ᠠᠷᠪᠠᠨ ᠰᠠᠷ᠎ᠠ ᠶᠢᠨ ᠴᠢᠯᠦᠬᠡ ᠬᠦᠷᠴᠤ ᠢᠷᠡᠬᠦ ᠪᠠᠷ ᠬᠦᠮᠦᠰ | ᠪᠦᠷ ᠪᠠᠶᠠᠷ ᠤᠨ ᠡᠳᠤᠷ ᠢᠶᠠᠨ ᠬᠦᠯᠢᠶᠠᠵᠤ ᠶᠠᠳᠠᠨ ᠪᠠᠶᠢᠬᠤ ᠳᠤ | ᠨᠢᠬᠡ ᠪᠦᠯᠦᠭ ᠺᠠᠳ᠋ᠷ ᠠᠵᠢᠯᠳᠠᠳ ᠰᠠᠭᠤᠭᠠᠯᠢ ᠠᠷᠠᠳ ᠤᠨ ᠡᠳᠤᠷ | ᠲᠤᠳᠤᠮ ᠤᠨ ᠠᠮᠢᠳᠤᠷᠠᠯ ᠤᠨ ᠢᠳᠡᠬᠡᠨ ᠤᠮᠳᠠᠭᠠᠨ ᠤ ᠡᠷᠡᠬᠦᠯ | ᠮᠡᠨᠳᠤ ᠶᠠᠪᠤᠵᠤ ᠰᠠᠭᠤᠬᠤ ᠶᠢ ᠪᠠᠳᠤᠯᠠᠬᠤ ᠶᠢᠨ ᠲᠦᠯᠦᠬᠡ | ᠠᠵᠢᠯ ᠤᠨ ᠪᠠᠶᠢᠷᠢᠨ ᠳᠤ ᠪᠠᠨ ᠴᠢᠷᠮᠠᠶᠢᠨ ᠠᠵᠢᠯᠯᠠᠵᠤ ᠪᠤᠢ᠃ | ᠤᠳᠬᠠᠨᠰᠸᠡ ᠪᠤᠯ ᠮᠠᠨ ᠤ ᠬᠤᠰᠢᠭᠤᠨ ᠤ ᠵᠠᠬ᠎ᠠ | ᠲᠡᠯᠬᠡᠬᠦᠷ ᠤᠨ ᠬᠢᠨᠠᠨ ᠬᠠᠮᠢᠶᠠᠷᠤᠯᠳᠠ ᠶᠢᠨ ᠲᠤᠪᠴᠢᠶᠠᠨ ᠤ | ᠬᠠᠯᠢᠭᠤᠳᠤ ᠰᠠᠯᠪᠤᠷᠢ ᠶᠢᠨ ᠲᠡᠳ᠋ ᠰᠠᠯᠪᠤᠷᠢ ᠶᠢᠨ ᠲᠠᠷᠤᠭ᠎ᠠ | ᠪᠤᠯᠤᠨ᠎ᠠ᠂ ᠲᠡᠷᠠ ᠬᠤᠷᠢ ᠭᠠᠷᠤᠢ ᠵᠢᠯ ᠤᠨ ᠲᠤᠷᠰᠢ ᠠᠵᠢᠯ ᠤᠨ | ᠪᠠᠶᠢᠷᠢᠨ ᠳᠤ ᠪᠠᠨ ᠬᠠᠳᠠᠭᠤᠵᠢᠯᠳᠠᠢ ᠠᠵᠢᠯᠯᠠᠵᠤ ᠤᠯᠠᠨ | ᠠᠷᠪᠢᠨ ᠱᠠᠩᠨᠠᠯ ᠬᠦᠬᠢᠬᠦᠯᠦᠯ ᠢᠶᠠᠷ ᠡᠩᠬᠡᠷ ᠢᠶᠠᠨ | ᠮᠢᠯᠢᠶᠠᠯᠭᠠᠵᠤ ᠢᠷᠡᠭᠰᠡᠨ ᠪᠠᠶᠢᠨ᠎ᠠ᠂ ᠦᠨᠦ ᠵᠢᠯ ᠤᠨ ᠡᠪᠡᠳᠴᠢᠨ | ᠲᠠᠬᠤᠯ ᠤᠨ ᠤᠨᠴᠠᠭᠠᠢ ᠴᠠᠭ ᠲᠤ ᠲᠡᠷᠡ ᠠᠵᠢᠯ ᠳᠤ ᠪᠠᠨ ᠤᠯᠠᠮ | ᠰᠢᠭᠤᠷᠬᠠᠶᠢᠯᠠᠨ᠂ ᠤᠳᠤᠬᠠᠨ ᠪᠤᠯᠬᠤ ᠳᠤ 70 ᠭᠠᠷᠤᠢ ᠵᠠᠰᠠᠭ | ᠵᠠᠬᠢᠷᠭᠠᠨ ᠤ ᠬᠡᠷᠡᠭ ᠵᠠᠷᠭᠤ᠂ ᠬᠠᠤᠯᠢ ᠠᠴᠠ ᠵᠦᠷᠢᠴᠡᠭᠰᠡᠨ | ᠠᠵᠢᠯᠯᠠᠭ᠎ᠠ᠂ ᠪᠠᠷᠢᠮᠵᠢᠶᠠᠨ ᠳᠤ ᠬᠦᠷᠬᠦ ᠦᠬᠡᠢ ᠢᠳᠡᠬᠡᠨ | ᠤᠮᠳᠠᠭᠠᠨ ᠢ ᠢᠯᠡᠴᠢᠯᠡᠨ ᠲᠤᠷᠭᠠᠭᠤᠯᠢ ᠦᠭᠴᠦ᠂ ᠵᠠᠬ᠎ᠠ | ᠲᠡᠯᠬᠡᠬᠦᠷ ᠢ ᠴᠡᠭᠴᠡᠯᠡᠨ ᠵᠠᠰᠠᠬᠤ ᠳᠤ ᠵᠤᠬᠢᠬᠤ | ᠬᠡᠮᠵᠢᠶᠠᠨ ᠤ ᠦᠢᠯᠡᠳᠤᠯ ᠢᠶᠠᠨ ᠭᠠᠷᠭᠠᠵᠤ ᠬᠤᠪᠢ | ᠨᠡᠮᠡᠷᠢ ᠪᠠᠨ ᠦᠵᠡᠬᠦᠯᠦᠭᠰᠡᠨ ᠪᠠᠶᠢᠨ᠎ᠠ᠃ | ᠵᠠᠬ᠎ᠠ ᠲᠡᠯᠬᠡᠬᠦᠷ ᠤᠨ ᠬᠢᠨᠠᠨ ᠬᠠᠮᠢᠶᠠᠷᠤᠯᠳᠠ ᠶᠢᠨ | ᠲᠤᠪᠴᠢᠶᠠᠨ ᠤ ᠬᠠᠯᠢᠭᠤᠳᠤ ᠰᠠᠯᠪᠤᠷᠢ ᠶᠢᠨ ᠲᠡᠳ᠋ ᠲᠠᠷᠤᠭ᠎ᠠ | ᠤᠤᠨᠬᠠᠨᠰᠸᠠ᠄ ︽ᠤᠳᠠᠭ᠎ᠠ ᠪᠤᠯᠭᠠᠨ ᠤ ᠪᠠᠶᠠᠷ ᠲᠤᠷᠠᠰᠬᠠᠯ ᠤᠨ | ᠡᠳᠤᠷ ᠪᠤᠯᠬᠤ ᠳᠤ ᠪᠢᠳ᠋ᠨ ᠵᠠᠬ᠎ᠠ ᠲᠡᠯᠬᠡᠬᠦᠷ ᠤᠨ ᠡᠯ᠎ᠡ | ᠬᠠᠮᠢᠶᠠᠷᠤᠯᠳᠠ ᠶᠢ ᠴᠢᠩᠭ᠎ᠠ ᠪᠠᠷ ᠪᠠᠶᠢᠴᠠᠭᠠᠨ᠎ᠠ᠂ ᠨᠠᠩ | ᠢᠯᠠᠩᠭᠤᠶ᠎ᠠ ᠠᠷᠠᠳ ᠲᠦᠮᠡᠨ ᠤ ᠪᠡᠶ᠎ᠠ ᠰᠡᠳᠬᠢᠯ ᠤᠨ ᠡᠷᠡᠬᠦᠯ | ᠴᠢᠬᠢᠷᠠᠭ ᠲᠤ ᠬᠠᠮᠢᠶᠠᠳᠠᠢ ᠵᠦᠢᠯᠡᠰ ᠢ ᠶᠡᠬᠡᠪᠡᠷ | ᠪᠠᠶᠢᠴᠠᠭᠠᠨ᠎ᠠ᠂ ᠵᠢᠱᠢᠶᠡᠯᠡᠪᠡᠯ ᠢᠳᠡᠬᠡᠨ ᠤᠮᠳᠠᠭᠠᠨ ᠶᠤᠮ ᠤᠤ | ᠵᠠᠷᠤᠵᠤ ᠲᠠᠯᠪᠢᠬᠤ ᠵᠦᠢᠯ᠂ ᠢᠳᠡᠵᠤ ᠤᠤᠭᠤᠵᠤ ᠵᠦᠢᠯᠡᠰ ᠢ | ᠪᠦᠬᠦᠳᠡ ᠶᠢ ᠪᠠᠶᠢᠴᠠᠭᠠᠨ᠎ᠠ᠂ ᠡᠨᠡ ᠬᠤᠶᠠᠷ ᠡᠳᠤᠷ ᠤᠯᠤᠰ ᠤᠨ | ᠪᠠᠶᠠᠷ᠂ ᠨᠠᠢᠮᠠᠨ ᠰᠠᠷ᠎ᠠ ᠶᠢᠨ ᠠᠷᠪᠠᠨ ᠲᠠᠪᠤᠨ ᠵᠡᠷᠬᠡᠴᠡᠭᠰᠡᠨ | ᠪᠤᠯᠬᠤᠷ ᠮᠠᠨᠤᠰ ᠡᠨᠡ ᠲᠤᠬᠠᠢ ᠲᠦᠷᠦᠬᠦᠤ ᠠᠷᠪᠠᠭᠠᠳ ᠡᠳᠤᠷ ᠠᠴᠠ | ᠡᠬᠢᠯᠡᠬᠡᠳ ᠪᠦᠷ ᠪᠠᠶᠢᠴᠠᠭᠠᠯᠳᠠ ᠪᠠᠨ ᠡᠬᠢᠯᠡᠬᠦᠯᠦᠭᠰᠡᠨ᠂ | ᠤᠳᠤ ᠤᠯᠠᠮ ᠴᠢᠩᠭᠠᠳᠬᠠᠵᠤ ᠪᠠᠶᠢᠨ᠎ᠠ᠂ ᠢᠳᠡᠬᠡᠨ ᠤᠮᠳᠠᠭᠠᠨ ᠤ | ᠲᠠᠯ᠎ᠠ ᠪᠠᠷ ᠢᠡᠯᠬᠦᠤ ᠪᠠᠶᠢᠴᠠᠭᠠᠯᠳᠠ ᠬᠢᠵᠤ ᠪᠠᠶᠢᠨ᠎ᠠ︾ | ᠭᠡᠪᠡ᠃ | ᠡᠨᠡ ᠤᠳᠠᠭᠠᠨ ᠤ ᠤᠯᠤᠰ ᠤᠨ ᠪᠠᠶᠠᠷ ᠪᠤᠯᠤᠭᠠᠳ ᠨᠠᠢᠮᠠᠨ | ᠰᠠᠷ᠎ᠠ ᠶᠢᠨ ᠠᠷᠪᠠᠨ ᠲᠠᠪᠤᠨ ᠤ ᠬᠤᠶᠠᠷ ᠪᠠᠶᠠᠷ ᠢᠶᠠᠷ ᠵᠠᠬ᠎ᠠ | ᠲᠡᠯᠬᠡᠬᠦᠷ ᠤᠨ ᠬᠢᠨᠠᠨ ᠬᠠᠮᠢᠶᠠᠷᠤᠯᠳᠠ ᠶᠢᠨ | ᠪᠠᠶᠢᠭᠤᠯᠭ᠎ᠠ ᠶᠢᠨ ᠬᠠᠯᠢᠭᠤᠳᠤ ᠰᠠᠯᠪᠤᠷᠢ ᠨᠢ ᠡᠨᠡ ᠬᠡᠳᠤᠨ | ᠡᠳᠤᠷ ᠤᠨ ᠴᠠᠭ ᠢ ᠠᠰᠢᠭᠯᠠᠭᠠᠳ ᠵᠠᠬ᠎ᠠ ᠲᠡᠯᠬᠡᠬᠦᠷ ᠤᠨ | ᠢᠳᠡᠬᠡᠨ ᠤᠮᠳᠠᠭᠠᠨ ᠤ ᠴᠢᠨᠠᠷ ᠢ ᠪᠠᠳᠤᠯᠠᠵᠤ ᠠᠷᠪᠠᠭᠠᠳ | ᠡᠳᠤᠷ ᠤᠨ ᠡᠮᠤᠨ᠎ᠠ ᠠᠴᠠ ᠡᠬᠢᠯᠡᠬᠡᠳ ᠨᠢᠬᠡᠨᠳᠡ ᠲᠤᠤᠷ | ᠲᠠᠯᠪᠢᠬᠤ ᠮᠠᠶ᠋ᠢᠭ ᠢᠶᠠᠷ ᠪᠠᠶᠢᠴᠠᠭᠠᠯᠳᠠ ᠬᠢᠵᠤ ᠡᠬᠢᠯᠡᠭᠰᠡᠨ | ᠪᠠᠶᠢᠨ᠎ᠠ᠃ ᠤᠶᠢᠷ᠎ᠠ ᠶᠢᠨ ᠡᠳᠤᠷ ᠤᠳ ᠲᠤ ᠤᠤᠨᠬᠠᠨᠰᠸᠠ ᠠᠴᠠ | ᠵᠠᠬ᠎ᠠ ᠲᠡᠯᠬᠡᠬᠦᠷ ᠤᠨ ᠬᠢᠨᠠᠨ ᠬᠠᠮᠢᠶᠠᠷᠤᠯᠳᠠ ᠶᠢᠨ | ᠲᠤᠪᠴᠢᠶᠠᠨ ᠤ ᠬᠠᠮᠳᠤ ᠠᠵᠢᠯᠳᠠᠨ ᠲᠠᠢ ᠪᠠᠨ ᠭᠡᠲᠦ ᠲᠡᠯᠬᠡᠬᠦᠷ | ᠬᠤᠭᠤᠯᠠᠨ ᠬᠡᠷ᠂ ᠬᠤᠪᠢ ᠶᠢᠨ ᠡᠵᠡᠩᠨᠡᠯᠳᠡ ᠶᠢᠨ | ᠲᠡᠯᠬᠡᠬᠦᠷ ᠢᠶᠠᠷ ᠬᠦᠨᠵᠡᠬᠡᠶᠢᠷᠡᠨ ᠲᠤᠬᠠᠢ ᠶᠢᠨ | ᠲᠠᠯᠠᠪᠤᠷ ᠲᠤ ᠢᠳᠡᠬᠡᠨ ᠤᠮᠳᠠᠭᠠᠨ ᠤ ᠠᠷᠢᠭᠤᠨ ᠴᠡᠪᠡᠷ ᠂ | ᠢᠳᠡᠬᠡᠨ ᠤᠮᠳᠠᠭᠠᠨ ᠤ ᠪᠠᠷᠢᠮᠵᠢᠶᠠᠨ ᠳᠤ ᠨᠡᠶᠢᠴᠡᠭᠰᠡᠨ | ᠡᠰᠡᠬᠦ ᠳᠤ ᠨᠠᠷᠢᠨ ᠨᠢᠮᠪᠠᠢ ᠪᠠᠶᠢᠴᠠᠭᠠᠯᠳᠠ ᠬᠢᠵᠤ ᠠᠷᠠᠳ | ᠲᠦᠮᠡᠨ ᠤ ᠠᠮᠠᠷᠠᠯᠳᠠ ᠶᠢᠨ ᠡᠳᠤᠷ ᠤᠨ ᠢᠳᠡᠵᠤ ᠤᠤᠭᠤᠬᠤ | ᠲᠠᠯ᠎ᠠ ᠶᠢᠨ ᠠᠮᠦᠷ ᠲᠦᠪᠰᠢᠨ ᠢ ᠪᠠᠳᠤᠯᠠᠭᠰᠠᠨ ᠪᠠᠶᠢᠨ᠎ᠠ᠃ | ᠡᠳᠡᠬᠡᠷ ᠡᠮᠤᠨ᠎ᠠ ᠹᠷᠤᠨᠲ ᠲᠤ ᠭᠠᠪᠰᠢᠭᠠᠶᠢᠷᠠᠨ | ᠠᠵᠢᠯᠯᠠᠵᠤ ᠪᠠᠶᠢᠭ᠎ᠠ ᠺᠠᠳ᠋ᠷ ᠠᠵᠢᠯᠳᠠᠨ ᠤ ᠰᠢᠷᠭᠠᠭᠤ | ᠴᠢᠷᠮᠠᠶᠢᠯᠭ᠎ᠠ ᠰᠠᠶᠢᠨ ᠦᠢᠯᠡᠴᠢᠯᠡᠭᠡ ᠪᠠᠶᠢᠭᠰᠠᠨ ᠠᠴᠠ | ᠰᠠᠭᠤᠭᠠᠯᠢ ᠠᠷᠠᠳ ᠤᠨ ᠠᠮᠢᠳᠤᠷᠠᠯ ᠤᠯᠠᠮ ᠡᠮᠬᠢ ᠴᠡᠭᠴᠡ ᠲᠠᠢ | ᠠᠵᠠ ᠵᠢᠷᠭᠠᠯ ᠲᠠᠢ ᠪᠤᠯᠵᠤ ᠪᠠᠶᠢᠨ᠎ᠠ᠃ | | |