᠨᠲᠤᠤ ᠬᠤᠰᠢᠭᠤᠨ ᠳᠤ ᠠᠵᠢᠯ | ᠰᠢᠯᠵᠢᠭᠦᠯᠬᠦ ᠲᠡᠶᠢᠮᠦ ᠶᠡᠭᠡ ᠡᠷᠬᠡ ᠴᠢᠳᠠᠯ ᠪᠠᠶᠢᠬᠤ ᠪᠤᠢ︖ ᠲᠠ | ᠲᠤᠪᠴᠢᠶᠠᠨ ᠲᠠᠷᠤᠭ᠎ᠠ ᠠᠴᠠ ᠠᠰᠠᠭᠤᠵᠤ ᠦᠵᠡ ᠳ᠋ᠡ᠂ ᠭᠡᠬᠦ ᠳᠤ | ᠮᠠᠨ ᠤ ᠡᠨᠡ ᠨᠡᠶᠢᠭᠡᠮ ᠠᠬᠤᠢ ᠭᠡᠳᠡᠭ ᠴᠢᠨᠢ ᠦᠨᠡᠨ ᠳᠡᠭᠡᠨ | ᠨᠢᠭᠡᠨ ᠲᠤᠮᠤᠬᠠᠨ ᠭᠡᠭᠴᠢ ᠲᠤᠭᠯᠠᠭᠠᠮ ᠤᠨ ᠲᠠᠯᠠᠪᠤᠷ ᠮᠥᠨ᠂ | ᠡᠨᠡᠬᠦ ᠠᠪᠤᠷᠭᠤ ᠲᠤᠮᠤ ᠲᠠᠯᠠᠪᠤᠷ ᠲᠡᠭᠡᠷ᠎ᠡ ᠬᠡᠨ ᠬᠦᠮᠦᠨ | ᠠᠷᠭ᠎ᠠ ᠵᠤᠷᠢᠭ ᠢᠶᠠᠷ ᠢᠶᠠᠨ ᠢᠯᠠᠵᠤ ᠴᠢᠳᠠᠪᠠᠯ ᠰᠠᠶ᠋ᠢ | ᠵᠢᠩᠭᠢᠨᠢ ᠬᠦᠮᠦᠨ ᠲᠦᠷᠢᠲᠠᠢ ᠠᠮᠢᠲᠤᠷᠠᠵᠤ ᠲᠡᠶᠢᠯᠤᠨ᠎ᠡ᠂ | ᠢᠯᠠᠭᠳᠠᠪᠠᠯ ᠬᠦᠮᠦᠨ ᠪᠠᠶᠢᠭᠰᠠᠨ ᠴᠦ ᠠᠶᠠᠨᠳᠠᠭᠠᠨ ᠴᠢᠳᠭᠦᠷ | ᠪᠤᠯᠴᠢᠬᠠᠬᠤ ᠨᠢ ᠲᠡᠷᠡ ᠡ᠃ ᠡᠶᠢᠮᠦ ᠠᠴᠠ ᠬᠠᠷᠢᠨ ᠴᠠᠭ ᠤᠨ | ᠦᠩᠭᠡ ᠶᠢ ᠲᠠᠭᠠᠭᠠᠭᠰᠠᠨ ᠨᠢ ᠬᠤᠯᠠ ᠲᠡᠭᠡᠷ᠎ᠡ ᠁︾ ᠭᠡᠵᠤ | ᠤᠴᠢᠷᠲᠠᠶᠢᠬᠠᠨ ᠰᠠᠨᠠᠭᠤᠯᠵᠤ ᠪᠢᠯᠠ᠃ ᠲᠡᠭᠡᠭᠡᠳ ᠯᠠ ᠲᠡᠷᠡ | ᠭᠤᠸᠠᠢ ᠠᠷᠭ᠎ᠠ ᠪᠤᠰᠤ ᠲᠤᠪᠴᠢᠶᠠᠨ ᠲᠠᠷᠤᠭ᠎ᠠ ᠪᠠᠨ ᠡᠷᠢᠵᠤ ᠤᠴᠢᠷ | ᠶᠠᠪᠤᠳᠠᠯ ᠢᠶᠠᠨ ᠯᠠᠪᠯᠠᠬᠤ ᠳᠤᠨᠢ ᠲᠠᠷᠤᠭ᠎ᠠ ᠭᠤᠸᠠᠢ ᠶᠡᠭᠡ ᠯᠠ | ᠢᠨᠢᠶᠡᠮᠰᠦᠭ ᠴᠢᠷᠠᠢ ᠪᠠᠷ ᠤᠭᠲᠤᠵᠦ᠄ ︽ᠡᠨᠡ ᠴᠢᠨᠢ ᠬᠠᠷᠢᠨ | ᠰᠠᠶᠢᠨ ᠤᠴᠢᠷ ᠪᠢᠰᠢᠤ ᠂ ᠲᠠᠩᠰᠤᠭ ᠪᠠᠶᠠᠯᠢᠭ ᠲᠠᠯ᠎ᠠ ᠨᠤᠲᠤᠭ ᠲᠤ | ᠤᠴᠢᠵᠤ ᠠᠵᠢᠯᠯᠠᠬᠤ ᠭᠡᠭᠴᠢ ᠲᠡᠷᠡ ᠴᠤᠬᠤᠮ ᠵᠢᠷᠭᠠᠯ ᠭᠡᠵᠤ ᠮᠡᠳᠡ | ᠡ᠂ ᠲᠠ ᠴᠢᠨᠢ ᠲᠢᠩᠬᠢᠮ ᠤᠨ ᠲᠡᠰ ᠤᠨ ᠪᠠᠶᠢᠭᠤᠯᠤᠯᠭ᠎ᠠ ᠳᠤ | ᠠᠵᠢᠯᠯᠠᠵᠤ ᠬᠤᠷᠸ᠎ᠠ ᠶᠢᠨ ᠬᠤᠯᠠ ᠶᠢ ᠦᠵᠡᠵᠦ᠂ ᠬᠤᠳᠠᠯ ᠦᠨᠡᠨ ᠤ | ᠤᠬᠠᠭᠠᠨ ᠢ ᠨᠢ ᠤᠯᠳᠠᠭ ᠮᠡᠳᠡᠯᠭᠡ ᠰᠤᠶᠤᠯ ᠲᠠᠢ ᠬᠦᠮᠦᠨ | ᠪᠠᠶᠢᠭᠠᠳ ᠡᠨᠡ ᠶᠤᠰᠤ ᠶᠢ ᠶᠠᠮᠠᠷ ᠮᠡᠳᠡᠬᠦ ᠦᠭᠡᠢ ᠴᠦ ᠪᠢᠰᠢ ᠳ᠋ᠠ | ᠁︾ ᠭᠡᠵᠤ ᠪᠢᠳᠡᠭᠦᠬᠡᠨ ᠤᠳᠬ᠎ᠠ ᠲᠠᠢ ᠶᠠᠷᠢᠭᠠᠳ ᠲᠤᠭᠤᠮᠵᠢᠷ | ᠦᠭᠡᠶᠢᠬᠡᠨ ᠢᠨᠢᠶᠡᠮᠰᠦᠭᠯᠡᠨ᠎ᠡ ᠃ ᠬᠠᠭᠠᠰ ᠰᠠᠷ᠎ᠠ ᠶᠢᠨ | ᠲᠠᠷᠠᠭ᠎ᠠ ᠰᠦᠰᠦᠲᠠᠢ ᠡᠷᠦᠬᠡ ᠭᠡᠷ ᠢᠶᠠᠨ ᠨᠡᠭᠦᠯᠭᠡᠵᠦ᠂ | ᠮᠠᠯᠵᠢᠬᠤ ᠤᠷᠤᠨ ᠳᠠᠭᠠᠨ ᠬᠢᠯᠢ ᠶᠢᠨ ᠰᠤᠮᠤ ᠪᠤᠯᠬᠤ ᠲᠡᠷᠡᠬᠦ | ᠮᠠᠯᠵᠢᠬᠤ ᠰᠤᠮᠤᠨ ᠳᠤ ᠬᠦᠷᠴᠦ ᠨᠡᠷ᠎ᠡ ᠪᠠᠨ ᠮᠡᠳᠡᠭᠦᠯᠵᠦ | ᠪᠢᠯᠠ᠃ ᠰᠤᠮᠤᠨ ᠤ ᠱᠦᠵᠢ ᠨᠠᠷᠭᠢᠯ ᠭᠡᠭᠴᠢ ᠲᠠᠪᠢ ᠭᠠᠷᠤᠢ | ᠨᠠᠰᠤᠨ ᠤ ᠬᠠᠨᠠᠭᠠᠷ ᠦᠷᠭᠡᠨ ᠴᠡᠭᠡᠵᠢ ᠲᠠᠢ᠂ ᠬᠦᠷᠡᠩ ᠪᠤᠷᠤ | ᠴᠢᠷᠠᠢ ᠲᠠᠢ᠂ ᠴᠢᠭᠢᠷᠠᠭ ᠪᠦᠳᠦᠭᠦᠨ ᠬᠦᠮᠦᠨ ᠲᠡᠭᠦᠨ ᠲᠠᠢ ᠭᠠᠷ | ᠠᠳᠬᠤᠯᠴᠠᠨ᠄ ︽ᠵᠠ᠂ ᠲᠡᠭᠦᠤ ᠮᠢᠨᠢ ᠲᠠᠨ ᠢ ᠪᠠᠶᠠᠷᠯᠠᠨ ᠤᠭᠲᠤᠵᠦ | ᠪᠠᠶᠢᠬᠤ ᠪᠠᠨ ᠢᠯᠡᠳᠭᠡᠶ᠎ᠡ᠂ ᠮᠠᠯᠵᠢᠬᠤ ᠰᠤᠶᠤᠯ ᠪᠣᠯ | ᠮᠤᠩᠭᠤᠯᠴᠤᠳ ᠤᠨ ᠤᠤᠭᠠᠯ ᠰᠤᠶᠤᠯ ᠪᠤᠯᠤᠭᠰᠠᠨ ᠤ ᠬᠤᠪᠢ ᠳᠤ᠂ | ᠪᠢᠲᠡ ᠲᠡᠭᠦᠨ ᠢ ᠪᠠᠨ ᠤᠯᠠᠮᠵᠢᠯᠠᠨ ᠬᠦᠭᠵᠢᠭᠦᠯᠬᠦ ᠶᠢᠨ | ᠲᠦᠯᠦᠭᠡ ᠮᠠᠨ ᠤ ᠰᠤᠮᠤᠨ ᠤ ᠠᠵᠢᠯ ᠢᠶᠠᠨ ᠬᠠᠮᠲᠤᠪᠠᠷ ᠰᠠᠶᠢᠨ | ᠬᠢᠵᠡᠭᠡᠶ᠎ᠡ︾ ᠭᠡᠵᠤ ᠬᠠᠯᠠᠭᠤᠮᠰᠤᠭ ᠢᠶᠠᠷ ᠶᠠᠷᠢᠭᠰᠠᠨ ᠬᠡᠳᠦᠨ | ᠦᠭᠡ ᠨᠢ ᠬᠦᠮᠦᠨ ᠤ ᠭᠠᠵᠠᠷ ᠰᠠᠶ᠋ᠢᠬᠠᠨ ᠢᠷᠡᠭᠰᠡᠨ | ᠰᠦᠰᠦᠲᠠᠢ ᠳᠤ ᠲᠤᠶᠢᠯ ᠤᠨ ᠶᠡᠬᠡᠬᠡᠨ ᠵᠤᠷᠢᠭᠵᠢᠭᠤᠯᠤᠯ | ᠪᠤᠯᠪᠠ᠃ ᠰᠤᠮᠤᠨ ᠤ ᠤᠳᠤᠷᠢᠲᠤᠯᠭ᠎ᠠ ᠨᠠᠷ ᠨᠢ ᠲᠡᠭᠦᠨ ᠤ | ᠤᠦᠯ ᠳᠠᠭᠠᠨ ᠠᠷᠠᠳ ᠤᠨ ᠶᠠᠪᠤᠳᠠᠯ ᠤᠨ ᠲᠤᠪᠴᠢᠶᠠᠨ ᠳᠤ | ᠠᠵᠢᠯᠯᠠᠵᠤ ᠪᠠᠶᠢᠭᠰᠠᠨ ᠵᠡᠷᠭᠡ ᠠᠵᠢᠯ ᠮᠡᠷᠭᠡᠵᠢᠯ ᠤᠨ | ᠠᠪᠢᠶᠠᠰ ᠤᠨᠴᠠᠯᠢᠭ ᠲᠤᠨᠢ ᠲᠤᠬᠢᠷᠠᠭᠤᠯᠤᠨ ᠰᠤᠮᠤᠨ ᠤ | ᠠᠷᠠᠳ ᠤᠨ ᠶᠠᠪᠤᠳᠠᠯ ᠤᠨ ᠺᠠᠳ᠋ᠷ ᠪᠤᠯᠭᠠᠵᠤ ︽ᠤᠷᠤᠭ ᠤᠨ | ᠪᠠᠲᠤᠯᠠᠪᠤᠷᠢ ︾ ᠂ ︽ᠶᠠᠳᠠᠭᠤ ᠬᠦᠴᠢᠷᠳᠡᠯ ᠲᠠᠢ ᠡᠷᠦᠬᠡ︾ | ᠶᠢᠨ ᠠᠵᠢᠯ ᠵᠡᠷᠭᠡ ᠶᠢ ᠪᠤᠳᠠᠳᠠᠢ ᠪᠠᠷ ᠬᠠᠮᠢᠶᠠᠷᠤᠭᠤᠯᠪᠠ᠃ | ᠰᠤᠶᠤᠷᠬᠠᠯ ᠪᠠᠰᠠ ᠬᠦᠤ ᠰᠠᠨᠰᠠᠷ ᠢᠶᠠᠨ ᠰᠤᠮᠤᠨ ᠤ ᠮᠤᠩᠭᠤᠯ | ᠰᠤᠷᠭᠠᠭᠤᠯᠢ ᠳᠤᠨᠢ ᠪᠢᠴᠢᠭ ᠦᠵᠡᠭᠦᠯᠵᠦ ᠡᠬᠡ ᠬᠡᠯᠡ ᠪᠠᠨ | ᠰᠤᠷᠭᠠᠬᠤ ᠡᠭᠦᠷᠭᠡ ᠬᠠᠷᠢᠭᠤᠴᠠᠯᠭ᠎ᠠ ᠪᠠᠨ ᠪᠡᠶᠡᠯᠡᠭᠦᠯᠦᠭᠰᠡᠨ | ᠪᠠᠶᠢᠯ᠎ᠠ᠃ ᠡᠨᠡᠬᠦ ᠮᠠᠯᠵᠢᠬᠤ ᠰᠤᠮᠤ ᠨᠢ ᠬᠡᠳᠦᠶᠢᠪᠡᠷ | ᠪᠤᠶᠢᠳᠠ ᠪᠦᠭᠯᠡᠭᠦᠤ ᠰᠢᠭ ᠭᠠᠵᠠᠷ ᠪᠤᠯᠪᠠᠴᠤ᠂ ᠠᠳᠡ ᠨᠤᠲᠤᠭ | ᠪᠡᠯᠴᠢᠭᠡᠷ ᠠᠭᠤᠳᠠᠮ᠂ ᠠᠭᠤᠯᠠᠷᠬᠠᠭ ᠰᠢᠯᠢᠷᠬᠡᠭ ᠰᠤᠳᠤᠨ ᠨᠤᠳᠤᠭ | ᠪᠠᠶᠢᠵᠦ ᠬᠤᠷ᠎ᠠ ᠪᠤᠷᠤᠭᠠᠨ ᠲᠡᠩᠴᠡᠭᠰᠡᠭᠡᠷ ᠦᠨᠡᠬᠡᠷ ᠴᠦ ᠮᠠᠯ | ᠮᠠᠯᠵᠢᠬᠤ ᠳᠤ ᠰᠠᠶᠢᠬᠠᠨ ᠭᠠᠵᠠᠷ ᠪᠠᠶᠢᠯ᠎ᠠ᠃ | ᠡᠷᠭᠢᠯᠳᠦᠬᠦ ᠪᠦᠮᠪᠦᠷᠴᠡᠭ ᠡᠭᠡᠯᠵᠢᠯᠡᠬᠦ ᠤᠯᠠᠷᠢᠯ ᠤᠨ | ᠵᠢᠮ᠎ᠡ ᠪᠠᠷ ᠦᠵᠡᠵᠦ ᠪᠠᠶᠢᠲᠠᠯ᠎ᠠ ᠰᠦᠰᠦᠲᠠᠢ ᠰᠤᠶᠤᠷᠬᠠᠯ ᠤᠨ | ᠬᠢᠨᠢ ᠡᠨᠡ ᠨᠤᠳᠤᠭ ᠲᠤ ᠠᠷᠪᠠᠨ ᠬᠡᠳᠦᠨ ᠵᠢᠯ ᠠᠮᠢᠳᠤᠷᠠᠵᠤ᠂ | ᠶᠡᠷᠡᠨ ᠭᠤᠷᠪᠠᠨ ᠤᠨ ᠤ ᠵᠤᠨ ᠪᠤᠯᠬᠤ ᠳᠤ ᠰᠠᠨᠰᠡᠷ ᠨᠢ ᠴᠦ | ᠦᠨᠳᠦᠷ ᠵᠡᠷᠭᠡ ᠶᠢᠨ ᠲᠤᠮᠳᠠᠳᠤ ᠰᠤᠷᠭᠠᠭᠤᠯᠢ ᠪᠠᠨ | ᠲᠡᠭᠦᠰᠭᠡᠭᠡᠳ ᠤᠷᠤᠨ ᠤ ᠲᠦᠪ ᠲᠤ ᠪᠠᠶᠢᠭ᠎ᠠ ᠨᠢᠭᠡᠨ ᠲᠤᠰᠬᠠᠢ | ᠮᠡᠷᠭᠡᠵᠢᠯ ᠤᠨ ᠰᠤᠷᠭᠠᠭᠤᠯᠢ ᠳᠤ ᠰᠢᠯᠭᠠᠨ ᠤᠷᠤᠭᠰᠠᠨ | ᠪᠠᠶᠢᠪᠠ᠃ ᠭᠡᠬᠦ ᠳᠤ ᠬᠦᠮᠦᠨ ᠤ ᠰᠠᠨᠠᠭ᠎ᠠ ᠭᠡᠭᠴᠢ ᠶᠡᠷᠤ ᠠᠴᠠ | ᠬᠠᠨᠤᠰᠢ ᠦᠭᠡᠢ ᠶᠢᠨ ᠵᠢᠮ᠎ᠡ ᠪᠠᠷ ᠰᠤᠶᠤᠷᠬᠠᠯ ᠴᠦ ᠮᠥᠨ ᠯᠠ | ᠶᠡᠭᠡ ᠯᠠ ᠬᠠᠷᠠᠮᠰᠠᠵᠤ᠄ ︽ᠮᠢᠨᠤ ᠡᠨᠡ ᠬᠦᠤ ᠭᠡᠭᠴᠢ | ᠲᠦᠷᠦᠯᠬᠢ ᠶᠢᠨ ᠴᠤᠪᠤᠭᠤ ᠰᠡᠷᠭᠦᠯᠡᠩ᠂ ᠤᠢ ᠪᠢᠯᠢᠭ ᠰᠠᠶᠢᠲᠠᠢ | ᠬᠡᠦᠬᠡᠳ ᠪᠤᠯᠬᠤᠷ ᠬᠡᠷᠪᠡ ᠰᠤᠮᠤᠨ ᠤ ᠰᠤᠷᠭᠠᠭᠤᠯᠢ ᠳᠤ | ᠰᠠᠭᠤᠯᠭᠠᠭᠰᠠᠨ ᠦᠭᠡᠢ ᠪᠠᠷ ᠰᠢᠭᠤᠳ ᠬᠤᠰᠢᠭᠤ ᠪᠤᠶᠦ ᠠᠶᠢᠮᠠᠭ | ᠲᠡᠭᠡᠷ᠎ᠡ ᠦᠵᠡᠭᠦᠯᠦᠭᠰᠡᠨ ᠪᠣᠯ ᠯᠠᠪᠲᠠᠢ ᠶᠡᠭᠡ | ᠰᠤᠷᠭᠠᠭᠤᠯᠢ ᠶᠢᠨ ᠵᠢᠩᠭᠢᠨᠢ ᠠᠩᠭᠢ ᠶᠢᠨ ᠰᠤᠷᠤᠭᠴᠢ ᠪᠤᠯᠤᠨ᠎ᠠ | ᠁︾ ᠭᠡᠵᠤ ᠠᠭᠤᠯᠵᠠᠭᠰᠠᠨ ᠪᠤᠯᠭᠠᠨ ᠳᠤ ᠮᠠᠵᠤᠤᠯᠠᠨ ᠶᠠᠷᠢᠵᠦ | ᠪᠠᠶᠢᠯ᠎ᠠ᠃ ᠬᠡᠳᠦᠨ ᠵᠢᠯ ᠤᠨ ᠲᠠᠷᠠᠭ᠎ᠠ ᠬᠦᠤ ᠰᠠᠨᠰᠠᠷ ᠨᠢ | ᠠᠶᠢᠮᠠᠭ ᠤᠨ ᠲᠦᠪ ᠲᠤ ᠠᠵᠢᠯ ᠬᠤᠪᠢᠶᠠᠭᠳᠠᠨ ᠠᠯᠪᠠᠳᠠᠨ ᠪᠤᠯᠵᠦ | ᠠᠶᠢᠯ ᠡᠷᠦᠬᠡ ᠪᠤᠯᠪᠠ᠃ ᠲᠡᠭᠦᠨ ᠤ ᠲᠠᠷᠠᠭ᠎ᠠ ᠤᠲᠤ ᠠᠴᠠ ᠲᠠᠪᠤᠨ | ᠵᠢᠯ ᠤᠨ ᠡᠮᠦᠨ᠎ᠡ ᠰᠦᠰᠦᠲᠠᠢ ᠭᠤᠸᠠᠢ ᠴᠦ ᠠᠵᠢᠯ ᠤᠨ | ᠠᠮᠠᠷᠠᠯᠲᠠ ᠪᠠᠨ ᠠᠪᠤᠪᠠ᠃ ᠲᠡᠷᠡ ᠭᠤᠸᠠᠢ ᠮᠢᠨᠢ ᠲᠡᠭᠡᠭᠡᠳ ᠯᠠ | ᠰᠡᠳᠭᠢᠯ ᠲᠠᠭᠠᠷᠠᠭᠰᠠᠨ ᠪᠦᠰᠡᠭᠦᠢ ᠲᠠᠢ᠂ ᠰᠠᠨᠠᠭ᠎ᠠ | ᠨᠡᠶᠢᠯᠡᠭᠰᠡᠨ ᠭᠡᠤᠭᠡᠳ ᠲᠠᠢ ᠡᠶᠢᠮᠦ ᠯᠠ ᠨᠢᠭᠡᠨ ᠵᠤᠯ | ᠵᠢᠷᠭᠠᠯᠲᠠᠢ ᠭᠡᠷ ᠪᠦᠯᠢ ᠳᠡᠭᠡᠨ ᠲᠠᠭᠠᠲᠠᠢ ᠰᠠᠶᠢᠬᠠᠨ | ᠠᠮᠢᠲᠤᠷᠠᠵᠤ ᠪᠠᠶᠢᠲᠠᠯ᠎ᠠ᠂ ᠭᠠᠢ ᠭᠠᠵᠠᠷ ᠲᠤᠤᠷ᠎ᠠ ᠠᠴᠠ | ᠭᠡᠳᠡᠭᠴᠢᠯᠡᠨ ᠮᠠᠭᠤ ᠢᠷᠸ᠎ᠠ ᠶᠢᠨ ᠤᠴᠢᠷ ᠪᠠᠰᠠ ᠭᠡᠨᠡᠳᠲᠡ | ᠲᠠᠭᠠᠷᠠᠵᠤ ᠰᠤᠶᠤᠷᠬᠠᠯ ᠰᠠᠮᠠᠭᠠᠨ ᠲᠦᠷᠭᠡᠨ ᠡᠪᠡᠳᠴᠢᠨ ᠢᠶᠠᠷ | ᠲᠠᠯᠢᠢᠭᠴᠢ ᠪᠤᠯᠪᠠ᠃ | ᠦᠯᠡᠳᠡᠭᠰᠡᠨ ᠬᠦᠮᠦᠨ ᠨᠢ ᠦᠩᠭᠡᠷᠡᠭᠰᠡᠨ ᠬᠦᠮᠦᠨ ᠤ | ᠬᠤᠶᠢᠨ᠎ᠠ ᠠᠴᠠ ᠦᠬᠦᠵᠦ ᠪᠤᠯᠳᠠᠭ ᠦᠭᠡᠢ ᠶᠢᠨ ᠵᠢᠮ᠎ᠡ ᠪᠠᠷ | ᠡᠪᠦᠭᠡᠨ ᠤ ᠬᠦᠤ ᠪᠡᠷᠢ ᠨᠢ ᠠᠪᠤ ᠪᠠᠨ ᠬᠤᠰᠢᠭᠤᠨ ᠲᠦᠪ ᠲᠤ | ᠨᠡᠭᠦᠯᠭᠡᠵᠦ᠂ ᠲᠠᠯᠠᠭᠠᠳ ᠲᠦᠷᠪᠡᠯᠵᠢᠨ ᠮᠧᠲᠷ ᠤᠨ ᠬᠤᠶᠠᠳᠤᠭᠠᠷ | ᠲᠠᠪᠬᠤᠷᠯᠢᠭ ᠤᠨ ᠠᠰᠠᠷ ᠬᠤᠳᠠᠯᠳᠤᠨ ᠠᠪᠴᠤ ᠦᠭᠭᠦᠭᠰᠡᠨ | ᠪᠠᠶᠢᠵᠠᠢ᠃ ᠨᠢᠲᠤᠨᠤᠨ ᠴᠠᠭᠠᠨ ᠰᠠᠷ᠎ᠠ ᠬᠦᠤ ᠨᠢ ᠡᠴᠢᠭᠡ ᠳᠡᠭᠡᠨ | ᠨᠢᠭᠡ ᠶᠡᠬᠡᠬᠡᠨ ᠨᠢᠭᠤᠷ ᠲᠠᠢ᠂ ᠰᠢᠨ᠎ᠡ ᠮᠠᠶ᠋ᠢᠭ ᠤᠨ ᠭᠠᠷ | ᠤᠳᠠᠰᠤ ᠠᠪᠴᠤ ᠦᠭᠭᠦᠭᠰᠡᠨ ᠪᠦᠭᠡᠳ ᠸᠢᠴᠠᠲ ᠲᠠᠭᠠᠷᠠᠭᠤᠯᠤᠨ᠂ | ᠬᠡᠷᠡᠭᠴᠡᠭᠡ ᠴᠢᠳᠠᠮᠵᠢ ᠶᠢ ᠨᠢ ᠪᠦᠷᠢᠨ ᠵᠢᠭᠠᠵᠤ ᠦᠭᠴᠠᠢ᠃ | ᠰᠦᠰᠦᠲᠠᠢ ᠭᠤᠸᠠᠢ ᠴᠦ ᠭᠡᠰᠡᠨ ᠪᠢᠴᠢᠭ ᠰᠤᠶᠤᠯ ᠲᠠᠢ ᠮᠦᠷᠳᠡᠬᠡᠨ | ᠠᠵᠢᠯ ᠠᠯᠪᠠ ᠲᠠᠢ ᠶᠠᠪᠤᠭᠰᠠᠨ ᠬᠦᠮᠦᠨ ᠪᠤᠯᠬᠤᠷ ᠰᠢᠨ᠎ᠡ | ᠰᠡᠪᠡᠭᠦᠨ ᠶᠠᠭᠤᠮ᠎ᠠ ᠶᠢ ᠰᠤᠷᠬᠤ ᠨᠢ ᠠᠮᠠᠷᠬᠠᠨ ᠪᠠᠶᠢᠵᠦ᠂ | ᠲᠡᠮᠡᠢ ᠤᠳᠠᠯ ᠦᠭᠡᠢ ᠸᠢᠴᠠᠲ ᠲᠡᠭᠡᠷ᠎ᠡ ᠪᠠᠨ ︽ᠲᠦᠷᠦᠯ ᠰᠠᠲᠤᠨ ᠤ | ᠴᠤᠭᠯᠠᠷᠠᠯ︾᠂ ︽ᠨᠠᠶᠢᠵᠢ ᠨᠦᠭᠦᠳ ᠤᠨ ᠴᠤᠭᠯᠠᠷᠠᠯ︾᠂ | ︽ᠪᠠᠶᠢᠭᠤᠯᠤᠯᠭ᠎ᠠ ᠶᠢᠨ ᠠᠵᠢᠯᠲᠠᠳ ᠤᠨ ᠴᠤᠭᠯᠠᠷᠠᠯ︾ ᠢᠶᠠᠷ | ᠡᠳᠦᠷᠵᠢᠨ ᠵᠤᠭᠠᠴᠠᠨ ᠲᠤᠭᠤᠷᠢᠬᠤ ᠶᠢᠨ ᠬᠠᠮᠲᠤ᠂ ᠰᠦᠯᠵᠢᠶᠡᠨ | ᠲᠡᠭᠡᠷ᠎ᠡ ᠠᠴᠠ ᠤᠯᠵᠤ ᠦᠵᠡᠭᠰᠡᠨ ᠰᠢᠨ᠎ᠡ ᠴᠢᠮᠡᠭᠡ᠂ ᠰᠤᠨᠢᠨ | ᠰᠤᠨᠤᠰᠬᠠᠯ ᠢᠶᠠᠨ ᠦᠶ᠎ᠡ ᠬᠤᠷᠠᠭ ᠤᠨ ᠡᠪᠦᠭᠡᠳ ᠡᠮᠡᠭᠡᠳ | ᠲᠤ ᠰᠤᠨᠤᠷᠳᠠᠭᠤᠯᠤᠨ ᠭᠠᠶᠢᠬᠠᠭᠤᠯᠳᠠᠭ ᠪᠤᠯᠵᠠᠢ᠃ | ᠭᠡᠬᠦ ᠳᠤ᠂ ᠰᠦᠰᠦᠲᠠᠢ ᠡᠪᠦᠭᠡᠨ᠂ ᠬᠦᠭᠰᠢᠨ ᠢᠶᠠᠨ ᠨᠠᠰᠤ | ᠪᠠᠷᠠᠭᠰᠠᠨ ᠠᠴᠠ ᠬᠤᠶᠢᠰᠢ ᠡᠳᠦᠵᠢᠨ ᠭᠠᠭᠴᠠᠭᠠᠷ ᠢᠶᠠᠨ | ᠠᠮᠢᠳᠤᠷᠠᠵᠦ ᠲᠤᠶᠢᠯ ᠤᠨ ᠭᠠᠭᠴᠠᠭᠠᠷᠳᠠᠮᠠᠯ ᠢᠶᠠᠷ ᠰᠢᠷ᠎ᠠ | ᠡᠳᠦᠷ ᠪᠤᠷᠤ ᠬᠤᠨᠤᠭ ᠢ ᠤᠶᠢᠳᠬᠠᠷ ᠲᠠᠢ ᠦᠩᠭᠡᠷᠡᠭᠦᠯᠦᠨ | ᠰᠦᠨᠢᠵᠢᠨ ᠭᠤᠶ᠎ᠠ ᠪᠠᠨ ᠲᠡᠪᠡᠷᠢᠨ ᠭᠤᠩᠰᠤᠶᠢᠵᠤ ᠤᠨᠳᠠᠬᠤ ᠨᠢ | ᠲᠡᠭᠦᠨ ᠳᠤ ᠶᠠᠮᠠᠷ ᠴᠦ ᠤᠳᠬ᠎ᠠ ᠠᠭᠤᠯᠭ᠎ᠠ ᠦᠭᠡᠢ᠂ ᠠᠮᠳᠠ | ᠰᠢᠮᠳᠡ ᠦᠭᠡᠢ ᠰᠠᠨᠠᠭᠳᠠᠪᠠ᠃ ᠲᠡᠷᠡ ᠭᠤᠸᠠᠢ ᠪᠠᠰᠠ ᠶᠠᠭᠠᠬᠢᠯ᠎ᠠ | ᠴᠦ ᠭᠡᠰᠡᠨ ᠨᠢᠭᠡ ᠨᠠᠰᠤ ᠨᠠᠮᠪᠠ᠂ ᠠᠵᠤ ᠠᠮᠢᠳᠤᠷᠠᠯᠭ᠎ᠠ | ᠲᠤᠬᠢᠷᠠᠭᠰᠠᠨ ᠬᠠᠨᠢ ᠡᠷᠢᠶ᠎ᠡ ᠭᠡᠵᠤ ᠶᠡᠬᠡᠲᠡ ᠪᠤᠳᠤᠳᠠᠭ | ᠪᠤᠯᠪᠠᠴᠤ ᠬᠦᠤ ᠪᠡᠷᠢ ᠠᠴᠠ ᠪᠠᠨ ᠠᠶᠤᠭᠠᠳ ᠬᠡᠯᠡᠬᠦ ᠵᠤᠷᠢᠭ | ᠦᠭᠡᠢ ᠪᠠᠶᠢᠯ᠎ᠠ᠃ ᠰᠦᠰᠦᠲᠠᠢ ᠭᠤᠸᠠᠢ ᠡᠨᠡ ᠲᠡᠷᠡ ᠤᠯᠠᠨ ᠤᠴᠢᠷ ᠢ | ᠡᠷᠭᠢᠴᠡᠭᠦᠯᠦᠨ ᠬᠤᠷᠳᠤᠯᠠᠨ ᠠᠯᠬᠤᠭᠰᠠᠭᠠᠷ ᠤᠳᠠᠯ ᠦᠭᠡᠢ | ᠭᠡᠷ ᠲᠡᠭᠡᠨ ᠢᠷᠡᠴᠢᠭᠡᠪᠡ᠃ | ᠲᠡᠷᠡ ᠭᠤᠸᠠᠢ ᠨᠢᠲᠤᠨ ᠰᠢᠯ ᠢᠶᠠᠨ ᠵᠡᠭᠦᠵᠦ ᠦᠨᠦᠬᠢ ᠭᠤᠶᠦ | ᠪᠦᠰᠡᠭᠦᠢ ᠶᠢᠨ ᠸᠢᠴᠠᠲ ᠲᠡᠭᠡᠷ᠎ᠡ ᠪᠠᠨ ᠲᠠᠯᠪᠢᠭᠰᠠᠨ | ᠰᠡᠭᠦᠳᠡᠷ ᠢ ᠨᠢ ᠪᠠᠶᠢᠨ ᠲᠠᠬᠢᠨ ᠬᠡᠲᠦ ᠤᠳᠠᠭ᠎ᠠ ᠰᠢᠨᠵᠢᠭᠡᠳ | ᠰᠢᠷᠠᠪᠲᠤᠷ ᠮᠠᠷᠢᠶᠠᠯᠢᠭ ᠴᠢᠷᠠᠢ ᠳᠠᠭᠠᠨ ᠪᠠᠬ᠎ᠠ ᠨᠢ | ᠬᠠᠨᠤᠭᠰᠠᠨ ᠮᠦᠰᠢᠶᠡᠯ ᠲᠤᠳᠤᠷᠠᠭᠤᠯᠤᠨ ᠰᠡᠳᠭᠢᠯ | ᠬᠠᠨᠤᠮᠵᠢᠲᠠᠶᠢᠬᠠᠨ ᠭᠡᠭᠴᠢ ᠪᠠᠷ ᠦᠨᠦᠬᠢ ︽ᠴᠠᠰᠤ ᠴᠠᠭᠠᠨ | ᠭᠦᠩᠵᠦ︾ ᠶᠢᠨ ᠨᠠᠶᠢᠵᠢ ᠪᠤᠯᠬᠤ ᠪᠠᠷ ᠡᠷᠡᠮᠡᠯᠵᠡᠭᠰᠡᠨ ᠢ ᠨᠢ | ᠵᠦᠪᠰᠢᠶᠡᠷᠡᠬᠦ ᠴᠢᠳᠠᠮᠵᠢ ᠪᠠᠨ ᠡᠪᠲᠠᠶᠢᠬᠡᠨ ᠭᠡᠭᠴᠢ ᠲᠠᠷᠤᠵᠤ | ᠪᠢᠯᠠ᠃ ᠲᠡᠮᠡᠢ ᠨᠢᠭᠡ ᠮᠢᠨᠦ᠋ᠲ ᠴᠦ ᠪᠤᠯᠤᠯ ᠦᠭᠡᠢ ᠪᠠᠷ ᠬᠠᠷᠢᠭᠤ | ᠴᠠᠬᠢᠮ ᠢᠷᠡᠭᠦᠯᠵᠤ᠄ ︽ᠰᠠᠶᠢᠬᠠᠨ ᠪᠦᠬᠦᠨ ᠤ ᠡᠬᠢᠯᠡᠯ ᠰᠢᠨ᠎ᠡ | ᠦᠷᠯᠦᠭᠡ ᠪᠠᠶᠢᠳᠠᠭ ᠪᠣᠯ ᠰᠠᠶᠢᠨ ᠢᠶᠠᠷ ᠡᠬᠢᠯᠡᠭᠦᠯᠬᠦ | ᠬᠦᠮᠦᠨ ᠨᠢ ᠲᠠ ᠦᠪᠡᠷ ᠢᠶᠠᠨ ᠪᠠᠶᠢᠳᠠᠭ ᠂ ᠮᠤᠩᠭᠤᠯ | ᠠᠬ᠎ᠠ ᠳᠠᠭᠠᠨ ᠦᠷᠯᠦᠭᠡ ᠶᠢᠨ ᠮᠡᠨᠲᠦ ᠬᠦᠷᠭᠡᠶ᠎ᠡ᠂ ᠡᠳᠦᠷ | ᠪᠤᠯᠭᠠᠨ ᠠᠵᠠ ᠬᠡᠶᠢᠮᠤᠷᠢ ᠲᠠᠢ ᠪᠤᠯᠬᠤ ᠪᠤᠯᠲᠤᠭᠠᠢ ︾ ᠭᠡᠬᠦ | ᠠᠮᠤᠷ ᠮᠡᠨᠲᠦ ᠶᠢ ᠨᠢ ᠠᠰᠠᠭᠤᠭᠰᠠᠨ ᠴᠠᠬᠢᠮ ᠴᠢᠮᠡᠭᠡ | ᠢᠷᠡᠭᠦᠯᠦᠭᠰᠡᠨ ᠪᠠᠶᠢᠪᠠ᠃ ᠡᠷᠡᠴᠤᠤᠯ ᠳᠤ ᠪᠦᠰᠡᠭᠦᠢ ᠬᠦᠮᠦᠨ ᠤ | ᠬᠠᠯᠠᠮᠵᠢᠯᠠᠯ ᠶᠡᠭᠡ ᠴᠢᠬᠤᠯᠠ ᠪᠠᠶᠢᠳᠠᠭ ᠤᠨ ᠵᠢᠮ᠎ᠡ ᠪᠠᠷ | ᠡᠪᠦᠭᠡᠨ ᠭᠤᠸᠠᠢ ᠡᠨᠡ ᠬᠡᠳᠦᠬᠡᠨ ᠬᠠᠯᠠᠭᠤᠮᠰᠤᠭ ᠦᠭᠡᠨ ᠳᠤᠨᠢ | ᠰᠡᠳᠬᠢᠯ ᠪᠦᠯᠢᠶᠡᠰᠦᠭᠰᠡᠨ ᠢ ᠶᠠᠭᠠᠬᠢᠨ ᠲᠦᠷᠰᠦᠯᠡᠬᠦ ᠠᠵᠠᠢ᠃ | ᠲᠡᠷᠡᠬᠡᠨ ᠵᠠᠭᠤᠷ᠎ᠠ ᠶᠠᠮᠠᠷ ᠨᠢᠭᠡᠨ ᠨᠢᠭᠤᠴᠠ ᠶᠠᠭᠤᠮ᠎ᠠ | ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ ᠲᠠᠴᠢᠶᠠᠯ ᠤᠨ | ᠭᠠᠯ ᠢ ᠨᠢ ᠲᠦᠷᠡᠯᠵᠡᠭᠦᠯᠵᠦ᠂ ᠬᠠᠮᠤᠭ ᠪᠡᠶ᠎ᠡ ᠳᠤ ᠨᠢ ᠭᠠᠯ | ᠨᠤᠴᠤᠭᠰᠠᠨ ᠰᠢᠭ᠋ ᠬᠠᠯᠠᠭᠤ ᠤᠷᠭᠢᠪᠠ᠃ ᠰᠦᠰᠦᠲᠠᠢ ᠭᠤᠸᠠᠢ ᠨᠠᠷᠠ | ᠰᠢᠭ᠋ ᠴᠢᠷᠠᠶᠢᠯᠠᠵᠤ ᠨᠢᠭᠡ ᠯᠠ ᠰᠠᠶᠢᠬᠠᠨ | ᠢᠨᠢᠶᠡᠴᠢᠭᠡᠭᠰᠡᠨ ᠢᠶᠠᠨ᠄ ︽ᠠᠶ᠎ᠠ᠂ ᠡᠨᠡ ᠴᠢᠨᠢ ᠬᠡᠨ ᠭᠡᠳᠡᠭ | ᠪᠤᠢ︖ ᠬᠠᠮᠢᠭᠠᠬᠢ ᠬᠦᠮᠦᠨ ᠪᠤᠯᠴᠢᠬᠠᠪᠠ︖ ᠡᠨᠡ ᠭᠡᠭᠴᠢ ᠯᠠᠪ | ᠨᠢᠭᠡᠨ ᠲᠦᠯᠭᠡᠴᠢ ᠪᠠᠭᠰᠢᠲᠠᠨ ᠴᠦ ᠪᠤᠯᠪᠠ ᠤᠤ︖ ᠮᠢᠨᠤ ᠮᠤᠩᠭᠤᠯ | ᠬᠦᠮᠦᠨ ᠭᠡᠳᠡᠭ ᠢ ᠶᠠᠭᠠᠬᠢᠨ ᠮᠡᠳᠡᠭᠰᠡᠨ ᠪᠤᠢ︖ ᠪᠠᠰᠠ | ᠬᠦᠨᠳᠦᠯᠡᠯ ᠢᠶᠠᠨ ᠠᠬ᠎ᠠ ᠪᠤᠯᠭᠠᠨ ᠲᠠᠭᠤᠳᠠᠪᠠ᠂ ᠡᠨᠡ ᠶᠤᠰᠤᠲᠠᠢ | ᠰᠠᠶᠢᠬᠠᠨ ᠶᠠᠭᠤᠮᠠᠨ ᠳᠤ ᠰᠠᠶᠢᠪᠤᠷ ᠵᠢᠷᠤᠭ᠎ᠠ ᠭᠡᠭᠴᠢ ᠪᠤᠯᠵᠠᠢ | ᠁︾ ᠬᠡᠮᠡᠨᠦᠯᠦ ᠰᠤᠨᠤᠰᠳᠠᠮ᠎ᠠ ᠦᠭᠦᠯᠡᠭᠰᠡᠭᠡᠷ᠄ ︽ᠬᠠᠷᠢᠭᠤ | ᠶᠠᠭᠤ ᠬᠡᠯᠡᠬᠦ ᠪᠢᠯᠠ︖︾ ᠭᠡᠵᠤ ᠭᠡᠰᠡᠭ | ᠪᠤᠲᠤᠯᠬᠢᠯᠠᠬᠰᠠᠨ ᠢᠶᠠᠨ ᠡᠯᠳᠡᠪ ᠶᠠᠭᠤᠮ᠎ᠠ ᠶᠠᠷᠢᠵᠤ ᠦᠨᠦᠬᠢ | ᠭᠤᠶᠦ ᠪᠦᠰᠡᠭᠦᠢ ᠳᠤ ᠭᠤᠯᠤᠭᠳᠠᠬᠤ ᠠᠴᠠ ᠪᠠᠨ ᠬᠡᠴᠢᠶᠡᠨ | ᠡᠪᠲᠡᠶᠢᠬᠡᠨ ᠤᠬᠠᠭᠠᠯᠢᠭ ᠬᠡᠳᠦᠨ ᠦᠭᠡ ᠪᠤᠳᠤᠨ ᠤᠯᠵᠤ᠄ | ︽ᠪᠠᠶᠠᠷᠯᠠᠯ᠎ᠠ᠂ ᠬᠠᠷᠢᠭᠤ ᠮᠡᠨᠳᠤ ᠬᠦᠷᠭᠡᠶ᠎ᠡ᠂ ᠡᠷᠬᠢᠮ | ᠲᠡᠭᠦᠤᠲᠠᠢ ᠲᠠᠨ ᠤ ᠶᠢᠰᠤᠨ ᠴᠠᠭᠠᠨ ᠬᠦᠰᠡᠯ ᠴᠢᠨᠢ | ᠪᠡᠶᠡᠯᠡᠭᠳᠡᠬᠦ ᠪᠤᠯᠳᠤᠭᠠᠢ ᠁︾ ᠭᠡᠰᠡᠨ ᠬᠠᠷᠢᠭᠤ ᠴᠢᠮᠡᠭᠡ | ᠶᠠᠪᠤᠭᠤᠯᠤᠭᠠᠳ ᠶᠠᠭ ᠯᠠ ᠬᠡᠰᠡᠭ ᠰᠢᠬᠢᠷ ᠤᠯᠵᠤ ᠡᠮᠬᠦᠭᠰᠡᠨ | ᠭᠡᠤᠭᠡᠳ ᠰᠢᠭ ᠪᠠᠶᠠᠰᠴᠤ᠄ ︽ᠡᠨᠡ ᠴᠦ ᠶᠤᠰᠤᠲᠠᠢ ᠨᠢᠭᠡᠨ | ᠶᠠᠷᠢᠶ᠎ᠠ ᠬᠦᠬᠡᠷᠦᠬᠡ ᠲᠠᠢ᠂ ᠲᠤᠷᠭ᠎ᠠ ᠲᠤᠷᠲᠤᠩ ᠰᠢᠭ᠋ | ᠡᠶᠡᠯᠳᠡᠭ ᠵᠦᠭᠡᠯᠡᠨ ᠵᠠᠩᠲᠠᠢ ᠵᠢᠩᠭᠢᠨᠢ ᠨᠡᠷ᠎ᠡ | ᠨᠡᠷᠡᠶᠢᠳᠤᠯ ᠳᠡᠭᠡᠨ ᠲᠤᠬᠢᠷᠠᠭᠰᠠᠨ ᠴᠠᠰᠤ ᠴᠠᠭᠠᠨ ᠭᠦᠩᠵᠦ ᠡ᠂ | ᠡᠪᠦᠭᠡᠨ ᠠᠬ᠎ᠠ ᠨᠢ ᠴᠢᠮ᠎ᠠ ᠲᠠᠢ ᠨᠠᠶᠢᠵᠢ | ᠪᠤᠯᠤᠯᠴᠠᠭᠰᠠᠨ ᠳᠠᠭᠠᠨ ᠵᠡᠭᠦᠲᠦ ᠪᠠᠷ ᠢᠶᠠᠨ ᠪᠠᠶᠠᠷᠯᠠᠵᠤ | ᠪᠠᠶᠢᠬᠤ ᠪᠢᠰᠢ ᠰᠢᠤ᠂ ᠬᠠᠷᠢᠨ ᠵᠢᠷᠦᠬᠡᠨ ᠤᠭ ᠠᠴᠠ ᠪᠠᠨ | ᠤᠮᠤᠭᠰᠢᠨ ᠵᠤᠷᠢᠭᠵᠢᠵᠦ ᠪᠠᠶᠢᠬᠤ ᠨᠢ ᠡᠨᠡ ᠡ ᠁︾ ᠭᠡᠵᠤ | ᠠᠮᠠᠨ ᠳᠠᠭᠠᠨ ᠲᠦᠳᠦᠨᠡᠭᠰᠡᠭᠡᠷ ᠯᠤᠩᠬᠤ ᠲᠠᠢ ᠪᠠᠨ ᠭᠠᠷᠭᠠᠨ | ᠬᠡᠮᠨᠡᠵᠦ᠂ ᠬᠤᠨᠳᠠᠭ᠎ᠠ ᠲᠠᠢ ᠠᠷᠢᠬᠢ ᠪᠠᠨ ᠪᠠᠭ᠎ᠠ ᠪᠠᠭ᠎ᠠ | ᠪᠠᠷ ᠪᠠᠯᠭᠤᠵᠤ᠂ ᠠᠶᠠᠭ᠎ᠠ ᠲᠠᠢ ᠴᠠᠢ ᠪᠠᠨ ᠠᠭᠠᠵᠢᠮ | ᠠᠭᠠᠵᠢᠮ ᠢᠶᠠᠷ ᠤᠭᠤᠴᠢᠵᠤ ᠰᠠᠭᠤᠬᠤ ᠳᠠᠭᠠᠨ | ᠡᠮᠡᠭᠡᠨ ᠠᠴᠠ ᠪᠠᠨ ᠬᠤᠶᠢᠰᠢ ᠡᠬᠡᠨᠠᠷ ᠬᠦᠮᠦᠨ ᠤ ᠬᠠᠶᠢᠷ᠎ᠠ | ᠬᠠᠯᠠᠮᠵᠢ ᠶᠢ ᠨᠢᠭᠡ ᠤᠳᠠᠭ᠎ᠠ ᠴᠦ ᠤᠯᠵᠤ ᠬᠦᠷᠳᠡᠭᠰᠡᠨ | ᠦᠭᠡᠢ ᠪᠠᠷ ᠤᠶᠢᠳᠬᠠᠷᠲᠠᠢ ᠭᠠᠭᠴᠠᠭᠠᠷᠳᠠᠮᠠᠯ ᠢᠶᠠᠷ | ᠦᠩᠭᠡᠷᠡᠭᠦᠯᠦᠭᠰᠡᠨ ᠡᠲᠦᠷ ᠬᠤᠨᠤᠭ ᠤᠳ ᠨᠢ ᠦᠪᠡᠷ ᠤᠨ ᠡᠷᠬᠡ | ᠦᠭᠡᠢ ᠰᠡᠳᠬᠢᠯ ᠰᠡᠷᠡᠯ ᠤᠨ ᠴᠡᠭᠡᠨ ᠬᠦᠰᠢᠭᠡᠨ ᠳᠤᠨᠢ | ᠲᠤᠳᠤᠷᠠᠨ᠎ᠠ᠃ ᠬᠤᠶᠠᠷ ᠵᠢᠯ ᠤᠨ ᠡᠮᠦᠨᠡᠬᠢ ᠨᠢᠭᠡᠨ ᠡᠳᠦᠷ | ᠲᠡᠭᠦᠨ ᠤ ᠰᠠᠶᠢᠨ ᠨᠠᠶᠢᠵᠢ ᠨᠢ ᠪᠤᠯᠬᠤ ᠬᠤᠳᠠᠯᠠ ᠭᠤᠸᠠᠢ | ᠦᠪᠡᠷ ᠤᠨ ᠢᠶᠠᠨ ᠬᠤᠯᠠ ᠶᠢᠨ ᠲᠦᠷᠦᠯ ᠪᠤᠯᠬᠤ ᠲᠤᠳᠤᠶᠢᠯᠠᠢ | ᠭᠡᠳᠡᠭ ᠨᠡᠷ᠎ᠡ ᠲᠠᠢ ᠲᠠᠪᠢᠨ ᠭᠤᠷᠪᠠᠲᠠᠢ ᠪᠠᠯᠪᠠᠰᠤᠨ | ᠡᠬᠡᠨᠠᠷ ᠢ ᠲᠠᠨᠢᠯᠴᠠᠭᠤᠯᠵᠦ ᠥᠭᠴᠡᠢ᠃ ᠲᠡᠷᠡ ᠭᠤᠸᠠᠢ ᠬᠤᠳᠠᠯᠠ | ᠡᠪᠦᠭᠡᠨ ᠤ ᠢᠳᠬᠠᠯᠭ᠎ᠠ ᠲᠠᠨᠢᠯᠴᠠᠭᠤᠯᠭ᠎ᠠ ᠪᠠᠷ ᠦᠨᠦᠬᠢ | ᠲᠤᠳᠤᠶᠢᠯᠠᠢ ᠭᠡᠳᠡᠭ ᠪᠦᠰᠡᠭᠦᠢ ᠲᠠᠢ ᠠᠭᠤᠯᠵᠠᠭᠰᠠᠨ | ᠪᠠᠶᠢᠵᠠᠢ᠃ ᠲᠡᠷᠡ ᠪᠦᠰᠡᠭᠦᠢ ᠭᠡᠭᠴᠢ ᠠᠵᠢᠯ ᠠᠮᠢᠳᠤᠷᠠᠯ ᠳᠠᠭᠠᠨ | ᠴᠢᠩᠭ᠎ᠠ ᠨᠢᠮᠪᠠᠢ ᠬᠦᠮᠦᠨ ᠪᠢᠰᠢ ᠮᠦᠷᠲᠡᠬᠡᠨ ᠦᠢᠯᠡ | ᠤᠶᠤᠳᠠᠯ ᠳᠠᠭᠠᠨ ᠴᠦ ᠠᠨᠠᠢ ᠬᠦᠮᠦᠨ ᠠᠵᠠᠢ᠃ ᠬᠠᠷᠢᠨ ᠲᠡᠭᠦᠨ ᠲᠠᠢ | ᠠᠭᠤᠯᠵᠠᠮᠠᠭᠴᠠ ᠨᠢᠲᠦ ᠬᠦᠮᠦᠰᠭᠡ ᠭᠦᠶᠦᠯᠭᠡᠵᠦ ᠮᠦᠰᠢᠶᠡᠳᠦ | ᠲᠤᠨᠤᠯᠵᠠᠭᠤᠯᠤᠨ ᠨᠢᠭᠡ ᠯᠠ ᠤᠨᠲᠤᠤ ᠴᠢᠷᠠᠶᠢᠯᠠᠬᠤ ᠳᠤᠨᠢ | ᠰᠦᠰᠦᠲᠠᠢ ᠭᠤᠸᠠᠢ ᠲᠤᠳᠤᠷ᠎ᠠ ᠪᠠᠨ ᠲᠤᠭᠠᠲᠠᠢ ᠪᠤᠯᠵᠦ᠄ ︽ᠡᠨᠡ | ᠪᠦᠰᠡᠭᠦᠢ ᠲᠠᠢ ᠰᠠᠭᠤᠴᠢᠬᠠᠪᠠᠯ ᠬᠦᠤ ᠪᠡᠷᠢ ᠲᠠᠢ ᠪᠠᠨ | ᠮᠠᠭᠤᠳᠠᠯᠴᠠᠵᠤ᠂ ᠬᠠᠮᠤᠭ ᠠᠮᠢᠲᠠᠨ ᠤ ᠡᠯᠡᠭ ᠲᠤᠭᠤᠬᠢ | ᠪᠤᠯᠬᠤ ᠨᠢ ᠲᠡᠷᠡ ᠁ ︾ ᠭᠡᠵᠤ ᠪᠡᠶ᠎ᠡ ᠰᠡᠳᠬᠢᠯ ᠢᠶᠠᠨ ᠴᠢᠩᠭ᠎ᠠ | ᠪᠠᠷᠢᠭᠠᠳ ᠤᠶᠢᠷᠠᠳᠴᠤ ᠴᠢᠳᠠᠭᠰᠠᠨ ᠦᠭᠡᠢ ᠪᠠᠶᠢᠯ᠎ᠠ᠂ | ᠭᠡᠬᠦ ᠳᠤ᠂ ᠬᠤᠳᠠᠯᠠ ᠡᠪᠦᠭᠡᠨ ᠲᠡᠭᠦᠨ ᠳᠤ ᠠᠷᠭ᠎ᠠ ᠵᠢᠭᠠᠵᠤ᠄ | ︽ᠴᠢ ᠬᠡᠮᠡᠭᠴᠢ ᠬᠠᠶᠢᠷ᠎ᠠ ᠪᠠᠷ ᠲᠡᠩᠴᠢ ᠬᠡᠴᠡᠭᠦᠤ ᠭᠠᠩᠳᠠᠵᠤ | ᠪᠠᠶᠢᠮᠤᠢ᠂ ᠴᠢ ᠲᠤᠳᠤᠶᠢᠯᠠᠢ ᠶᠢ ᠡᠬᠡᠨᠡᠷ ᠢᠶᠠᠨ ᠪᠤᠯᠭᠠᠵᠤ | ᠤᠷᠤᠭ ᠤᠨ ᠪᠠᠳᠤᠯᠠᠪᠤᠷᠢ ᠪᠠᠨ ᠠᠪᠴᠤ ᠰᠠᠭᠤᠬᠤ ᠦᠭᠡᠢ ᠴᠦ ᠭᠡᠰᠡᠨ | ᠲᠦᠷ ᠵᠠᠭᠤᠷ᠎ᠠ ᠶᠢᠨ ᠠᠪᠠᠭᠠᠢ ᠪᠤᠯᠭᠠᠨ ᠠᠩ ᠳᠤ ᠮᠤᠷᠳᠠᠵᠦ᠂ | ᠤᠳᠠᠭ᠎ᠠ ᠪᠦᠷᠢ ᠶᠢᠨ ᠵᠤᠭᠤᠰ ᠢᠶᠠᠨ ᠲᠤᠰᠢᠶᠠᠭᠠᠳ ᠯᠠ | ᠭᠠᠩ ᠢᠶᠠᠨ ᠲᠠᠶᠢᠯᠤᠨ᠎ᠠ ᠪᠠ ᠳ᠋ᠠ᠂ ᠦᠪᠡᠷ ᠤᠨ ᠠᠮᠢᠲᠤᠷᠠᠯ | ᠢᠶᠠᠨ ᠪᠠᠰᠠ ᠲᠤᠬᠢᠷᠠᠭᠤᠯᠵᠤ ᠴᠢᠳᠠᠬᠤ ᠦᠭᠡᠢ ᠦᠨᠡᠬᠡᠷ ᠴᠦ | ᠪᠢᠳᠠᠭᠤ ᠮᠤᠩᠬᠠᠭ ᠬᠦᠮᠦᠨ ᠡ ᠁︾ ᠬᠡᠮᠡᠨ ᠤᠬᠠᠭᠠᠯᠢᠭ ᠭᠡᠭᠴᠢ | ᠰᠠᠨᠠᠭᠤᠯᠬᠤ ᠳᠤᠨᠢ᠂ ᠰᠦᠰᠦᠲᠠᠢ ᠭᠤᠸᠠᠢ ᠴᠦ ︽ᠭᠤᠤᠯ ᠨᠢ | ᠲᠠᠰᠤᠷᠠᠬᠤ ᠦᠭᠡᠢ ᠪᠣᠯ ᠭᠤᠷᠢ ᠨᠢ ᠲᠠᠰᠤᠷᠠᠬᠤ ᠦᠭᠡᠢ︾ | ᠭᠡᠳᠡᠭ ᠨᠢ ᠪᠤᠯᠤᠭᠠᠳ ᠵᠠᠷᠯᠢᠭ ᠲᠠᠭᠠᠵᠤ ᠬᠤᠶᠠᠳᠠᠬᠢ ᠤᠳᠠᠭ᠎ᠠ | ᠪᠠᠯᠪᠠᠰᠤᠨ ᠪᠦᠰᠡᠭᠦᠢ ᠲᠤᠳᠤᠶᠢᠯᠠᠢ ᠶᠢ ᠡᠷᠢᠵᠦ ᠤᠴᠢᠭᠰᠠᠨ | ᠪᠠᠶᠢᠵᠠᠢ᠃ | ᠡᠪᠦᠭᠡᠨ ᠭᠤᠸᠠᠢ ᠶᠢᠨ ᠭᠠᠭᠴᠠᠭᠠᠷ ᠢᠶᠠᠨ ᠢᠷᠡᠭᠰᠡᠨ ᠢ | ᠦᠵᠡᠭᠡᠳ ᠦᠨᠦᠬᠢ ᠲᠤᠳᠤᠶᠢᠯᠠᠢ ᠵᠢᠭᠠᠬᠠᠨ ᠡᠪ ᠦᠭᠡᠶᠢᠷᠡᠬᠦ ᠰᠢᠭ | ᠪᠤᠯᠤᠭᠰᠠᠨ ᠪᠤᠯᠪᠠᠴᠤ ᠤᠳᠠᠯ ᠦᠭᠡᠢ ᠪᠡᠶ᠎ᠡ ᠰᠡᠳᠭᠢᠯ ᠢᠶᠠᠨ | ᠲᠤᠭᠳᠠᠭᠠᠨ ᠡᠶᠡᠯᠰᠡᠭᠬᠡᠨ ᠭᠡᠭᠴᠢ ᠢᠨᠢᠶᠡᠮᠰᠦᠭᠯᠡᠭᠰᠡᠭᠡᠷ᠄ | ︽ᠵᠠ᠂ ᠶᠠᠭᠠᠬᠢᠪᠠ︖ ᠡᠪᠦᠭᠡᠨ ᠠᠬ᠎ᠠ ᠡᠨᠡ ᠤᠳᠠᠭ᠎ᠠ ᠠᠩ ᠤᠨ ᠦᠨᠦᠷ | ᠰᠢᠩᠰᠢᠯᠡᠭᠡᠳ ᠢᠷᠡᠪᠡ ᠤᠤ ︖ ᠪᠤᠯᠴᠢᠩ ᠰᠢᠷᠪᠤᠰᠦ ᠴᠢᠨᠢ | ᠵᠠᠩᠭᠢᠷᠠᠵᠤ ᠪᠠᠶᠢᠨ᠎ᠠ ᠤᠤ︖︾ ᠭᠡᠵᠤ ᠠᠯᠢᠶᠠᠷᠬᠠᠨ | ᠦᠭᠦᠯᠡᠬᠦ ᠳᠤᠨᠢ ᠲᠡᠷᠡᠬᠡᠨ ᠵᠠᠭᠤᠷ᠎ᠠ᠂ ᠡᠪᠦᠭᠡᠨ ᠭᠤᠸᠠᠢ ᠶᠢᠨ | ᠤᠨᠳᠠᠷᠠᠭᠠᠳ ᠤᠳᠠᠭᠰᠠᠨ ᠲᠠᠴᠢᠶᠠᠯ ᠤᠨ ᠭᠠᠯ ᠨᠢ ᠲᠦᠷᠡᠯᠵᠡᠵᠦ᠂ | ᠬᠠᠮᠤᠭ ᠪᠡᠶ᠎ᠡ ᠨᠢ ᠬᠠᠯᠠᠭᠤ ᠤᠷᠭᠢᠵᠤ᠄ ︽ᠵᠠ᠂ ᠲᠡᠭᠦᠤᠲᠠᠢ ᠮᠢᠨᠢ | ᠲᠡᠭᠡᠭᠡᠳ ᠨᠢᠭᠡ ᠤᠳᠠᠭ᠎ᠠ ᠨᠠᠭᠠᠳᠬᠤ ᠳᠤ ᠬᠡᠳᠦᠢ ᠵᠤᠭᠤᠰ ᠠᠪᠬᠤ | ᠪᠤᠢ︖︾ ᠭᠡᠵᠤ ᠢᠴᠢᠵᠤ ᠵᠤᠪᠠᠯ ᠦᠭᠡᠢ ᠰᠢᠯᠤᠭᠤᠬᠠᠨ ᠠᠰᠠᠭᠤᠭᠠᠳ | ᠴᠢᠷᠠᠶᠢᠴᠢᠯᠠᠬᠤ ᠳᠤᠨᠢ᠂ ᠦᠨᠦᠬᠢ ᠲᠤᠳᠤᠶᠢᠯᠠᠢ ᠠᠯᠢᠶᠠᠷᠬᠠᠨ | ᠢᠨᠢᠶᠡᠮᠰᠦᠭᠯᠡᠭᠰᠡᠭᠡᠷ᠄ ︽ᠠᠬ᠎ᠠ ᠲᠠᠨ ᠤ ᠰᠠᠨᠠᠭ᠎ᠠ ᠪᠠᠷ | ᠬᠡᠳᠦᠢ ᠦᠭᠬᠦ ᠪᠤᠢ︖ ᠮᠢᠨᠤ ᠡᠨᠡ ᠨᠠᠰᠤ ᠨᠠᠮᠪᠠ᠂ ᠪᠡᠶ᠎ᠡ | ᠭᠠᠯᠪᠢᠷ ᠢᠶᠠᠷ ᠲᠠᠨ ᠢ ᠯᠠᠪᠲᠠᠢ ᠰᠠᠶᠢᠬᠠᠨ ᠪᠠᠶᠠᠷᠯᠠᠭᠤᠯᠵᠦ | ᠲᠡᠶᠢᠯᠦᠨ᠎ᠡ ᠰᠢᠤ᠂ ᠭᠡᠪᠡᠴᠦ ᠲᠠ ᠵᠤᠭᠤᠰ ᠮᠦᠩᠭᠦ ᠪᠠᠨ ᠲᠤᠭ᠎ᠠ | ᠶᠤᠰᠤᠭᠠᠷ ᠨᠢ ᠦᠭᠭᠦᠨ᠎ᠡ ᠪᠠ ᠳ᠋ᠠ︖︾ ᠬᠡᠮᠡᠨ ᠵᠦᠪᠰᠢᠶᠡᠷᠡᠯ | ᠭᠤᠷᠢᠳᠠᠭᠰᠠᠨ ᠵᠦᠭᠡᠯᠡᠨ ᠬᠠᠷᠠᠴᠠ ᠪᠠᠷ ᠡᠪᠦᠭᠡᠨ ᠢ | ᠰᠢᠷᠲᠡᠬᠦ ᠳᠤ᠂ ᠡᠪᠦᠭᠡᠨ ᠭᠤᠸᠠᠢ ᠶᠡᠭᠡ ᠯᠠ ᠰᠢᠢᠳᠮᠡᠭᠡᠢ ᠪᠠᠷ | ︽ᠵᠠ᠂ ᠢᠩᠭᠢᠶ᠎ᠡ᠂ ᠡᠮᠦᠨ᠎ᠡ ᠵᠡᠭᠡᠯᠢ ᠶᠢᠨ | ᠪᠠᠭᠤᠳᠠᠯ ᠨᠤᠭᠤᠳ ᠤᠨ ᠠᠪᠠᠭ᠋ᠠᠢ ᠪᠣᠯ ᠨᠢᠭᠡ ᠤᠳᠠᠭ᠎ᠠ ᠳᠤ | ᠬᠤᠷᠢᠭᠠᠳ ᠯᠠ ᠲᠦᠭᠦᠷᠢᠭ ᠪᠠᠶᠢᠳᠠᠭ ᠶᠤᠮ᠂ ᠭᠡᠬᠦ ᠳᠤ᠂ ᠪᠢ | ᠲᠡᠭᠦᠤᠲᠠᠢ ᠲᠠᠨ ᠳᠤ ᠲᠠᠪᠢᠨ ᠲᠦᠭᠦᠷᠢᠭ ᠦᠭᠭᠦᠶ᠎ᠡ ᠳ᠋ᠡ ᠁︾ | ᠭᠡᠵᠤ ᠤᠮᠤᠭᠲᠠᠶᠢᠬᠠᠨ ᠭᠡᠭᠴᠢ ᠦᠭᠦᠯᠡᠬᠦ ᠳᠤ ᠨᠢ᠂ ᠲᠡᠷᠡ | ᠪᠦᠰᠡᠭᠦᠢ ᠶᠢᠨ ᠴᠢᠷᠠᠢ ᠳᠤᠨᠢ ᠢᠯᠡᠷᠬᠡᠢ ᠲᠤᠷ᠎ᠠ | ᠦᠭᠡᠶᠢᠴᠡᠭᠰᠡᠨ ᠪᠠᠶᠢᠳᠠᠯ ᠢᠯᠡᠷᠡᠵᠦ᠂ ᠡᠪᠦᠭᠡᠨ ᠢ ᠬᠠᠷᠠᠮᠴᠢ | ᠭᠡᠵᠤ ᠬᠠᠵᠠᠭᠠᠢ ᠦᠵᠡᠵᠦ ᠬᠦᠢᠲᠡᠨ ᠴᠢᠷᠠᠶᠢᠯᠠᠭᠰᠠᠭᠠᠷ᠄ | ︽ᠲᠡᠭᠡᠪᠡᠯ ᠲᠠ ᠲᠡᠳᠡᠭᠡᠷ ᠶᠠᠩᠬᠠᠨ ᠶᠢᠨ ᠡᠷᠢᠬᠦ ᠪᠠᠷ ᠶᠠᠪᠤ | ᠳ᠋ᠠ᠂ ᠮᠢᠨᠦ ᠠᠳᠡ ᠠᠳᠠᠭ ᠪᠠᠭ᠎ᠠ ᠳᠠᠭᠠᠨ ᠭᠤᠷᠪᠠᠨ ᠵᠠᠭᠤᠨ | ᠲᠦᠭᠦᠷᠢᠭ ᠡ᠂ ᠦᠨᠡᠨ ᠢᠶᠠᠨ ᠬᠡᠯᠡᠬᠦ ᠳᠤ ᠪᠢ ᠪᠠᠰᠠ ᠦᠨᠦᠷ ᠢᠶᠠᠨ | ᠮᠡᠳᠡᠬᠦ ᠪᠠᠨ ᠪᠤᠯᠢᠭᠰᠠᠨ ᠬᠦᠭᠰᠢᠨ ᠪᠤᠬ᠎ᠠ ᠰᠢᠭ᠋ ᠠᠮᠢᠳᠠᠨ ᠳᠤ | ᠲᠤᠷ᠎ᠠ ᠦᠭᠡᠢ ᠡ ᠁︾ ᠭᠡᠵᠤ ᠬᠦᠢᠲᠡᠨ ᠠᠶᠠᠯᠭᠤ ᠪᠠᠷ ᠭᠤᠶᠠᠳᠠᠵᠤ᠂ | ᠬᠠᠳᠠᠭᠤ ᠦᠭᠡ ᠪᠠᠷ ᠲᠠᠰᠢᠭᠤᠷᠳᠠᠪᠠ᠃ ᠲᠡᠭᠡᠭᠡᠳ ᠯᠠ ᠡᠪᠦᠭᠡᠨ | ᠭᠤᠸᠠᠢ ᠶᠢᠨ ᠵᠦᠢ ᠶᠤᠰᠤᠨ ᠤ ᠵᠢᠷᠭᠠᠯ ᠭᠤᠷᠢᠳᠠᠯ ᠨᠢ ᠡᠨᠡ | ᠤᠳᠠᠭ᠎ᠠ ᠬᠦᠭᠡᠰᠤ ᠪᠤᠯᠤᠨ ᠵᠠᠮᠬᠠᠷᠠᠪᠠ᠃ | ᠨᠢᠲᠤᠨᠤᠨ ᠤ ᠴᠠᠭᠠᠨ ᠰᠠᠷ᠎ᠠ ᠠᠴᠠ ᠡᠮᠦᠨᠡᠬᠡᠨ ᠪᠠᠶᠢᠵᠦ | ᠪᠢᠯᠠ᠃ ᠲᠡᠭᠦᠨ ᠤ ᠯᠠᠪᠠᠢ ᠭᠡᠳᠡᠭ ᠨᠠᠶᠢᠵᠢ ᠨᠢ ᠲᠡᠳᠡᠨ ᠤ ᠳᠤ | ᠲᠤᠭᠤᠷᠢᠬᠤ ᠪᠠᠷ ᠢᠷᠡᠭᠡᠳ ᠬᠤᠶᠠᠷ ᠡᠪᠦᠭᠡᠨ ᠠᠷᠢᠬᠢ ᠤᠤᠭᠤᠵᠤ | ᠵᠤᠭᠤᠭ ᠲᠠᠭᠠᠷᠠᠭᠠᠳ ᠯᠠᠪᠠᠢ ᠭᠤᠸᠠᠢ ᠬᠠᠯᠠᠰᠠᠭᠤ ᠪᠠᠷ ᠢᠶᠠᠨ᠄ | ︽ᠬᠦᠶ᠋ᠢ᠂ ᠪᠢ ᠴᠢᠨᠢ ᠨᠢᠭᠡᠨ ᠪᠠᠭᠤᠳᠠᠯ ᠳᠤ ᠮᠠᠨᠠᠭᠠᠴᠢ ᠶᠢᠨ | ᠠᠵᠢᠯ ᠢ ᠬᠢᠵᠦ ᠪᠠᠶᠢᠨ᠎ᠠ ᠰᠢᠤ᠂ ᠮᠠᠨ ᠤ ᠲᠡᠨᠳᠡ ᠠᠩ ᠳᠤ | ᠮᠤᠷᠳᠠᠵᠦ ᠪᠤᠯᠳᠠᠭ ᠰᠢᠤ᠂ ᠪᠠᠷᠠᠳᠠᠵᠤ ᠬᠤᠨᠤᠬᠤ ᠲᠡᠳᠡᠭᠡᠷ | ᠡᠮᠡᠭᠲᠠᠢ ᠨᠢ ᠭᠤᠶᠦ ᠭᠡᠭᠡᠨᠴᠢᠷ ᠮᠦᠷᠳᠡᠬᠡᠨ ᠵᠠᠯᠠᠭᠤᠬᠠᠨ | ᠲᠦᠷᠢᠲᠠᠢ ᠁︾ ᠭᠡᠵᠤ ᠦᠵᠡᠵᠦ ᠰᠤᠨᠤᠰᠤᠭᠰᠠᠨ ᠢᠶᠠᠨ ᠦᠩᠭᠡ | ᠪᠤᠳᠤᠭ ᠲᠠᠢ᠂ ᠦᠭᠡ ᠲᠠᠭᠤ ᠲᠠᠢ ᠪᠤᠯᠭᠠᠨ ᠰᠠᠶᠢᠬᠠᠨ | ᠶᠠᠷᠢᠬᠤ ᠳᠤ ᠨᠢ ᠰᠤᠨᠤᠰᠴᠤ ᠰᠠᠭᠤᠭᠰᠠᠨ ᠰᠦᠰᠦᠲᠠᠢ | ᠭᠤᠸᠠᠢ ᠶᠢᠨ ᠪᠦᠬᠦ ᠪᠡᠶ᠎ᠡ ᠶᠢᠨ ᠮᠡᠳᠡᠷᠡᠯ ᠤᠨ ᠡᠰ ᠪᠦᠬᠦᠨ ᠨᠢ | ᠶᠠᠮᠠᠷ ᠨᠢᠭᠡᠨ ᠶᠠᠭᠤᠮᠠᠨ ᠳᠤ ᠬᠦᠨᠳᠡᠭᠳᠡᠵᠦ᠂ ᠬᠠᠮᠤᠭ | ᠪᠡᠶ᠎ᠡ ᠨᠢ ᠨᠢᠯᠴᠢᠬᠢᠨᠡᠭᠡᠳ ᠲᠡᠰᠪᠦᠷᠢ ᠠᠯᠳᠠᠨ | ᠤᠪᠤᠭᠤᠨᠠᠨᠠ᠃ ᠮᠠᠷᠭᠠᠰᠢ ᠤᠷᠤᠢ ᠨᠢ ᠵᠡᠭᠡᠯᠢ ᠶᠢᠨ ᠳ᠋ᠧᠩ | ᠠᠷᠠᠢ ᠨᠤᠴᠤᠭᠠᠲᠤᠢ ᠦᠶᠡᠰ ᠢᠶᠠᠷ ᠰᠦᠰᠦᠲᠠᠢ ᠭᠤᠸᠠᠢ ᠦᠨᠦᠬᠢ | ᠪᠠᠭᠤᠳᠠᠯ ᠳᠤᠨᠢ ᠰᠡᠮᠡᠭᠡᠷᠬᠡᠨ ᠭᠡᠭᠴᠢ ᠬᠦᠷᠬᠦᠶ᠎ᠡ ᠂ ᠨᠢᠭᠡᠨ | ᠡᠭᠦᠳᠡᠴᠢ ᠨᠢᠭᠤᠴᠠᠭᠠᠢ ᠲᠤᠤᠷᠠᠬᠠᠨ ᠲᠠᠭᠤᠨ ᠢᠶᠠᠷ ᠲᠡᠭᠦᠨ ᠢ | ᠪᠠᠶᠠᠷᠯᠠᠨ ᠤᠭᠳᠤᠵᠤ᠂ ᠨᠢᠭᠡᠨ ᠵᠢᠵᠢᠭᠬᠡᠨ ᠦᠷᠦᠭᠡᠨ ᠳᠤ | ᠤᠳᠤᠷᠢᠲᠤᠨ ᠤᠷᠤᠭᠤᠯᠵᠤ᠂ ᠭᠤᠶ᠎ᠠ ᠬᠠᠰᠠ ᠪᠠᠨ ᠭᠠᠷᠭᠠᠨ ᠤᠷᠤᠭᠤᠯ | ᠠᠮᠠ ᠪᠠᠨ ᠤᠯᠠᠶᠢᠵᠤ ᠪᠢᠯᠲᠠᠶᠢᠲᠠᠯᠠ ᠪᠤᠳᠤᠭᠰᠠᠨ ᠦᠯᠦ | ᠲᠠᠨᠢᠬᠤ ᠨᠢᠭᠡᠨ ᠭᠤᠶᠦ ᠠᠪᠠᠭ᠋ᠠᠢ ᠶᠢ ᠲᠠᠭᠤᠳᠠᠨ | ᠲᠠᠨᠢᠯᠴᠠᠭᠤᠯᠪᠠ᠃ ᠦᠨᠦᠬᠢ ᠠᠪᠠᠭ᠋ᠠᠢ ᠤᠷᠢᠲᠠᠪᠡᠷ ᠡᠪᠦᠭᠡᠨ | ᠭᠤᠸᠠᠢ ᠳᠤ ᠬᠠᠶᠢᠷ᠎ᠠ ᠶᠢᠨ ᠦᠭᠡ ᠰᠢᠲᠡᠨ᠂ ᠲᠠᠷᠠᠭᠠᠪᠡᠷ ᠨᠢ | ᠭᠤᠶ᠎ᠠ ᠬᠠᠰᠠ ᠪᠠᠨ ᠲᠡᠮᠲᠡᠷᠢᠭᠦᠯᠪᠡ᠃ ᠲᠡᠭᠡᠭᠡᠳ ᠯᠠ ᠲᠡᠮᠡᠢ | ᠤᠳᠠᠯ ᠦᠭᠡᠢ ᠬᠦᠳᠡᠯᠦᠩᠭᠦᠢ ᠭᠡᠭᠴᠢ ᠪᠠᠷ ᠨᠦᠷᠢᠨ ᠢᠷᠡᠵᠦ | ᠨᠢᠷᠤᠭᠤ ᠬᠤᠨᠲᠤᠯᠠᠢ ᠶᠢ ᠨᠢ ᠢᠯᠢᠵᠤ ᠨᠠᠭᠠᠯᠢᠩᠬᠠᠶᠢᠳᠠᠪᠠ᠃ | ᠲᠡᠷᠡᠬᠡᠨ ᠵᠠᠭᠤᠷ᠎ᠠ ᠡᠪᠦᠭᠡᠨ ᠤ ᠠᠮᠢᠨ ᠭᠠᠵᠠᠷ ᠤᠷᠤᠭᠤ ᠨᠢ | ᠨᠢᠭᠡ ᠵᠦᠢᠯ ᠤᠨ ᠬᠤᠷᠢᠭᠯᠠᠭᠳᠠᠰᠢ ᠦᠭᠡᠢ ᠬᠠᠯᠠᠭᠤᠨ ᠤᠷᠤᠰᠬᠠᠯ | ᠨᠢᠯᠴᠢᠬᠢᠨᠡᠭᠡᠳ᠂ ᠪᠡᠶ᠎ᠡ ᠰᠡᠳᠬᠢᠯ ᠢᠶᠠᠨ ᠪᠠᠷᠢᠵᠤ ᠴᠢᠳᠠᠯ | ᠦᠭᠡᠢ ᠪᠠᠷ ᠦᠨᠦᠬᠢ ᠠᠪᠠᠭ᠋ᠠᠢ ᠶᠢᠨ ᠨᠡᠮᠡᠭᠦᠨ ᠵᠦᠭᠡᠯᠡᠨ ᠤᠶᠠᠨ | ᠬᠠᠷᠢᠮᠠᠬᠠᠢ ᠨᠢᠴᠦᠭᠦᠨ ᠪᠡᠶ᠎ᠡ ᠶᠢ ᠨᠢ ᠴᠢᠩᠭᠠᠬᠠᠨ ᠭᠡᠭᠴᠢ | ᠲᠡᠪᠡᠷᠢᠪᠡ᠃ ᠡᠪᠦᠭᠡᠨ ᠭᠤᠸᠠᠢ ᠶᠠᠭᠤ ᠪᠠᠨ ᠴᠦ ᠪᠦᠷ ᠮᠠᠷᠳᠠᠭᠠᠳ | ᠤᠪᠠᠳᠢᠰᠲᠤ ᠭᠠᠯ ᠳᠤ ᠵᠢᠷᠦᠬᠡ ᠨᠢ ᠨᠢᠯᠴᠢᠬᠢᠨᠡᠨ᠂ | ᠡᠷᠢᠶᠡᠯᠵᠡᠬᠦ ᠦᠩᠭᠡᠨ ᠳᠤ ᠬᠠᠷᠠᠭ᠎ᠠ ᠨᠢ ᠪᠠᠯᠠᠷᠠᠭᠰᠠᠨ | ᠪᠠᠶᠢᠪᠠ᠃ ︽ᠮᠤᠭᠠᠢ ᠠᠷᠪᠢᠨ ᠶᠠᠪᠤᠪᠠᠯ ᠮᠤᠰᠢᠭᠠᠢ ᠪᠠᠨ | ᠮᠡᠳᠡᠭᠳᠡᠨ᠎ᠡ︾ ᠭᠡᠳᠡᠭ ᠶᠤᠰᠤ ᠶᠢ ᠡᠪᠦᠭᠡᠨ ᠭᠤᠸᠠᠢ ᠰᠠᠶᠢᠨ | ᠮᠡᠳᠡᠳᠡᠭ ᠤᠨ ᠤᠴᠢᠷ ᠬᠠᠷ᠎ᠠ ᠭᠡᠷ ᠤᠨ ᠬᠠᠳᠠᠭᠠᠰᠤ᠂ ᠬᠠᠮᠤᠭ | ᠠᠮᠢᠲᠠᠨ ᠤ ᠡᠯᠡᠭ ᠪᠤᠯᠬᠤ ᠠᠴᠠ ᠬᠡᠴᠢᠶᠡᠵᠦ ᠡᠨᠡ ᠭᠠᠵᠠᠷ | ᠲᠠᠬᠢᠵᠤ ᠢᠷᠡᠭᠰᠡᠨ ᠦᠭᠡᠢ ᠪᠣᠯᠣᠢ᠃ | ᠰᠦᠰᠦᠲᠠᠢ ᠭᠤᠸᠠᠢ ᠦᠩᠭᠡᠷᠡᠭᠰᠡᠨ ᠤᠴᠢᠷ | ᠶᠠᠪᠤᠳᠠᠯ ᠤᠳ ᠢᠶᠠᠨ ᠡᠷᠭᠢᠴᠡᠭᠦᠯᠵᠦ᠂ ᠪᠠᠯᠭᠤᠭᠰᠠᠨ | ᠠᠷᠢᠬᠢᠨ ᠳᠠᠭᠠᠨ ᠪᠡᠶ᠎ᠡ ᠨᠢ ᠲᠠᠯᠪᠢᠭᠤᠷᠠᠭᠠᠳ ᠨᠢᠭᠡ | ᠮᠡᠳᠡᠬᠦᠶ᠎ᠡ ᠠᠮᠳᠠᠲᠦ ᠵᠡᠭᠦᠳᠦᠨ ᠳᠡᠭᠡᠨ ᠰᠤᠭᠲᠤᠭᠤᠷᠠᠵᠦ | ᠪᠠᠶᠢᠯ᠎ᠠ᠃ ᠦᠳᠡ ᠶᠢᠨ ᠬᠤᠶᠢᠨᠠᠬᠢ ᠭᠤᠷᠪᠠᠨ ᠴᠠᠭ ᠤᠨ | ᠦᠶ᠎ᠡ ᠪᠠᠷ ᠡᠪᠦᠭᠡᠨ ᠭᠤᠸᠠᠢ ᠰᠡᠷᠢᠭᠡᠳ ᠄ ︽ᠠᠶ᠎ᠠ ᠂ ᠪᠢ ᠴᠢᠨᠢ | ᠵᠡᠭᠦᠳᠦᠯᠡᠴᠢᠭᠡᠪᠡ ᠤᠤ︖ ᠶᠠᠭᠤᠨᠠᠢ ᠨᠢᠭᠡᠨ ᠭᠤᠶᠤ ᠪᠦᠰᠡᠭᠦᠢ | ᠨᠠᠳᠠ ᠲᠠᠢ ᠸᠢᠴᠠᠲ ᠶᠢᠨ ᠨᠠᠶᠢᠵᠢ ᠪᠤᠯᠬᠤ ᠭᠡᠪᠡ ᠤᠤ︖︾ | ᠭᠡᠵᠤ ᠲᠦᠳᠦᠨᠡᠭᠰᠡᠭᠡᠷ ᠵᠡᠭᠦᠲᠦ ᠵᠡᠭᠦᠷᠮᠡᠭ ᠢᠶᠠᠷ ᠢᠶᠠᠨ | ᠦᠨᠦᠬᠢ ᠭᠠᠷ ᠤᠳᠠᠰᠤ ᠪᠠᠨ ᠨᠡᠭᠡᠭᠡᠵᠦ ᠦᠵᠡᠬᠦᠶ᠎ᠡ᠂ ᠴᠠᠰᠤ | ᠴᠠᠭᠠᠨ ᠭᠦᠩᠵᠦ ᠨᠢ ᠤᠯᠠᠨ ᠵᠤᠷᠪᠤᠰ ᠦᠭᠡ ᠢᠷᠡᠭᠦᠯᠦᠭᠰᠡᠨ | ᠪᠠᠶᠢᠪᠠ᠃ ᠰᠦᠰᠦᠲᠠᠢ ᠭᠤᠸᠠᠢ ᠶᠢᠨ ᠵᠢᠷᠦᠬᠡ ᠨᠢ ᠤᠪᠤᠯᠵᠠᠨ | ᠪᠠᠶᠠᠷᠯᠠᠵᠤ ᠬᠦᠯ ᠭᠠᠷ ᠨᠢ ᠬᠦᠩᠭᠡᠷᠡᠭᠡᠳ ᠬᠤᠷᠳᠤᠬᠠᠨ ᠭᠡᠭᠴᠢ | ᠴᠢᠬᠢᠨ ᠳᠡᠭᠡᠨ ᠨᠠᠭᠠᠯᠳᠤᠭᠤᠯᠤᠨ ᠴᠢᠩᠨᠠᠬᠤᠶᠠ᠂ ᠲᠡᠷᠡ | ᠪᠦᠰᠡᠭᠦᠢ ᠬᠤᠩᠬᠤ ᠰᠢᠭ᠋ ᠲᠤᠩᠭᠠᠯᠠᠭ ᠲᠠᠩᠬᠢᠨᠠᠭᠰᠠᠨ ᠨᠠᠷᠢᠬᠠᠨ | ᠲᠠᠭᠤᠨ ᠢᠶᠠᠷ ᠶᠠᠭᠤᠨ ᠤ ᠡᠮᠦᠨ᠎ᠡ ᠮᠤᠩᠭᠤᠯ ᠠᠬ᠎ᠠ ᠲᠠᠢ | ᠸᠢᠴᠠᠲ ᠤᠨ ᠨᠠᠶᠢᠵᠢ ᠪᠤᠯᠤᠭᠰᠠᠨ ᠳᠠᠭᠠᠨ ᠴᠢᠩ | ᠰᠡᠳᠭᠢᠯ ᠠᠴᠠ ᠪᠠᠨ ᠤᠮᠤᠭᠰᠢᠨ ᠪᠠᠶᠠᠷᠯᠠᠵᠤ ᠪᠠᠶᠢᠬᠤ ᠪᠠᠨ | ᠢᠯᠡᠳᠭᠡᠵᠦ᠂ ᠡᠪᠦᠭᠡᠨ ᠤ ᠸᠢᠴᠠᠲ ᠶᠢ ᠬᠡᠷᠬᠢᠨ ᠤᠯᠤᠭᠰᠠᠨ | ᠲᠤᠬᠠᠢ ᠨᠠᠷᠢᠨ ᠲᠠᠶᠢᠯᠪᠤᠷᠢᠯᠠᠬᠤ ᠳᠠᠭᠠᠨ᠄ ︽ᠪᠢ ᠪᠣᠯ | ᠬᠡᠵᠢᠶᠡᠨ ᠠᠴᠠ ᠮᠤᠩᠭᠤᠯ ᠬᠦᠮᠦᠨ ᠢ ᠰᠢᠳᠦᠳᠡᠭ ᠪᠤᠯᠬᠤᠷ ᠲᠠᠨ ᠤ | ᠠᠶᠢᠮᠠᠭ ᠲᠡᠭᠡᠷ᠎ᠡ ᠠᠯᠪᠠᠳᠠᠨ ᠢᠶᠠᠷ ᠪᠠᠶᠢᠭ᠎ᠠ ᠮᠢᠨᠤ ᠨᠢᠭᠡᠨ | ᠰᠠᠶᠢᠨ ᠨᠠᠶᠢᠵᠢ ᠠᠴᠠ ᠠᠬ᠎ᠠ ᠲᠠᠨ ᠢ ᠬᠠᠶᠢᠷ᠎ᠠ ᠨᠠᠶᠢᠷ᠂ ᠵᠢᠷᠤᠮ | ᠴᠢᠭᠡᠴᠢ᠂ ᠵᠤᠷᠢᠭ ᠵᠢᠷᠦᠬᠡ ᠂ ᠵᠢᠳᠭᠦᠯ ᠬᠠᠨᠳᠢᠪ ᠲᠠᠢ | ᠶᠤᠰᠤᠲᠠᠢ ᠨᠢᠭᠡᠨ ᠬᠠᠰᠠᠷ ᠤᠭᠰᠠᠭᠠᠨ ᠤ ᠬᠠᠳᠠᠨ ᠰᠢᠯᠢᠳᠡᠭ | ᠮᠤᠩᠭᠤᠯ ᠬᠦᠮᠦᠨ ᠭᠡᠵᠤ ᠮᠠᠭᠳᠠᠨ ᠲᠠᠨᠢᠯᠴᠠᠭᠤᠯᠤᠭᠰᠠᠨ ᠲᠡᠷᠡ | ᠴᠠᠭ ᠠᠴᠠ ᠪᠢ ᠶᠡᠭᠡ ᠯᠠ ᠪᠢᠰᠢᠷᠡᠭᠡᠳ ᠲᠠᠨ ᠤ ᠠᠰ ᠤᠨ | ᠤᠳᠠᠰᠤ ᠶᠢ ᠴᠢᠨᠢ ᠵᠠᠯᠭᠠᠬᠤ ᠶᠢ ᠶᠡᠬᠡᠳᠡ ᠰᠠᠨᠠᠭᠰᠠᠨ ᠰᠢᠤ᠂ | ᠭᠡᠬᠦ ᠳᠤ᠂ ᠲᠠᠨ ᠢ ᠵᠦᠪᠰᠢᠶᠡᠷᠡᠬᠦ ᠦᠭᠡᠢ ᠠᠴᠠ ᠤᠨᠴᠠᠭᠠᠢ | ᠠᠶᠤᠭᠰᠠᠨ ᠡ᠂ ᠲᠠᠨ ᠲᠠᠢ ᠸᠢᠴᠠᠲ ᠨᠡᠪᠲᠡᠷᠡᠭᠰᠡᠨ ᠢᠶᠠᠨ ᠪᠢ | ᠶᠤᠰᠤᠲᠠᠢ ᠵᠡᠭᠦᠳᠦᠨ ᠳᠤ ᠤᠷᠤᠮ᠎ᠠ ᠦᠭᠡᠢ ᠭᠠᠶᠢᠬᠠᠮᠰᠢᠭ ᠭᠡᠵᠤ | ᠪᠠᠶᠠᠷᠯᠠᠨ ᠵᠤᠷᠢᠭᠵᠢᠵᠦ ᠨᠠᠳᠠᠳᠤ ᠬᠠᠮᠤᠭ ᠤᠨ ᠶᠡᠭᠡ ᠵᠤᠯ | ᠵᠢᠷᠭᠠᠯ ᠪᠠ ᠤᠮᠤᠭᠰᠢᠯ ᠪᠠᠶᠠᠰᠤᠯ ᠪᠤᠯᠬᠤ ᠨᠢ ᠶᠠᠷᠢᠶᠠᠨ ᠦᠭᠡᠢ︾ | ᠭᠡᠵᠤ ᠴᠢᠬᠢᠨ ᠳᠤᠨᠢ ᠠᠶᠠᠲᠠᠢ ᠰᠠᠶᠢᠬᠠᠨ ᠦᠭᠡᠰ ᠢᠶᠠᠷ | ᠡᠪᠦᠭᠡᠨ ᠢ ᠬᠦᠭᠡᠷᠦᠭᠦᠯᠵᠦ ᠪᠠᠶᠢᠯ᠎ᠠ᠃ | ︽ᠡᠷ᠎ᠡ ᠬᠦᠮᠦᠨ ᠤᠯᠵᠠᠨ ᠳᠤ᠂ ᠡᠷᠪᠡᠬᠡᠢ ᠵᠤᠯᠠ ᠳᠤ︾ | ᠭᠡᠳᠡᠭᠴᠢᠯᠡᠨ ᠡᠪᠦᠭᠡᠨ ᠭᠤᠸᠠᠢ ᠶᠢ ᠠᠷᠢᠬᠢᠨ ᠤ ᠬᠠᠯᠠᠭᠤᠨ ᠪᠠ | ᠲᠤᠷᠠᠯᠠᠯ ᠤᠨ ᠬᠦᠴᠦ ᠰᠡᠳᠭᠢᠯ ᠢ ᠨᠢ ᠭᠡᠳᠡᠭᠡᠯᠡᠵᠦ᠂ | ᠪᠡᠶ᠎ᠡ ᠶᠢ ᠨᠢ ᠮᠢᠨᠴᠦᠷᠡᠭᠦᠯᠦᠨ᠂ ᠲᠤᠷ᠎ᠠ ᠪᠤᠯᠢᠶᠠᠮ᠎ᠠ | ᠡᠨᠡᠬᠦ ᠭᠤᠶᠦ ᠨᠠᠶᠢᠵᠢ ᠲᠠᠢ ᠪᠠᠨ ᠬᠠᠭᠠᠰ ᠡᠳᠦᠷ | ᠬᠠᠨᠳᠠᠯ᠎ᠠ ᠪᠠᠨ ᠶᠠᠷᠢᠯᠴᠠᠵᠠᠢ᠃ | ᠶᠠᠷᠢᠯᠴᠠᠭᠠᠨ ᠤ ᠲᠤᠮᠳᠠ ᠠᠴᠠ ︽ᠴᠠᠰᠤ ᠴᠠᠭᠠᠨ | ᠭᠦᠩᠵᠦ︾ ᠨᠢ ᠡᠨᠡ ᠵᠢᠯ ᠲᠦᠴᠢᠨ ᠲᠠᠪᠤᠲᠠᠢ᠂ ᠬᠦᠬᠡᠬᠤᠳᠠ ᠳᠤ | ᠰᠠᠭᠤᠳᠠᠭ᠂ ᠤᠦᠯ ᠨᠢ ᠱᠠᠩᠬᠠᠢ ᠶᠢᠨ ᠨᠡᠷᠡᠲᠠᠢ ᠨᠢᠭᠡᠨ ᠶᠡᠭᠡ | ᠰᠤᠷᠭᠠᠭᠤᠯᠢ ᠠᠴᠠ ᠲᠡᠭᠦᠰᠦᠭᠡᠳ ᠨᠠᠨᠵᠢᠩ ᠤᠨ ᠨᠢᠰᠭᠡᠯ ᠤᠨ | ᠪᠠᠭᠤᠳᠠᠯ ᠳᠤ ᠠᠵᠢᠯ ᠠᠯᠪᠠ ᠲᠠᠢ ᠪᠠᠶᠢᠪᠠ ᠂ ᠬᠤᠷᠢᠨ | ᠲᠤᠯᠤᠭᠠᠲᠠᠢ ᠲᠡᠷᠡ ᠵᠢᠯ ᠳᠡᠭᠡᠨ ᠬᠦᠬᠡᠬᠤᠳᠠ ᠶᠢᠨ ᠨᠢᠭᠡᠨ | ᠪᠠᠶᠠᠨ ᠠᠷᠠᠯᠵᠢᠶᠠᠴᠢᠨ ᠲᠠᠢ ᠲᠠᠨᠢᠯᠴᠠᠭᠠᠳ ᠲᠡᠮᠡᠢ ᠤᠳᠠᠯ | ᠦᠭᠡᠢ ᠬᠤᠷᠢᠮᠯᠠᠵᠦ᠂ ᠠᠵᠢᠯ ᠠᠯᠪᠠ ᠪᠠᠨ ᠪᠦᠬᠦᠨ ᠢ ᠬᠠᠶᠠᠭᠠᠳ | ᠬᠦᠬᠡᠬᠤᠳᠠ ᠳᠤ ᠢᠷᠡᠨ ᠨᠤᠲᠤᠭᠯᠠᠵᠤ ᠭᠡᠷ ᠪᠦᠯᠢ ᠶᠢᠨ ᠡᠮᠡᠭᠲᠠᠢ | ᠪᠣᠯᠵᠠᠢ᠃ | ᠭᠡᠬᠦ ᠳᠤ᠂ ᠭᠠᠢ ᠭᠠᠵᠠᠷ ᠲᠤᠤᠷ᠎ᠠ ᠠᠴᠠ ᠭᠡᠳᠡᠭᠴᠢᠯᠡᠨ᠂ | ᠲᠡᠭᠦᠨ ᠢ ᠭᠤᠴᠢᠨ ᠲᠤᠯᠤᠭᠠᠲᠠᠢ ᠲᠡᠷᠡ ᠵᠢᠯ ᠳᠤᠨᠢ᠂ ᠡᠷ᠎ᠡ | ᠨᠦᠬᠦᠷ ᠨᠢ ᠵᠠᠯᠠᠭᠤ ᠨᠠᠰᠤ ᠪᠠᠨ ᠬᠤᠯᠪᠤᠭᠰᠠᠨ ᠵᠠᠶᠠᠭᠠᠨ ᠤ | ᠪᠦᠰᠡᠭᠦᠢ ᠪᠠᠨ ᠬᠠᠶᠠᠭᠠᠳ᠂ ᠤᠶᠤᠳᠠᠨ ᠭᠡᠤᠬᠡᠨ ᠲᠠᠢ ᠬᠦᠯ ᠭᠠᠷ | ᠪᠤᠯᠤᠭᠰᠠᠨ ᠢᠶᠠᠷ ᠢᠶᠠᠨ ᠠᠷᠭ᠎ᠠ ᠪᠤᠰᠦ ᠤᠷᠤᠭ ᠰᠠᠯᠵᠦ᠂ ᠠᠰ ᠠᠰ | ᠤᠨ ᠠᠮᠢᠲᠤᠷᠠᠯ ᠤᠨ ᠵᠠᠮ ᠢᠶᠠᠨ ᠬᠦᠭᠡᠭᠡᠭᠰᠡᠨ ᠪᠠᠶᠢᠵᠠᠢ᠃ | ᠠᠮᠢᠳᠤᠷᠠᠯ ᠤᠨ ᠵᠠᠮ ᠳᠠᠭᠠᠨ ᠪᠦᠳᠦᠷᠢᠵᠤ ᠶᠠᠪᠤᠭᠰᠠᠨ ᠡᠨᠡ | ᠪᠦᠰᠡᠭᠦᠢ ᠡᠳᠡᠭᠡᠷ ᠵᠢᠯ ᠤᠳ ᠲᠤ ᠲᠠᠬᠢᠵᠤ ᠠᠶᠢᠯ ᠭᠡᠷ | ᠪᠤᠯᠤᠭᠰᠠᠨ ᠦᠭᠡᠢ ᠪᠠᠷ ᠭᠠᠭᠴᠠᠭᠠᠷ ᠢᠶᠠᠨ ᠠᠮᠢᠲᠤᠷᠠᠵᠤ | ᠪᠠᠶᠢᠬᠤ ᠵᠡᠷᠭᠡ ᠪᠠᠨ ᠰᠦᠰᠦᠲᠠᠢ ᠭᠤᠸᠠᠢ ᠲᠤ ᠤᠶᠠᠷᠠᠩᠭᠤᠢ | ᠲᠠᠭᠤᠨ ᠢᠶᠠᠷ ᠲᠤᠭᠠᠴᠢᠭᠰᠠᠨ ᠪᠠᠶᠢᠵᠠᠢ᠃ ᠰᠦᠰᠦᠲᠠᠢ ᠭᠤᠸᠠᠢ | ᠦᠨᠦᠬᠢ ᠭᠤᠶᠦ ᠪᠦᠰᠡᠭᠦᠢ ᠶᠢᠨ ᠭᠠᠭᠴᠠᠭᠠᠷ ᠢᠶᠠᠨ ᠠᠮᠢᠲᠤᠷᠠᠵᠦ | ᠪᠠᠶᠢᠬᠤ ᠶᠢ ᠨᠢ ᠰᠤᠨᠤᠰᠤᠭᠠᠳ ᠰᠡᠳᠭᠢᠯ ᠳᠡᠭᠡᠨ ᠬᠡᠯᠡᠵᠦ | ᠭᠠᠷᠤᠰᠢ ᠦᠭᠡᠢ ᠪᠠᠶᠠᠷ ᠴᠠᠯᠬᠢᠯᠠᠭᠤᠯᠤᠨ᠄ ︽ᠪᠢᠲᠡᠭᠡᠢ ᠵᠤᠪᠠ ᠡ᠂ | ᠠᠮᠢᠳᠤᠷᠠᠯ ᠭᠡᠭᠴᠢ ᠶᠡᠷᠤ ᠳᠡᠭᠡᠨ ᠬᠢᠳᠤᠭᠠᠨ ᠤ ᠲᠤᠷᠭᠠᠨ ᠢᠷ | ᠲᠡᠭᠡᠭᠦᠷ ᠦᠷᠭᠦᠯᠵᠢᠯᠡᠳᠡᠭ ᠨᠢ ᠡᠩ ᠤᠨ ᠵᠢᠮ᠎ᠡ ᠶᠤᠰᠦ ᠰᠢᠤ︾ | ᠭᠡᠵᠤ ᠲᠠᠶᠢᠳᠬᠤᠷᠠᠭᠤᠯᠤᠨ ᠬᠡᠯᠡᠭᠡᠳ ᠦᠪᠡᠷ ᠤᠨ ᠢᠶᠠᠨ ᠮᠤᠷᠤᠢ | ᠰᠠᠷᠤᠢ ᠵᠠᠮ ᠢᠶᠠᠷ ᠨᠤᠭᠤᠷᠠᠯ ᠪᠦᠳᠦᠷᠢᠯ ᠲᠠᠢ ᠠᠶᠠᠯᠠᠭᠰᠠᠨ | ᠦᠯᠢᠭᠡᠷ ᠲᠤᠮᠤᠭ ᠰᠢᠭ᠋ ᠦᠩᠭᠡᠷᠡᠯᠲᠡ ᠪᠠᠨ ᠬᠡᠯᠡᠵᠤ | ᠲᠠᠭᠤᠰᠬᠠᠭᠰᠠᠨ ᠪᠠ ᠦᠪᠡᠷ ᠤᠨ ᠭᠠᠭᠴᠠᠭᠠᠷ ᠢᠶᠠᠨ ᠪᠠᠶᠢᠬᠤ | ᠵᠢᠴᠢ ᠤᠳᠤᠬᠠᠨ ᠳᠠᠭᠠᠨ ᠲᠤᠶᠢᠯ ᠤᠨ ᠤᠶᠢᠳᠬᠠᠷᠲᠠᠢ | ᠭᠠᠭᠴᠠᠭᠠᠷᠳᠠᠮᠠᠯ ᠪᠠᠶᠢᠬᠤ ᠵᠡᠷᠭᠡ ᠪᠠᠨ ᠶᠡᠷᠦ ᠨᠢᠭᠤᠯ ᠦᠭᠡᠢ | ᠬᠡᠯᠡᠵᠦ ᠦᠭᠭᠦᠭᠰᠡᠨ ᠪᠠᠶᠢᠯ᠎ᠠ᠃ | ᠵᠠ᠂ ᠲᠡᠭᠡᠭᠡᠳ ᠯᠠ ᠲᠡᠷᠡ ᠴᠠᠭ ᠠᠴᠠ ᠡᠬᠢᠯᠡᠨ ᠰᠦᠰᠦᠲᠠᠢ | ᠭᠤᠸᠠᠢ᠂ ᠴᠠᠰᠤ ᠴᠠᠭᠠᠨ ᠭᠦᠩᠵᠦ ᠬᠤᠶᠠᠭᠤᠯᠠ ᠸᠢᠴᠠᠲ ᠤᠨ ᠠᠮᠠᠷᠠᠭ | ᠪᠤᠯᠤᠭᠠᠳ ᠡᠳᠦᠷ ᠪᠦᠷᠢ ᠴᠠᠭᠢᠮ ᠴᠢᠮᠡᠭᠡ ᠪᠠᠷ ᠠᠮᠤᠷ | ᠮᠡᠨᠲᠦ ᠪᠠᠨ ᠠᠰᠠᠭᠤᠯᠴᠠᠨ᠂ ᠰᠡᠳᠭᠢᠯ ᠤᠨ ᠦᠭᠡ ᠪᠠᠨ | ᠠᠭᠤᠲᠠᠯᠤᠨ ᠡᠪᠦᠭᠡᠨ ᠭᠤᠸᠠᠢ ᠶᠢᠨ ᠤᠶᠢᠳᠬᠠᠷ ᠭᠤᠨᠢᠭ ᠨᠢ | ᠰᠠᠯᠬᠢ ᠦᠵᠡᠭᠰᠡᠨ ᠡᠭᠦᠯᠡ ᠮᠠᠨᠠᠨ ᠰᠢᠭ᠋ ᠠᠷᠢᠯᠤᠨ | ᠵᠠᠮᠬᠠᠷᠠᠵᠠᠢ᠃ ᠡᠶᠢᠮᠦᠷᠬᠦ ᠬᠠᠯᠠᠭᠤᠨ ᠪᠦᠯᠢᠶᠡᠨ ᠮᠦᠷᠳᠡᠬᠡᠨ | ᠤᠳᠬ᠎ᠠ ᠠᠭᠤᠯᠭ᠎ᠠ ᠲᠠᠢ ᠠᠮᠢᠳᠤᠷᠠᠯ ᠨᠢ ᠦᠷᠭᠦᠯᠵᠢᠯᠡᠭᠰᠡᠭᠡᠷ | ᠪᠠᠶᠢᠯ᠎ᠠ ᠁ ᠰᠦᠰᠦᠲᠠᠢ ᠭᠤᠸᠠᠢ ᠶᠢᠨ ᠡᠳᠦᠷ ᠤᠨ ᠪᠤᠳᠤᠯ᠂ | ᠰᠦᠨᠢ ᠶᠢᠨ ᠵᠡᠭᠦᠳᠦᠨ ᠳᠤ ᠨᠢ ᠦᠨᠦᠬᠢ ᠵᠢᠭᠠᠬᠠᠨ ᠠᠮᠠᠷᠠᠭ ᠨᠢ | ᠪᠤᠳᠤᠭᠳᠠᠵᠦ ᠲᠡᠭᠦᠨ ᠲᠠᠢ ᠪᠠᠨ ᠬᠤᠷᠢᠮᠯᠠᠵᠦ ᠰᠢᠨ᠎ᠡ ᠬᠦᠷᠭᠡᠨ | ᠪᠤᠯᠵᠤ ᠪᠠᠶᠢᠨ᠎ᠠ ᠭᠡᠵᠤ ᠵᠡᠭᠦᠲᠦ ᠪᠠᠷ ᠢᠶᠠᠨ ᠭᠦᠶᠦᠨ ᠪᠤᠰᠳᠠᠭ | ᠬᠡᠮᠵᠢᠶᠡᠨ ᠲᠤ ᠬᠦᠷᠴᠠᠢ᠃ ᠡᠪᠦᠭᠡᠨ ᠭᠤᠸᠠᠢ ᠡᠳᠦᠷᠵᠢᠨ | ᠰᠦᠨᠢᠵᠢᠨ ᠦᠭᠡᠷ᠎ᠡ ᠶᠠᠭᠤᠮ᠎ᠠ ᠬᠢᠬᠦ ᠦᠭᠡᠢ ᠪᠤᠯᠵᠦ ᠵᠢᠭᠠᠬᠠᠨ | ᠠᠮᠠᠷᠠᠭ ᠤᠨ ᠢᠶᠠᠨ ᠬᠤᠩᠬᠤ ᠰᠢᠭ᠋ ᠲᠠᠩᠬᠢᠨᠠᠭᠰᠠᠨ ᠲᠤᠩᠭᠠᠯᠠᠭ | ᠮᠦᠷᠳᠡᠬᠡᠨ ᠦᠨᠡᠷᠬᠡᠭᠰᠡᠨ ᠨᠠᠷᠢᠬᠠᠨ ᠲᠠᠭᠤᠨ ᠢ ᠬᠤᠷᠳᠤᠬᠠᠨ | ᠭᠡᠭᠴᠢ ᠤᠯᠵᠦ ᠰᠤᠨᠤᠰᠬᠤ ᠪᠠᠷ ᠶᠠᠭᠠᠷᠠᠨ ᠭᠠᠷ ᠤᠳᠠᠰᠤ ᠪᠠᠨ | ᠪᠠᠶᠢᠨ ᠪᠠᠶᠢᠨ ᠬᠠᠷᠠᠳᠠᠭ ᠪᠤᠯᠵᠠᠢ᠃ | ᠬᠠᠭᠠᠰ ᠰᠠᠷ᠎ᠠ ᠶᠢᠨ ᠲᠠᠷᠠᠭᠠᠬᠢ ᠨᠢᠭᠡᠨ ᠦᠷᠯᠦᠭᠡ ᠴᠠᠰᠤ | ᠴᠠᠭᠠᠨ ᠭᠦᠩᠵᠦ ᠦᠭᠡ ᠢᠷᠡᠭᠦᠯᠵᠦ᠄ ︽ᠠᠶ᠎ᠠ᠂ ᠬᠠᠶᠢᠷᠠᠳᠤ ᠠᠬ᠎ᠠ | ᠮᠢᠨᠢ ᠡ᠂ ᠪᠢ ᠰᠡᠳᠭᠢᠯ ᠲᠤᠳᠤᠷ᠎ᠠ ᠪᠠᠨ ᠲᠠᠷᠤᠭᠠᠳ ᠤᠳᠠᠭᠰᠠᠨ | ᠨᠢᠭᠡ ᠴᠢᠬᠤᠯᠠ ᠤᠴᠢᠷ ᠢᠶᠠᠨ ᠲᠠᠨ ᠳᠠᠭᠠᠨ ᠬᠡᠯᠡᠶ᠎ᠡ ᠭᠡᠳ | ᠬᠡᠯᠡᠨ ᠦᠵᠦᠭᠦᠷ ᠲᠤᠯᠤᠭᠠᠳ ᠬᠡᠯᠡᠬᠦ ᠵᠤᠷᠢᠭ ᠦᠭᠡᠢ ᠪᠠᠶᠢᠨ᠎ᠠ | ᠰᠢᠤ᠂ ᠤᠲᠤ ᠶᠠᠭᠠᠬᠢᠳᠠᠭ ᠪᠢᠯᠠ︖︾ ᠭᠡᠵᠤ ᠶᠡᠭᠡ ᠯᠠ | ᠢᠴᠢᠮᠡᠳᠡᠭᠡᠢ ᠲᠠᠭᠤᠨ ᠢᠶᠠᠷ ᠡᠷᠬᠡᠯᠡᠨ ᠠᠰᠠᠭᠤᠬᠤ ᠳᠤ ᠨᠢ | ᠡᠪᠦᠭᠡᠨ ᠭᠤᠸᠠᠢ᠄ ︽ᠲᠡᠭᠦᠤᠲᠠᠢ ᠮᠢᠨᠢ᠂ ᠬᠡᠯᠡᠯ ᠳ᠋ᠠ᠂ | ᠠᠮᠢᠨᠳᠠᠢ ᠮᠢᠨᠢ ︾ ᠭᠡᠵᠤ ᠰᠢᠯᠤᠭᠤᠬᠠᠨ ᠠᠰᠠᠭᠤᠵᠤ ᠪᠢᠯᠠ᠃ | ᠴᠠᠰᠤ ᠴᠠᠭᠠᠨ ᠭᠦᠩᠵᠦ ᠴᠠᠭᠠᠨ᠎ᠠ ᠠᠴᠠ ᠨᠢ᠄ ︽ᠪᠢ ᠨᠢᠭᠡᠨᠲᠡ | ᠲᠠᠨ ᠲᠠᠢ ᠬᠠᠶᠢᠷ᠎ᠠ ᠰᠡᠳᠭᠢᠯ ᠲᠠᠢ ᠪᠤᠯᠴᠢᠬᠠᠯ᠎ᠠ᠂ | ᠬᠤᠷᠳᠤᠬᠠᠨ ᠭᠡᠭᠴᠢ ᠬᠤᠷᠢᠮᠯᠠᠬᠤ ᠰᠠᠨᠠᠭᠠᠲᠠᠢ ᠪᠠᠶᠢᠨ᠎ᠠ᠂ ᠲᠠ | ᠵᠦᠪᠰᠢᠶᠡᠷᠡᠨ᠎ᠡ ᠪᠢᠵᠠ︖︾ ᠭᠡᠵᠤ ᠦᠨᠡᠷᠬᠡᠭᠰᠡᠨ ᠨᠠᠷᠢᠬᠠᠨ | ᠲᠠᠭᠤᠨ ᠢᠶᠠᠷ ᠠᠰᠠᠭᠤᠬᠤ ᠳᠤ ᠨᠢ᠂ ᠰᠦᠰᠦᠲᠠᠢ ᠭᠤᠸᠠᠢ ᠨᠢᠭᠤᠷ | ᠲᠦᠭᠦᠷᠡᠩ ᠮᠦᠰᠢᠶᠡᠳᠦ ᠲᠤᠭᠯᠠᠭᠤᠯᠤᠨ᠄ ︽ᠵᠠ᠂ ᠵᠠ ᠁ ᠠᠮᠢᠨᠳᠠᠢ | ᠮᠢᠨᠢ᠂ ᠠᠮᠠᠷᠠᠭ ᠬᠤᠩᠭᠤᠷ ᠮᠢᠨᠢ᠂ ᠠᠬ᠎ᠠ ᠨᠢ ᠵᠦᠪᠰᠢᠶᠡᠷᠡᠨ᠎ᠡ︾ | ᠭᠡᠵᠤ ᠦᠭᠡ ᠤᠨᠠᠭᠠᠯ ᠦᠭᠡᠢ ᠡᠯᠭᠦᠨ ᠵᠦᠪᠰᠢᠶᠡᠷᠡᠵᠤ ᠪᠠᠶᠢᠯ᠎ᠠ᠃ | ᠴᠠᠰᠤ ᠴᠠᠭᠠᠨ ᠭᠦᠩᠵᠦ ᠪᠠᠰᠠ᠄ ︽ᠬᠠᠶᠢᠷᠠᠲᠤ ᠮᠢᠨᠢ᠂ ᠪᠢ | ᠴᠢᠮ᠎ᠠ ᠳᠠᠭᠠᠨ ᠬᠡᠯᠡᠮᠡᠷ ᠵᠢᠭᠠᠬᠠᠨ ᠤᠴᠢᠷ ᠪᠠᠶᠢᠨ᠎ᠠ᠂ ᠪᠢ | ᠲᠠᠨ ᠳᠤ ᠬᠡᠯᠡᠭᠰᠡᠨ ᠦᠭᠡᠢ ᠪᠠᠷ ᠭᠠᠭᠴᠠᠭᠠᠷ ᠢᠶᠠᠨ ᠡᠵᠡᠨ | ᠮᠡᠳᠡᠭᠡᠳ ᠪᠢᠳᠡ ᠬᠤᠶᠠᠭᠤᠯᠠ ᠶᠢᠨ ᠬᠤᠷᠢᠮᠯᠠᠬᠤ ᠰᠢᠨ᠎ᠡ | ᠠᠰᠠᠷ ᠢᠶᠠᠨ ᠴᠦ ᠬᠤᠳᠠᠯᠳᠤᠨ ᠠᠪᠴᠢᠬᠠᠯ᠎ᠠ᠃ ᠲᠡᠭᠡᠷ᠎ᠡ ᠭᠠᠷᠠᠭ | ᠪᠢ ᠸᠠᠨ ᠳ᠋ᠠ ᠬᠤᠳᠠᠯᠳᠤᠭᠠᠨ ᠤ ᠲᠠᠯᠠᠪᠠᠢ ᠶᠢᠨ ᠤᠶᠢᠷᠠᠯᠴᠠᠭ᠎ᠠ | ᠶᠢᠤ ᠢ ᠰᠢᠨ᠎ᠡ ᠲᠤᠭᠤᠷᠢᠭ ᠠᠴᠠ ᠪᠡᠯᠡᠨ ᠮᠦᠩᠭᠦ ᠪᠠᠷ ᠨᠢᠭᠡ ᠭᠡᠷ | ᠬᠤᠳᠠᠯᠳᠤᠨ ᠠᠪᠤᠭᠰᠠᠨ ᠡ᠂ ᠲᠡᠭᠡᠭᠰᠡᠨ ᠴᠢᠨᠢ ᠭᠠᠷ ᠲᠠᠬᠢ ᠪᠡᠯᠡᠨ | ᠮᠥᠩᠭᠦ ᠵᠢᠭᠠᠬᠠᠨ ᠲᠤᠳᠠᠴᠢᠬᠠᠯᠠ᠂ ᠦᠨᠡᠨ ᠳᠡᠭᠡᠨ ᠮᠢᠨᠦ | ᠬᠦᠮᠦᠨ ᠳᠤ ᠵᠢᠭᠡᠯᠡᠵᠦ ᠭᠠᠷᠭᠠᠭᠰᠠᠨ ᠠᠷᠪᠠᠨ ᠲᠦᠮᠡᠨ ᠲᠦᠭᠦᠷᠢᠭ | ᠪᠠᠶᠢᠬᠤ ᠶᠤᠮ᠂ ᠭᠡᠬᠦ ᠳᠤ ᠬᠠᠮᠤᠭ ᠬᠤᠷᠲᠤᠨ ᠳᠠᠭᠠᠨ ᠲᠦᠷᠪᠡ | ᠲᠠᠪᠤᠨ ᠬᠤᠨᠤᠭ ᠤᠨ ᠲᠠᠷᠠᠭ᠎ᠠ ᠰᠠᠶ᠋ᠢ ᠨᠠᠳᠠ ᠪᠤᠴᠠᠭᠠᠨ᠎ᠠ | ᠭᠡᠨ᠎ᠡ᠃ ᠲᠡᠶᠢᠮᠦ ᠠᠴᠠ ᠠᠬ᠎ᠠ ᠲᠠ ᠨᠠᠳᠠᠳᠤ ᠳᠤ ᠨᠠᠢᠮᠠᠨ | ᠲᠦᠮᠡᠨ ᠲᠦᠭᠦᠷᠢᠭ ᠵᠤᠭᠤᠰ ᠢᠶᠠᠨ ᠬᠡᠳᠦᠨ ᠡᠳᠦᠷ ᠵᠢᠭᠡᠯᠡᠵᠦ | ᠦᠭᠭᠦᠨ᠎ᠡ ᠤᠤ︖ ᠲᠠᠷᠠᠭ᠎ᠠ ᠭᠠᠷᠠᠭ ᠤᠨ ᠭᠤᠷᠪᠠᠨ ᠳᠤ ᠲᠠᠨ ᠤ | ᠲᠡᠨᠲᠡ ᠤᠷᠤᠭ ᠤᠨ ᠪᠠᠳᠤᠯᠠᠪᠤᠷᠢ ᠪᠠᠨ ᠠᠪᠬᠤ ᠪᠠᠷ | ᠤᠴᠢᠬᠤ ᠳᠠᠭᠠᠨ ᠲᠠᠨ ᠳᠤ ᠠᠪᠠᠴᠢᠭᠠᠳ ᠦᠭᠴᠢᠭᠡᠨᠡ ᠰᠢᠤ ᠁︾ | ᠭᠡᠵᠤ ᠵᠦᠪᠰᠢᠶᠡᠷᠡᠯ ᠭᠤᠷᠢᠳᠠᠭᠰᠠᠨ ᠵᠦᠭᠡᠯᠡᠨ ᠲᠠᠭᠤᠨ ᠢᠶᠠᠷ | ᠨᠠᠮᠤᠭᠤᠬᠠᠨ ᠭᠡᠭᠴᠢ ᠦᠭᠦᠯᠡᠬᠦ ᠳᠤᠨᠢ ᠡᠪᠦᠭᠡᠨ ᠭᠤᠸᠠᠢ ᠤᠮᠤᠭ | ᠪᠠᠷᠳᠠᠮ ᠢᠶᠠᠷ᠄ ︽ᠵᠠ᠂ ᠪᠤᠯᠤᠨ᠎ᠠ ᠁ ᠪᠠᠩᠬᠢ ᠶᠢᠨ | ᠨᠤᠮᠧᠷ ᠢᠶᠠᠨ ᠬᠤᠷᠳᠤᠬᠠᠨ ᠶᠠᠪᠤᠭᠤᠯ᠂ ᠪᠢ ᠤᠳᠤ ᠪᠠᠷ ᠢᠶᠠᠨ | ᠭᠤᠪᠢᠭᠤᠯᠵᠤ ᠦᠭᠭᠦᠶ᠎ᠡ︾ ᠭᠡᠵᠤ ᠪᠠᠶᠠᠷᠲᠠᠶᠢᠬᠠᠨ ᠭᠡᠭᠴᠢ | ᠵᠦᠪᠰᠢᠶᠡᠷᠡᠪᠡ᠃ | ᠡᠪᠦᠭᠡᠨ ᠭᠤᠸᠠᠢ ᠡᠬᠡᠨᠠᠷ ᠤᠨ ᠢᠶᠠᠨ ᠨᠠᠰᠤᠨ ᠲᠤᠷᠰᠢ | ᠢᠳᠡᠵᠦ ᠡᠮᠦᠰᠬᠦ ᠪᠠᠨ ᠠᠷᠪᠢᠯᠠᠵᠤ ᠪᠠᠶᠢᠭᠠᠳ ᠦᠯᠡᠳᠡᠭᠡᠵᠦ | ᠬᠠᠳᠠᠭᠠᠯᠠᠭᠰᠠᠨ ᠲᠤᠯᠤᠭᠠᠨ ᠲᠦᠮᠡᠨ ᠲᠦᠭᠦᠷᠢᠭ ᠵᠤᠭᠤᠰ ᠢ ᠨᠢ | ᠪᠠᠩᠬᠢ ᠠᠴᠠ ᠠᠪᠴᠦ ᠭᠠᠷᠭᠠᠨ᠂ ᠰᠠᠶᠢᠨ ᠨᠠᠶᠢᠵᠢ ᠯᠠᠪᠠᠢ ᠠᠴᠠ | ᠨᠢᠭᠡ ᠲᠦᠮᠡᠨ ᠲᠦᠭᠦᠷᠢᠭ ᠵᠢᠭᠡᠯᠡᠭᠡᠳ ᠴᠠᠰᠤ ᠴᠠᠭᠠᠨ | ᠭᠦᠩᠵᠦ ᠶᠢᠨ ᠬᠠᠩᠭᠠᠭᠰᠠᠨ ᠪᠠᠩᠬᠢ ᠶᠢᠨ ᠨᠤᠮᠧᠷ ᠤᠷᠤᠭᠤ | ᠭᠤᠪᠢᠭᠤᠯᠤᠯᠠ᠃ ᠤᠳᠠᠯ ᠦᠭᠡᠢ ᠵᠢᠭᠠᠬᠠᠨ ᠠᠮᠠᠷᠠᠭ ᠨᠢ ᠴᠠᠬᠢᠮ | ᠴᠢᠮᠡᠭᠡ ᠢᠷᠡᠭᠦᠯᠦᠨ ᠄ ︽ᠬᠠᠶᠢᠷᠠᠲᠦ ᠮᠢᠨᠢ᠂ ᠵᠤᠭᠤᠰ ᠢ ᠴᠢᠨᠢ | ᠤᠯᠤᠯ᠎ᠠ᠂ ᠪᠠᠶᠠᠷᠯᠠᠵᠤ ᠲᠠᠯᠠᠷᠬᠠᠬᠤ ᠳᠠᠭᠠᠨ ᠬᠠᠯᠠᠭᠤᠨ | ᠤᠷᠤᠭᠤᠯ ᠢ ᠴᠢᠨᠢ ᠰᠢᠪ ᠰᠢᠪ ᠭᠡᠲᠡᠯ᠎ᠡ ᠦᠨᠦᠰᠦᠶ᠎ᠡ᠂ ᠬᠡᠯᠡᠬᠦ | ᠤᠴᠢᠷ ᠭᠡᠪᠡᠯ᠂ ᠲᠠᠷᠠᠭ᠎ᠠ ᠭᠠᠷᠠᠭ ᠤᠨ ᠭᠤᠷᠪᠠᠨ ᠳᠤ ᠪᠢ ᠲᠠᠨ ᠤ | ᠲᠡᠨᠳᠡ ᠤᠴᠢᠵᠤ ᠲᠠᠨ ᠲᠠᠢ ᠪᠠᠨ ᠠᠭᠤᠯᠵᠠᠨ᠎ᠠ ᠰᠢᠤ᠂ ᠲᠡᠷᠡ ᠦᠶᠡᠰ | ᠬᠤᠶᠠᠭᠤᠯᠠ ᠤᠷᠤᠭ ᠤᠨ ᠪᠠᠳᠤᠯᠠᠪᠤᠷᠢ ᠪᠠᠨ ᠠᠪᠤᠨ᠎ᠠ᠂ | ᠵᠤᠭᠤᠰ ᠢ ᠴᠢᠨᠢ ᠴᠦ ᠲᠤᠭ᠎ᠠ ᠶᠤᠰᠤᠭᠠᠷ ᠨᠢ ᠪᠤᠴᠠᠭᠠᠨ᠎ᠠ ᠳ᠋ᠠ᠂ | ᠲᠡᠭᠦᠤᠲᠠᠢ ᠨᠢ ᠪᠢ ᠵᠤᠭᠤᠰ ᠭᠡᠮᠡᠭᠴᠢ ᠡᠨᠡᠬᠦ ᠡᠷᠢᠶᠡᠨ ᠠᠯᠠᠭ | ᠴᠠᠭᠠᠰᠤ ᠶᠢ ᠶᠡᠷᠦ ᠠᠴᠠ ᠲᠤᠭᠤᠳᠠᠭ ᠦᠭᠡᠢ ᠡ᠂ ᠬᠠᠷᠢᠨ ᠦᠨᠡᠯᠡᠰᠢ | ᠦᠭᠡᠢ ᠬᠠᠯᠠᠭᠤᠨ ᠬᠠᠶᠢᠷ᠎ᠠ ᠪᠠᠨ ᠠᠮᠢᠨ ᠠᠴᠠ ᠪᠠᠨ ᠢᠯᠡᠭᠦᠤ | ᠡᠷᠬᠢᠮᠯᠡᠨ᠎ᠡ᠂ ᠲᠠᠨ ᠤ ᠪᠠᠨ ᠠᠰᠪᠤᠷ ᠵᠠᠩ᠂ ᠲᠤᠰᠠᠷᠬᠠᠭ | ᠰᠡᠳᠬᠢᠯ᠂ ᠴᠠᠶᠢᠯᠭᠠᠨ ᠰᠠᠨᠠᠭ᠎ᠠ ᠁ ᠵᠡᠷᠭᠡ ᠳᠤ ᠴᠢᠨᠢ ᠮᠢᠨᠦ | ᠰᠦᠨᠡᠰᠦ ᠶᠢ ᠲᠠᠯᠠᠯᠤᠵᠦ᠂ ᠰᠦᠰᠦᠭ ᠢ ᠪᠠᠳᠤᠳᠬᠠᠭᠰᠠᠨ ᠡ ᠁︾ | ᠭᠡᠵᠤ ᠰᠡᠳᠭᠢᠯ ᠤᠶᠠᠷᠠᠲᠠᠯ᠎ᠠ ᠰᠠᠶᠢᠬᠠᠨ ᠶᠠᠷᠢᠵᠠᠢ᠃ | ᠡᠳᠡᠭᠡᠷ ᠠᠷᠭ᠎ᠠ ᠠᠯᠳᠠᠭᠤᠯᠤᠮ᠎ᠠ ᠠᠶᠠᠲᠠᠢ ᠰᠠᠶᠢᠬᠠᠨ | ᠦᠭᠡ ᠶᠢ ᠨᠢ ᠰᠤᠨᠤᠰᠤᠭᠠᠳ ᠡᠪᠦᠭᠡᠨ ᠭᠤᠸᠠᠢ ᠶᠡᠬᠡᠳᠡ ᠰᠡᠳᠭᠢᠯ | ᠬᠦᠳᠡᠯᠵᠦ᠂ ᠠᠩᠭᠠᠯᠵᠠᠭᠰᠠᠨ ᠠᠮᠠᠨ ᠠᠴᠠ ᠨᠢ ᠲᠠᠭᠤᠨ ᠭᠠᠷᠬᠤ | ᠦᠭᠡᠢ ᠪᠠᠴᠢᠮᠳᠠᠨ ᠤᠬᠢᠯᠠᠭ᠎ᠠ ᠦᠭᠡᠢ ᠴᠦ ᠨᠢᠯᠪᠦᠰᠦ ᠨᠢ | ᠤᠷᠤᠰᠤᠭᠠᠳ ᠪᠠᠶᠢᠯ᠎ᠠ᠃ ᠡᠪᠦᠭᠡᠨ ᠭᠤᠸᠠᠢ ᠪᠠᠶᠠᠰᠤᠯ | ᠲᠤᠭᠳᠤᠯᠤᠯ ᠤᠨ ᠨᠢᠯᠪᠤᠰᠤ ᠲᠠᠢ ᠪᠦᠷᠦᠯᠵᠡᠭᠰᠡᠨ ᠨᠢᠲᠤ ᠪᠠᠨ | ᠠᠶᠠᠷᠬᠠᠨ ᠭᠡᠭᠴᠢ ᠵᠦᠯᠭᠦᠭᠡᠳ ᠲᠢᠩᠭᠢᠨᠡᠭᠰᠡᠨ ᠴᠢᠩᠭ᠎ᠠ | ᠲᠠᠭᠤᠨ ᠢᠶᠠᠷ᠄ ︽ ᠵᠠ᠂ ᠠᠮᠢᠨᠳᠠᠢ ᠮᠢᠨᠢ᠂ ᠠᠬ᠎ᠠ ᠨᠢ ᠠᠳᠡ | ᠪᠠᠨ ᠶᠠᠭᠤ ᠪᠡᠯᠡᠳᠭᠡᠪᠡᠯ ᠲᠠᠭᠠᠷᠠᠬᠤ ᠪᠤᠢ︖︾ ᠬᠡᠮᠡᠨ | ᠪᠠᠶᠠᠷᠯᠢᠩᠭᠤᠢ ᠠᠰᠠᠭᠤᠬᠤ ᠳᠤᠨᠢ᠂ ᠵᠢᠭᠠᠬᠠᠨ ᠠᠮᠠᠷᠠᠭ ᠨᠢ᠄ | ︽ᠬᠠᠶᠢᠷᠠᠳᠤ ᠮᠢᠨᠢ᠂ ᠲᠠ ᠶᠠᠭᠤ ᠴᠦ ᠪᠡᠯᠡᠳᠭᠡᠬᠦ ᠬᠡᠷᠡᠭ ᠦᠭᠡᠢ᠂ | ᠬᠤᠪᠴᠠᠰᠤ ᠪᠠᠨ ᠲᠠᠶᠢᠯᠵᠤ ᠬᠤᠶᠠᠭᠤᠯᠠ ᠪᠠᠨ ᠰᠠᠶᠢᠬᠠᠨ | ᠵᠢᠷᠭᠠᠬᠤ ᠪᠠᠷ ᠪᠡᠯᠡᠳᠭᠡᠯ ᠲᠠᠢ ᠪᠠᠶᠢᠪᠠᠯ ᠪᠤᠯᠴᠢᠬᠠᠬᠤ ᠨᠢ | ᠲᠡᠷᠡ ᠁︾ ᠭᠡᠵᠤ ᠠᠭᠠᠯᠢ ᠦᠭᠡᠶᠢᠳᠡᠪᠡ᠃ ᠲᠡᠷᠡ ᠴᠠᠭ ᠠᠴᠠ | ᠡᠬᠢᠯᠡᠨ ᠡᠪᠦᠭᠡᠨ ᠭᠤᠸᠠᠢ ᠶᠢᠨ ᠤᠨᠳᠠᠷᠠᠭᠠᠳ ᠤᠳᠠᠭᠰᠠᠨ | ᠲᠠᠴᠢᠶᠠᠯ ᠤᠨ ᠭᠠᠯ ᠨᠢ ᠡᠭᠡᠭᠡ ᠯᠠ ᠬᠠᠭᠤᠷᠠᠢ ᠲᠦᠯᠡᠭᠡᠨ ᠳᠤ | ᠭᠠᠯ ᠵᠠᠯᠭᠠᠭᠰᠠᠨ ᠮᠡᠲᠦ ᠲᠦᠷᠡᠯᠵᠡᠭᠡᠳ ᠵᠢᠭᠠᠬᠠᠨ ᠠᠮᠠᠷᠠᠭ ᠨᠢ | ᠡᠪᠦᠷ ᠤᠷᠤᠭᠤ ᠨᠢ ᠤᠳᠠᠯ ᠦᠭᠡᠢ ᠪᠦᠮᠪᠦᠷᠢᠭᠡᠳ ᠢᠷᠡᠬᠦ ᠶᠢ | ᠬᠦᠯᠢᠶᠡᠨ ᠰᠠᠭᠤᠬᠤᠶ᠎ᠠ᠂ ᠲᠠᠪᠤᠨ ᠡᠳᠦᠷ ᠢ ᠴᠦ ᠬᠦᠯᠢᠶᠡᠵᠦ | ᠲᠡᠰᠬᠦ ᠦᠭᠡᠢ ᠲᠡᠰᠪᠤᠷᠢ ᠠᠯᠳᠠᠨ ᠰᠠᠨᠳᠤᠷᠤᠨ᠎ᠠ ᠁ ᠭᠠᠷᠠᠭ ᠤᠨ | ᠲᠠᠪᠤᠨ ᠭᠡᠭᠴᠢ ᠨᠢ ᠨᠠᠷᠠ ᠲᠤᠯᠠᠶᠢᠭᠰᠠᠨ ᠰᠠᠶᠢᠬᠠᠨ ᠡᠳᠦᠷ | ᠪᠠᠶᠢᠪᠠ᠃ ᠲᠡᠷᠡ ᠦᠷᠯᠦᠭᠡ ᠨᠢ ᠱᠠᠭᠠᠵᠠᠭᠠᠢ ᠴᠦ ᠱᠠᠭᠰᠢᠭᠰᠠᠨ | ᠦᠭᠡᠢ᠂ ᠬᠡᠷᠢᠶ᠎ᠡ ᠴᠦ ᠭᠤᠸᠠᠭᠯᠠᠭᠰᠠᠨ ᠦᠭᠡᠢ ᠡᠩ ᠤᠨ | ᠶᠡᠷᠦᠮᠳᠡᠭ ᠢᠶᠠᠷ ᠰᠢᠨ᠎ᠡ ᠡᠳᠦᠷ ᠡᠬᠢᠯᠡᠭᠰᠡᠨ ᠡ᠃ ᠡᠪᠦᠭᠡᠨ | ᠭᠤᠸᠠᠢ ᠵᠢᠭᠠᠬᠠᠨ ᠠᠮᠠᠷᠠᠭ ᠲᠠᠭᠠᠨ ᠴᠠᠬᠢᠮ ᠴᠢᠮᠡᠭᠡ | ᠶᠠᠪᠤᠭᠤᠯᠵᠦ ᠄ ︽ᠬᠦᠬᠡᠬᠤᠳᠠ ᠠᠴᠠ ᠭᠠᠷᠤᠭᠠᠳ ᠢᠷᠡᠴᠢᠭᠡᠪᠡ | ᠤᠤ︖︾ ᠬᠡᠮᠡᠨᠬᠠᠯᠠᠨᠵᠢᠯᠠᠨ ᠠᠰᠠᠭᠤᠬᠤ ᠳᠤ ᠨᠢ᠂ ᠵᠢᠭᠠᠬᠠᠨ | ᠠᠮᠠᠷᠠᠭ ᠨᠢ ᠴᠠᠬᠢᠮ ᠴᠢᠮᠡᠭᠡ ᠢᠷᠡᠭᠡᠳ᠄ ︽ᠲᠡᠷᠭᠡ | ᠬᠦᠳᠡᠯᠴᠢᠭᠡᠯᠡ᠂ ᠪᠠᠷᠤᠭ ᠦᠳᠡ ᠶᠢᠨ ᠬᠤᠶᠢᠨᠠᠬᠢ ᠬᠤᠶᠠᠷ | ᠴᠠᠭ ᠤᠨ ᠦᠶ᠎ᠡ ᠪᠠᠷ ᠲᠠᠨ ᠤ ᠬᠤᠰᠢᠭᠤᠨ ᠤ ᠲᠦᠪ ᠲᠤ | ᠬᠦᠷᠴᠢᠭᠡᠨ᠎ᠡ ︾ ᠭᠡᠵᠤ ᠲᠤᠳᠤᠷᠬᠠᠶᠢᠯᠠᠨ ᠬᠡᠯᠡᠪᠡ᠃ | ᠰᠦᠰᠦᠲᠠᠢ ᠡᠪᠦᠭᠡᠨ ᠵᠢᠭᠠᠬᠠᠨ ᠠᠮᠠᠷᠠᠭ ᠲᠠᠢ ᠪᠠᠨ ᠬᠤᠷᠳᠤᠬᠠᠨ | ᠭᠡᠭᠴᠢ ᠠᠭᠤᠯᠵᠠᠬᠤ ᠬᠡᠮᠡᠨᠠᠷᠠᠢ ᠭᠡᠵᠤ ᠦᠳᠡ ᠶᠢᠨ ᠨᠢᠭᠡ ᠴᠠᠭ | ᠭᠠᠷᠤᠢ ᠪᠤᠯᠤᠮᠠᠭᠴᠠ ᠲᠡᠷᠭᠡᠨ ᠦᠷᠲᠡᠭᠡᠨ ᠳᠤ ᠬᠦᠷᠪᠡ᠃ | ᠬᠦᠯᠢᠶᠡᠭᠰᠡᠨ ᠶᠠᠭᠤᠮ᠎ᠠ ᠤᠳᠠᠭᠠᠨ᠂ ᠬᠦᠰᠡᠭᠰᠡᠨ ᠶᠠᠭᠤᠮ᠎ᠠ | ᠬᠤᠯᠠ ᠭᠡᠳᠡᠭᠴᠢᠯᠡᠨ ᠲᠦᠩᠭᠡᠵᠦ ᠬᠤᠶᠠᠷ ᠴᠠᠭ ᠭᠠᠷᠤᠢ ᠪᠤᠯᠤᠭᠠᠳ | ᠰᠠᠶ᠋ᠢ ᠬᠦᠬᠡᠬᠤᠲᠠ ᠠᠴᠠ ᠢᠷᠡᠭᠰᠠᠨ ᠲᠡᠷᠭᠡ ᠦᠷᠲᠡᠭᠡᠨ ᠳᠤ | ᠤᠷᠤᠵᠦ ᠢᠷᠡᠪᠡ᠃ | ᠡᠪᠦᠭᠡᠨ ᠭᠤᠸᠠᠢ ᠡᠭᠦᠳᠡᠨ ᠤ ᠬᠠᠵᠠᠭᠤ ᠳᠤ ᠵᠤᠭᠰᠤᠵᠦ᠂ | ᠲᠦᠴᠢᠭᠡᠳ ᠠᠶᠠᠨᠴᠢᠳ ᠢ ᠪᠦᠭᠦᠳᠡ ᠶᠢ ᠲᠡᠷᠭᠡᠨ ᠠᠴᠠ ᠪᠠᠭᠤᠵᠦ | ᠪᠠᠷᠠᠳᠠᠯ᠎ᠠ ᠠᠵᠢᠭᠯᠠᠭᠰᠠᠨ ᠴᠦ ᠵᠢᠭᠠᠬᠠᠨ ᠠᠮᠠᠷᠠᠭ ᠨᠢ ᠪᠠᠷ᠎ᠠ | ᠰᠤᠷᠠᠭ ᠦᠭᠡᠢ ᠪᠠᠶᠢᠭᠰᠠᠨ ᠳᠤ᠂ ᠡᠪᠦᠭᠡᠨ ᠭᠤᠸᠠᠢ ᠶᠢᠨ | ᠲᠤᠳᠤᠷ᠎ᠠ ᠲᠦᠩ ᠳ᠋ᠠᠩ ᠲᠠᠢ ᠪᠤᠯᠵᠦ ᠄ ︽ ᠪᠢ ᠴᠢᠨᠢ | ᠮᠡᠬᠡᠯᠡᠭᠳᠡᠴᠢᠭᠡᠪᠡ ᠤᠤ︖︾ ᠭᠡᠵᠤ ᠰᠡᠵᠢᠭ ᠲᠦᠷᠦᠭᠰᠡᠭᠡᠷ | ᠲᠦᠷᠭᠡᠬᠡᠨ ᠭᠡᠭᠴᠢ ᠭᠡᠷ ᠲᠡᠭᠡᠨ ᠬᠠᠷᠢᠵᠦ᠂ ᠵᠢᠭᠠᠬᠠᠨ | ᠠᠮᠠᠷᠠᠭ ᠤᠨ ᠢᠶᠠᠨ ᠸᠢᠴᠠᠲ ᠢ ᠨᠢ ᠨᠡᠭᠡᠭᠡᠵᠦ ᠦᠵᠡᠬᠦᠶ᠎ᠡ᠂ | ᠲᠡᠷᠡᠬᠦ ᠵᠤᠤᠮᠠᠯᠵᠠᠨ ᠢᠨᠢᠶᠡᠮᠰᠦᠭᠯᠡᠭᠰᠡᠨ ᠭᠤᠶᠦ | ᠰᠡᠭᠦᠳᠡᠷ ᠨᠢ ᠠᠯᠢ ᠬᠡᠳᠦᠶᠢᠨ ᠠᠯᠠᠭ᠎ᠠ ᠪᠤᠯᠵᠦ᠂ ᠦᠨᠦᠬᠢ | ᠪᠦᠰᠡᠭᠦᠢ ᠶᠢᠨ ᠸᠢᠴᠠᠲ ᠨᠢ ᠴᠦ ᠦᠭᠡ ᠦᠰᠦᠭ ᠠᠯᠢ ᠨᠢ ᠴᠦ | ᠨᠡᠪᠳᠡᠷᠡᠬᠦ ᠪᠠᠨ ᠪᠤᠯᠢᠵᠦ ᠬᠡᠷᠡᠭᠴᠡᠭᠡ ᠪᠠᠨ ᠠᠯᠳᠠᠭᠰᠠᠨ | ᠪᠠᠶᠢᠪᠠ᠃ | ᠲᠡᠷᠡᠬᠡᠨ ᠵᠠᠭᠤᠷ᠎ᠠ ᠰᠦᠰᠦᠲᠠᠢ ᠭᠤᠸᠠᠢ ᠶᠢᠨ ᠬᠤᠶᠠᠷ | ᠬᠦᠯ ᠨᠢ ᠡᠪᠦᠳᠦᠭ ᠢᠶᠠᠷ ᠢᠶᠠᠨ ᠨᠤᠭᠤᠷᠠᠴᠢᠬᠠᠭᠰᠠᠨ ᠪᠠᠶᠢᠵᠦ᠂ | ᠵᠢᠰᠦ ᠦᠵᠡᠭᠳᠡᠮ᠎ᠡ ᠵᠦᠯᠭᠦᠭᠰᠡᠨ ᠱᠠᠯᠠ ᠲᠡᠭᠡᠷ᠎ᠡ ᠪᠠᠨ ︽ᠲᠦᠰ︾ | ᠭᠡᠲᠡᠯ᠎ᠡ ᠰᠦᠭᠦᠳᠦᠭᠡᠳ᠄ ︽ᠪᠢ ᠬᠦᠬᠡᠷᠦᠬᠦᠢ ᠡᠮᠡᠭᠡᠨ ᠳᠡᠭᠡᠨ | ᠤᠰᠤᠯᠳᠠᠵᠠᠢ ᠁︾ ᠬᠡᠮᠡᠨ ᠬᠤᠶᠠᠷ ᠨᠢᠳᠦᠨ ᠠᠴᠠ ᠪᠠᠨ ᠬᠡᠯᠬᠢᠶ᠎ᠡ | ᠨᠢᠯᠪᠦᠰᠦ ᠪᠦᠮᠪᠦᠷᠢᠭᠦᠯᠦᠨᠡ᠃ | | |